ᠨᠠᠯᠠᠭᠠᠷ ᠬᠦᠳᠡᠭᠡ ᠨᠣᠲᠤᠭ
ᠨᠡᠶᠢᠲᠡᠯᠡᠭᠰᠡᠨ ᠴᠠᠭ᠄
2022/10/28
                                                     ○ ᠨᠠ᠊ · ᠵᠢᠷᠭᠠᠯ        ᠬᠠᠷᠠᠭᠠᠨᠠᠲᠤ ᠶᠢᠨ ᠠᠭᠤᠳᠠᠮ ᠲᠠᠯ᠎ᠠ ᠨᠢ        ᠬᠠᠩᠪᠤ ᠲᠤᠷᠭᠠᠨ ᠪᠡᠯᠴᠢᠭᠡᠷ ᠯᠠ ᠪᠠᠶᠢᠨ᠎ᠠ       ᠬᠠᠨ ᠰᠠᠶᠢᠬᠠᠨ ᠲᠦᠰᠢᠭ ᠠᠭᠤᠯᠠᠰ ᠨᠢ        ᠬᠠᠯᠠᠭᠤᠨ ᠬᠠᠶᠢᠷ᠎ᠠ ᠶᠢᠨ ᠬᠤᠷᠤᠢ ᠪᠠᠶᠢᠨ᠎ᠠ        ᠤᠩᠭᠤᠨ ᠮᠣᠳᠤ ᠶᠢᠨ ᠰᠢᠮᠡᠯᠢᠭ ᠬᠦᠷᠦᠰᠦ ᠨᠢ        ᠣᠣ ᠮᠦᠷᠡᠨ ᠲᠠᠢ ᠪᠠᠨ ᠵᠢᠷᠤᠭᠯᠠᠭᠠᠳ ᠪᠠᠶᠢᠨ᠎ᠠ        ᠣᠪᠣᠭ᠎ᠠ ᠶᠢᠨ ᠰᠦᠷᠯᠢᠭ ᠦᠵᠡᠮᠵᠢᠲᠦ ᠪᠠᠷ᠎ᠠ ᠨᠢ        ᠤᠤᠭᠠᠯ ᠰᠦᠮ᠎ᠡ ᠲᠠᠢ ᠪᠠᠨ ᠠᠮᠢᠯᠠᠭᠠᠳ ᠪᠠᠶᠢᠨ᠎ᠠ        ᠠᠵᠢᠯᠴᠢ ᠪᠣᠭᠤᠷᠣᠯ ᠡᠪᠦᠭᠡᠳ ᠤᠨ ᠮᠢᠨᠢ        ᠠᠷᠢᠭᠤᠨ ᠬᠦᠳᠡᠯᠮᠦᠷᠢ ᠶᠢᠨ ᠪᠠᠭ᠋ᠠᠷᠬᠠᠯ        ᠤᠵᠤᠭᠤᠷ ᠬᠦᠬᠡ ᠠᠵᠢᠷᠭ᠎ᠠ ᠶᠢᠨ ᠠᠭᠤᠯᠠ ᠨᠢ        ᠤᠷᠢᠳᠤ ᠪᠤᠭᠳᠠ ᠶᠢᠨ ᠳᠤᠮᠤᠭ ᠢ ᠬᠦᠤᠷᠨᠢᠭᠰᠡᠭᠡᠷ        ᠤᠳᠤᠮ ᠤᠯᠠᠷᠢᠭᠰᠠᠨ ᠤᠷᠳᠤᠨ ᠪᠠᠭᠤᠴᠠ ᠨᠢ        ᠣᠴᠢᠷᠯᠠᠬᠤ ᠲᠡᠤᠬᠡ ᠶᠢ ᠪᠠᠨ ᠲᠤᠭᠠᠴᠢᠭᠰᠠᠭᠠᠷ        ᠡᠭᠦᠯᠡᠨ ᠬᠦᠬᠡ ᠶᠢᠨ ᠨᠤᠲᠤᠭ ᠮᠢᠨᠢ        ᠤᠷᠲᠤ ᠶᠢᠨ ᠳᠠᠭᠤᠤ ᠨᠢ ᠬᠠᠩᠭᠢᠨᠠᠨ᠎ᠠ        ᠡᠷᠲᠡᠨ ᠤ ᠤᠯᠠᠨ ᠲᠤᠤᠯᠢ ᠳᠤᠮᠤᠭ ᠨᠢ        ᠡᠷᠳᠡᠮ ᠰᠤᠶᠤᠯ ᠢ ᠰᠤᠶᠤᠷᠬᠠᠨ ᠪᠠᠶᠢᠨ᠎ᠠ        ᠡᠭᠡᠯᠢᠲᠦ ᠬᠤᠶᠢᠴᠢ ᠦᠷᠡᠰ ᠲᠤ ᠪᠠᠨ        ᠦᠨᠢᠷ ᠵᠢᠷᠭᠠᠯ ᠢ ᠨᠢ ᠢᠪᠡᠭᠡᠭᠰᠡᠭᠡᠷ             ᠨᠠᠮᠤᠷ ᠤᠨ ᠠᠶᠠᠯᠭᠤᠨ               ᠠᠭᠠᠷ ᠲᠤ ᠪᠠᠨ ᠵᠡᠯᠡᠯᠡᠬᠦ ᠭᠠᠯᠠᠭᠤᠳ ᠨᠢ ᠬᠠᠶᠢᠷ᠎ᠠ ᠶᠢᠨ ᠳᠠᠭᠤᠤ ᠪᠠᠷ ᠭᠠᠩᠭᠠᠨᠠᠯᠳᠤᠭᠠᠳ        ᠠᠯᠤᠰ ᠲᠤ ᠪᠠᠨ ᠴᠤᠪᠤᠷᠠᠬᠤ ᠰᠢᠪᠠᠭᠤᠳ ᠨᠢ ᠨᠠᠭᠤᠷ ᠤᠨ ᠤᠰᠤᠨ ᠳᠤ ᠡᠭᠡᠨᠡᠭᠰᠢᠯᠳᠦᠭᠡᠳ        ᠠᠷᠤ ᠨᠤᠲᠤᠭ ᠲᠤ ᠪᠠᠨ ᠰᠡᠳᠬᠢᠯ ᠬᠤᠷᠭᠤᠳᠠᠨ ᠤᠶᠠᠷᠠᠨ ᠤᠶᠠᠷᠠᠨ ᠤᠷᠲᠤᠬᠠᠨ ᠡᠷᠭᠢᠴᠡᠵᠦ        ᠠᠩᠭ᠎ᠠ ᠵᠤᠯᠵᠠᠭ᠎ᠠ ᠲᠠᠢ ᠪᠠᠨ ᠨᠠᠷᠠ ᠶᠢ ᠴᠢᠭᠯᠡᠭᠡᠳ ᠬᠠᠯᠠᠭᠤᠨ ᠨᠦᠮᠦᠷᠢ ᠲᠤ ᠪᠠᠨ ᠪᠤᠴᠠᠨ᠎ᠠ        ᠨᠠᠮᠤᠷ ᠤᠨ ᠦᠩᠭᠡ ᠨᠢ ᠰᠢᠷᠭᠠᠯᠳᠤᠭᠠᠳ ᠯᠠ ᠪᠠᠶᠢᠨ᠎ᠠ        ᠨᠠᠪᠴᠢ ᠤᠷᠭᠤᠮᠠᠯ ᠨᠢ ᠪᠤᠭᠤᠷᠤᠯᠳᠤᠭᠠᠳ ᠯᠠ ᠪᠠᠶᠢᠨ᠎ᠠ        