ᠠᠯᠠᠭ ᠰᠦᠯᠳᠡ
ᠨᠡᠶᠢᠲᠡᠯᠡᠭᠰᠡᠨ ᠴᠠᠭ᠄
2022/11/4
ᠵᠣᠬᠢᠶᠠᠭᠴᠢ᠄  ᠪᠤᠷᠵᠢᠬᠢᠨ ᠰᠤᠶᠤᠯᠴᠡᠩᠬᠡᠯ        ᠡᠷᠳᠡ ᠲᠡᠭᠡᠳᠦ ᠠᠴᠠ ᠦᠪᠯᠡᠵᠦ ᠢᠷᠡᠭᠰᠡᠨ ᠠᠯᠠᠭ ᠰᠦᠯᠳᠡ ᠶᠢᠨ ᠲᠠᠬᠢᠯᠭ᠎ᠠ              ᠡᠨᠡ ᠴᠠᠭ ᠤᠨ ᠮᠠᠯᠴᠢᠨ ᠠᠷᠠᠳ ᠤᠨ ᠡᠷᠬᠦᠵᠦ ᠬᠦᠨᠳᠦᠯᠡᠬᠦ ᠤᠡᠭᠭᠤᠳ              ᠢᠷᠡᠬᠡᠳᠦᠢ ᠶᠢᠨ ᠲᠦᠮᠡᠨ ᠤ ᠰᠠᠬᠢᠵᠦ ᠪᠢᠰᠢᠷᠡᠬᠦ ᠬᠦᠬᠡ ᠰᠤᠳᠤᠷ ᠤᠨ ᠲᠠᠰᠤᠷᠬᠠᠢ              ᠡᠪᠯᠡᠷᠡᠵᠦ ᠶᠠᠪᠤᠬᠤ ᠮᠤᠷᠢᠳᠡᠨ ᠤᠳᠤᠮ ᠤᠨ ᠲᠤᠯᠭ᠎ᠠ ᠶᠢᠨ ᠭᠤᠷᠪᠠᠨ ᠴᠢᠯᠠᠭᠤ        ᠨᠡᠬᠦᠵᠦ ᠪᠠᠭᠤᠳᠠᠭ ᠬᠦᠮᠦᠨ ᠪᠠᠶᠢᠭᠠᠯᠢ ᠶᠢᠨ ᠡᠶ᠎ᠡ ᠵᠤᠬᠢᠴᠠᠯ ᠤᠨ ᠵᠠᠩᠬᠢᠯᠠᠭᠠᠰᠦ              ᠨᠠᠷᠠᠨ ᠬᠡᠷᠡᠯᠳᠦ ᠴᠡᠩᠬᠡᠷ ᠠᠽᠢᠶ᠎ᠠ ᠶᠢᠨ ᠠᠮᠢ ᠤᠷᠤᠰᠢᠬᠤ ᠶᠢᠨ ᠲᠤᠩᠬᠠᠭ              ᠨᠠᠶᠢᠷ ᠬᠠᠶᠢᠷ᠎ᠠ ᠪᠠᠳᠦ ᠤᠷᠤᠰᠢᠬᠤ ᠬᠦᠮᠦᠯᠢᠭ ᠦᠵᠡᠯ ᠤᠨ ᠴᠤᠭ ᠵᠢᠯᠢ              ᠨᠡᠪᠴᠢᠳᠦ ᠲᠡᠯᠡᠬᠡᠢ ᠶᠢᠨ ᠦᠨᠳᠦᠷ ᠨᠢᠷᠤᠭᠤᠨ ᠲᠡᠭᠡᠷ᠎ᠠ ᠮᠦᠡᠭᠬᠡ ᠰᠦᠨᠳᠡᠷᠯᠡᠬᠦ ᠰᠦᠯᠳᠡ        ᠠᠯᠳᠠᠢ ᠬᠠᠨ ᠤ ᠰᠡᠵᠢᠬᠦᠷ ᠤᠷᠬᠢᠯ ᠳᠤ ᠵᠢᠷᠦᠬᠡᠨ ᠰᠢᠳᠦᠬᠡᠨ ᠪᠤᠯᠤᠨ ᠬᠢᠯᠠᠯᠵᠠᠭᠰᠠᠨ              ᠠᠮᠢᠳᠠᠨ ᠲᠦᠮᠡᠨ ᠢ ᠠᠪᠤᠷᠠᠨ ᠢᠪᠡᠬᠡᠭᠴᠢ ᠠᠯᠠᠭ ᠰᠦᠯᠳᠡ ᠶᠢᠨ ᠬᠡᠬᠡᠨ              ᠠᠭᠤᠦ ᠲᠠᠬᠢᠯᠭ᠎ᠠ ᠶᠢᠨ ᠠᠷᠢᠭᠤᠨ ᠮᠦᠴᠡ ᠪᠠᠷ ᠨᠠᠢᠮᠠᠨ ᠵᠦᠭ ᠠᠴᠠ ᠬᠤᠷᠠᠭᠠᠳ              ᠠᠮᠳᠠ ᠶᠢᠨ ᠤᠬᠢ ᠠᠮᠪᠠᠨ ᠰᠢᠬᠦᠰᠦ ᠪᠠᠶᠠᠨ ᠡᠯᠪᠡᠭ ᠢ ᠭᠠᠶᠢᠬᠠᠭᠤᠯᠤᠨ᠎ᠠ                ᠠᠭᠤᠯᠠᠰ ᠤᠨ ᠵᠤᠯᠠᠢ ᠪᠠᠷ ᠡᠬᠦᠯᠡᠰ ᠬᠦᠭᠯᠡᠷᠡᠨ ᠪᠤᠷᠤᠭᠠᠨ ᠤ ᠤᠨᠢᠶᠠᠷ ᠲᠠᠳᠠᠬᠤ ᠳᠤ              ᠠᠭᠤᠳᠠᠮ ᠭᠤᠪᠢ ᠶᠢᠨ ᠰᠡᠷᠢᠬᠦᠨ ᠰᠠᠯᠬᠢ ᠰᠡᠮᠡᠷᠡᠨ ᠦᠨᠦᠰᠬᠦ ᠨᠢ ᠲᠠᠭᠠᠳᠠᠶᠢᠬᠠᠨ              ᠠᠬᠢ ᠬᠢᠯᠠᠭᠠᠨ᠎ᠠ ᠶᠢᠨ ᠲᠠᠩᠰᠤᠭ ᠦᠨᠦᠷ ᠦᠷᠬᠡᠨ ᠬᠦᠨᠳᠡᠢ ᠠᠴᠠ ᠬᠠᠨᠭ᠍ᠬᠤᠯᠤᠭᠠᠳ              ᠠᠶᠢᠯ ᠤᠨ ᠲᠤᠭᠤᠨᠦ ᠪᠠᠷ ᠠᠷᠭᠠᠯ ᠤᠨ ᠤᠳᠤᠭ᠎ᠠ ᠦᠨᠳᠦᠷ ᠲᠡᠭᠷᠢ ᠶᠢ ᠪᠠᠭᠠᠨᠠᠳᠠᠨ᠎ᠠ                ᠦᠷ ᠢᠶᠠᠷ ᠡᠷᠳᠡᠯᠡᠭᠰᠡᠨ ᠦᠬᠢᠳ ᠪᠡᠷᠢᠶᠡᠳ ᠦᠨᠢᠶᠡᠨ ᠵᠡᠯᠡᠨ ᠲᠡᠭᠡᠷ᠎ᠠ ᠶᠠᠭᠠᠷᠠᠭᠠᠳ              ᠡᠪᠦᠬᠡᠨ ᠬᠦᠭᠰᠢᠨ ᠶᠠᠩᠵᠤᠯᠠᠨ ᠬᠤᠪᠴᠠᠯᠠᠭᠠᠳ ᠤᠤᠯ ᠠᠴᠠ ᠪᠠᠨ ᠶᠠᠭᠠᠷᠠᠯᠳᠡᠢ ᠬᠠᠷᠠᠭᠳᠠᠨ᠎ᠠ          ᠤᠰᠤᠨ ᠵᠢᠷᠤᠭ᠎ᠠ ᠬᠤᠷᠳᠤᠨ ᠲᠠᠪᠬᠢᠭ᠎ᠠ ᠤᠶᠠᠭᠠᠨ ᠲᠡᠭᠡᠷ᠎ᠠ ᠴᠢᠮᠡᠭ ᠪᠤᠯᠤᠨ ᠲᠠᠪᠬᠡᠴᠡᠵᠦ              ᠦᠶ᠎ᠠ ᠶᠢᠨ ᠵᠠᠯᠠᠭᠤᠰ ᠪᠦᠬᠡ ᠶᠢᠨ ᠮᠡᠭᠡ ᠪᠠᠷ ᠲᠠᠮᠢᠷ ᠰᠢᠯᠭᠠᠵᠦ ᠮᠤᠩᠬᠢᠨᠡᠨ᠎ᠠ                ᠬᠤᠷᠳᠤᠨ ᠮᠤᠷᠢᠳ ᠬᠠᠷᠠᠭᠠᠨ ᠦᠵᠦᠬᠦᠷ ᠲᠤᠭᠤᠰᠦ ᠪᠤᠳᠠᠷᠠᠭᠠᠨ ᠰᠤᠮᠤᠳᠠᠬᠤ ᠳᠤ              ᠬᠤᠷᠮᠤᠢ ᠰᠢᠭᠤᠭᠰᠠᠨ ᠤᠶᠠᠭᠠᠴᠢ ᠡᠪᠦᠬᠡᠳ ᠰᠠᠭᠤᠵᠦ ᠲᠤᠭᠳᠠᠬᠤ ᠦᠬᠡᠢ ᠤᠪᠤᠯᠵᠠᠭᠠᠳ              ᠬᠦᠷᠳᠦᠨ ᠵᠢᠷᠤᠭ᠎ᠠ ᠤᠯᠠᠨ ᠢ ᠱᠠᠭᠰᠢᠭᠤᠯᠤᠨ ᠦᠵᠦᠬᠦᠷ ᠲᠡᠷᠢᠬᠦᠨ ᠳᠤ ᠭᠠᠷᠬᠤ ᠳᠤ              ᠬᠦᠮᠦᠰ ᠤᠨ ᠨᠢᠳᠤᠨ ᠠᠴᠠ ᠪᠢᠰᠢᠷᠡᠵᠦ ᠲᠤᠭᠤᠭᠰᠠᠨ ᠬᠠᠶᠢᠷ᠎ᠠ ᠶᠢᠨ ᠤᠴᠢ ᠪᠠᠳᠠᠷᠠᠨ᠎ᠠ                ᠮᠦᠷᠬᠦᠯᠴᠢᠨ ᠲᠦᠮᠡᠨ ᠦᠨᠡᠨ ᠰᠦᠰᠦᠭ ᠢᠶᠠᠷ ᠶᠠᠭᠤ ᠰᠠᠨᠠᠭᠰᠠᠨ ᠢᠶᠠᠨ ᠲᠠᠭᠠᠳᠬᠠᠵᠦ              ᠮᠡᠨᠳᠦ ᠶᠢᠨ ᠬᠠᠳᠠᠭ ᠢᠶᠠᠷ ᠰᠠᠶᠢᠨ ᠤ ᠵᠦᠭ ᠠᠴᠠ ᠪᠤᠶᠠᠨ ᠬᠡᠰᠢᠭ ᠬᠤᠷᠦ᠋ᠢᠯᠠᠭᠠᠳ              ᠮᠦᠷᠦᠬᠡᠳᠦᠯ ᠳᠤ ᠨᠠᠭᠠᠳᠤᠮ ᠤᠨ ᠵᠤᠭ᠎ᠠ ᠲᠠᠢ ᠴᠠᠭ ᠢ ᠨᠠᠶᠢᠷ ᠤᠨ ᠲᠠᠭᠠᠭᠠᠮᠠᠯ ᠲᠤᠩᠬᠠᠭᠯᠠᠵᠦ          ᠮᠠᠭᠰᠢᠬᠤ ᠪᠦᠬᠡ ᠵᠠᠩᠭ᠎ᠠ ᠰᠠᠭᠰᠠᠯᠵᠠᠭᠤᠯᠤᠨ ᠲᠠᠪᠢᠵᠦ ᠭᠠᠷᠬᠤ ᠳᠤ ᠪᠡᠯᠡᠬᠡᠨ                ᠡᠷᠡᠬᠡᠢ ᠮᠡᠷᠬᠡᠨ ᠨᠤᠮᠦ ᠵᠢᠭᠠᠵᠦ ᠰᠠᠷᠠᠨ ᠫᠠᠢ ᠤᠨᠢᠯᠠᠬᠤ ᠳᠤ              ᠡᠷᠬᠡᠯᠡᠭᠰᠡᠨ ᠦᠬᠢᠳ ᠤᠨ ᠪᠤᠳᠤᠭᠤᠨ ᠨᠢᠳᠦ ᠦᠬᠡ ᠬᠡᠯᠡᠳᠡᠭ ᠨᠢ ᠬᠠᠷᠠᠭᠳᠠᠨ᠎ᠠ              ᠡᠷᠳᠡᠨᠢᠳᠦ ᠴᠤᠭᠴᠠᠰ ᠤᠨ ᠡᠷᠬᠢᠮ ᠰᠢᠳᠦᠬᠡᠨ ᠠᠯᠠᠭ ᠰᠦᠯᠳᠡ ᠶᠢᠨ ᠨᠠᠶᠢᠷ              ᠡᠬᠡ ᠲᠡᠯᠡᠬᠡᠢ ᠶᠢᠨ ᠲᠤᠷᠭᠠᠨ ᠡᠯᠢᠬᠡᠨ ᠲᠡᠭᠡᠷ᠎ᠠ ᠨᠠᠶᠢᠷᠠᠭ ᠤᠨ ᠪᠤᠷᠤᠭᠠᠨ ᠴᠢᠳᠬᠤᠯᠠᠨ᠎ᠠ                ᠤᠳᠤᠮ ᠶᠠᠰᠤᠳᠠᠨ ᠤ ᠤᠭᠰᠠᠭ᠎ᠠ ᠲᠠᠮᠵᠢᠬᠰᠠᠨ ᠠᠯᠠᠭ ᠰᠦᠯᠳᠡ ᠰᠢᠳᠦᠬᠡᠨ ᠮᠢᠨᠦ              ᠤᠨᠳᠠᠷᠠᠵᠦ ᠪᠤᠯᠤᠰᠢ ᠦᠬᠡᠢ ᠬᠦᠬᠡ ᠲᠦᠯᠦ ᠶᠢᠨ ᠦᠨᠡᠰᠦᠨ ᠳᠤ ᠮᠠᠨᠠᠭᠰᠠᠨ ᠴᠤᠭ ᠮᠢᠨᠦ              ᠦᠶ᠎ᠠ ᠶᠢᠨ ᠦᠶ᠎ᠠ ᠮᠦᠡᠭᠬᠡ ᠤᠷᠤᠰᠢᠬᠤ ᠤᠬᠠᠭᠠᠨ ᠤ ᠪᠠᠳᠦ ᠶᠤᠰᠦ ᠮᠢᠨᠦ              ᠦᠨᠡᠨ ᠤ ᠬᠤᠷᠸ᠎ᠠ ᠶᠢ ᠡᠩᠬᠡ ᠰᠠᠬᠢᠭᠰᠠᠨ ᠲᠡᠭᠷᠢᠯᠢᠭ ᠪᠤᠰᠤᠭ᠎ᠠ ᠬᠡᠶᠢᠮᠤᠷᠢ ᠮᠢᠨᠦ           ᠪᠤᠷᠵᠢᠬᠢᠨ ᠰᠤᠶᠤᠯᠴᠡᠩᠬᠡᠯ᠄      ᠦᠥᠰᠢᠨ ᠬᠤᠰᠢᠭᠤᠨ ᠤ ᠦᠦᠰᠢᠨᠵᠦᠦ ᠪᠠᠯᠭᠠᠰᠤᠨ ᠤ ᠴᠠᠭᠠᠨᠰᠦ᠋ᠮ᠎ᠠ ᠭᠠᠴᠠᠭᠠᠨ ᠳᠤ ᠨᠤᠲᠤᠭ ᠲᠠᠢ᠃ ᠤᠷᠳᠤᠰ ᠬᠤᠳᠡ ᠶᠢᠨ ᠵᠤᠬᠢᠶᠠᠯᠴᠢᠳ ᠤᠨ ᠡᠪᠯᠡᠯ ᠤᠨ ᠬᠡᠰᠢᠬᠦᠨ᠂ ᠮᠠᠯᠴᠢᠨ ᠢᠷᠠᠭᠤ ᠨᠠᠶᠢᠷᠠᠭᠴᠢ᠃ 
ᠢᠷᠡᠯᠲᠡ᠄ ᠣᠷᠳᠣᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