ᠠᠭᠤᠯᠠᠰ ᠤᠨ ᠴᠡᠩᠬᠡᠷ ᠵᠡᠷᠭᠡᠯᠭᠡᠨ ᠨᠢ ᠬᠤᠯᠠ ᠶᠢᠨ ᠪᠠᠷ᠎ᠠ ᠳᠤ ᠰᠡᠭᠦᠳᠡᠩᠨᠡᠨ ᠪᠦᠷᠲᠦᠯᠵᠡᠭᠡᠳ        ᠠᠳᠤᠭᠤᠨ ᠰᠦᠷᠦᠭ ᠮᠢᠨᠢ ᠰᠠᠯᠬᠢ ᠦᠨᠦᠷᠯᠡᠨ ᠲᠠᠩᠰᠤᠭ ᠪᠡᠯᠴᠢᠭᠡᠷ ᠲᠤ ᠪᠠᠨ ᠳᠠᠪᠬᠢᠯᠳᠤᠭᠠᠳ        ᠠᠶᠢᠷᠠᠭ ᠴᠠᠭ᠎ᠠ ᠶᠢᠨ ᠱᠠᠩᠳᠠᠭᠤᠨ ᠦᠨᠦᠷ ᠨᠢ ᠪᠠᠭᠤᠴᠠ ᠪᠠᠨ ᠪᠠᠶᠠᠰᠬᠠᠨ ᠰᠡᠩᠭᠢ ᠲᠠᠲᠠᠵᠤ        ᠠᠵᠢᠯᠴᠢ ᠮᠠᠯᠴᠢᠳ ᠤᠨ ᠠᠷᠢᠭᠤᠨ ᠬᠦᠳᠡᠯᠮᠦᠷᠢ ᠪᠠᠷ ᠦᠬᠡᠷ ᠬᠤᠨᠢᠳ ᠨᠢ ᠦᠨᠢᠷ ᠦᠰᠦᠨ᠎ᠡ        ᠨᠠᠮᠤᠷᠵᠢᠶ᠎ᠠ ᠶᠢᠨ ᠡᠭᠦᠯᠡᠰ ᠨᠢ ᠨᠡᠭᠦᠳᠡᠯᠯᠡᠬᠡᠳ ᠯᠠ ᠪᠠᠶᠢᠨ᠎ᠠ        ᠨᠠᠷᠠᠯᠠᠭ ᠬᠤᠷᠸ᠎ᠠ ᠳᠤ ᠪᠠᠨ ᠠᠮᠤᠭᠤᠯᠠᠩᠬᠠᠨ ᠯᠠ ᠪᠠᠶᠢᠨ᠎ᠠ               ᠬᠠᠳᠤᠯᠠᠩ ᠤᠨ ᠪᠠᠭ᠋ᠠᠳᠤᠯ               ᠬᠠᠳᠤᠯᠠᠩ ᠤᠨ ᠴᠠᠭ ᠨᠢ ᠬᠦᠷᠦᠭᠡᠳ ᠢᠷᠡᠯ᠎ᠡ        ᠬᠠᠮᠤᠭ ᠪᠦᠬᠦᠨ ᠤ ᠰᠢᠮ᠎ᠡ ᠨᠢ ᠳᠦᠭᠦᠷᠡᠯ᠎ᠡ        ᠬᠠᠮᠤᠭᠰᠠᠨ ᠡᠪᠡᠰᠦ ᠨᠢ ᠱᠠᠭᠰᠢᠭᠠᠳ ᠪᠠᠶᠢᠨ᠎ᠠ        ᠬᠠᠯᠠᠭᠤᠨ ᠬᠦᠯᠦᠰᠦ ᠮᠢᠨᠢ ᠳᠤᠰᠤᠯᠠᠭᠠᠳ ᠪᠠᠶᠢᠨ᠎ᠠ               ᠨᠠᠯᠠᠭᠠᠷ ᠬᠦᠳᠡᠭᠡ ᠶᠢᠨ ᠲᠤᠰᠤᠨ ᠰᠠᠯᠬᠢ ᠪᠠᠷ        ᠨᠠᠮᠤᠷᠵᠢᠶ᠎ᠠ ᠵᠦᠭ ᠢᠶᠠᠨ ᠨᠡᠭᠦᠳᠡᠯ ᠴᠦᠷᠬᠡᠯᠡᠨ᠎ᠡ        ᠨᠠᠰᠤᠲᠠᠨ ᠵᠠᠯᠠᠭᠤᠰ ᠤᠨ ᠮᠠᠩᠨᠠᠢ ᠲᠡᠨᠢᠢᠵᠦ        ᠨᠠᠷᠠᠨ ᠵᠦᠭ ᠲᠤ ᠪᠠᠨ ᠰᠠᠴᠤᠯᠢ ᠡᠷᠭᠦᠨ᠎ᠡ               ᠬᠠᠭᠰᠠᠷᠭᠠᠨ ᠭᠠᠴᠢᠭ ᠢ ᠲᠤᠭᠤᠯᠤᠭᠠᠳ ᠭᠠᠷᠪᠠᠯ        ᠬᠠᠪᠤᠷ ᠤᠨ ᠤᠷᠢᠨ ᠲᠠᠢ ᠵᠤᠯᠭᠠᠭᠠᠳ ᠨᠠᠷᠭᠢᠨ᠎ᠠ        ᠬᠠᠭᠳᠠ ᠶᠢᠨ ᠵᠦᠯᠭᠡ ᠨᠤᠭᠤᠭᠠᠷᠠᠬᠤ ᠶᠢᠨ ᠦᠶ᠎ᠡ        ᠬᠠᠨᠠᠭᠠᠷ ᠲᠠᠯ᠎ᠠ ᠪᠠᠨ ᠰᠦᠷᠦᠭ ᠢᠶᠠᠷ ᠪᠠᠶ᠋ᠰᠬᠠᠨ᠎ᠠ               ᠳᠦᠷᠪᠡᠨ ᠴᠠᠭ ᠤᠨ ᠮᠠᠯᠴᠢᠨ ᠤ ᠠᠮᠢᠳᠤᠷᠠᠯ        ᠲᠡᠤᠬᠡ ᠶᠢᠨ ᠵᠢᠮ᠎ᠡ ᠪᠠᠷ ᠭᠠᠯ ᠢᠶᠠᠨ ᠮᠠᠨᠠᠨ᠎ᠠ        ᠲᠡᠭᠷᠢ ᠭᠠᠵᠠᠷ ᠤᠨ ᠢᠪᠡᠭᠡᠯ ᠳᠤ ᠵᠢᠷᠭᠠᠵᠦ        ᠳᠡᠯᠭᠡᠷᠡᠬᠦ ᠤᠯᠠᠷᠢᠯ ᠤᠨ ᠪᠤᠱᠤᠭ᠎ᠠ ᠮᠢᠯᠢᠶᠠᠨ᠎ᠠ               ᠬᠤᠤᠰ ᠦᠭᠡᠢ ᠪᠠᠷᠢᠯᠳᠤᠭᠠᠨᠲᠦ ᠮᠤᠩᠭᠤᠯ ᠪᠦᠬᠡ               ᠨᠠᠶᠢᠷ ᠤᠨ ᠤᠯᠠᠨ ᠢ ᠪᠠᠶᠠᠰᠬᠠᠭᠠᠳ ᠪᠠᠶᠢᠳᠠᠭ       ᠨᠠᠷᠭᠢᠮ᠎ᠠ ᠵᠠᠯᠠᠭᠤ ᠬᠦᠴᠦᠲᠦ ᠪᠦᠬᠡ ᠮᠢᠨᠢ        ᠨᠠᠢᠮᠠᠨ ᠵᠦᠭ ᠲᠤ ᠭᠢᠯᠠᠯᠵᠠᠭᠠᠳ ᠪᠠᠶᠢᠳᠠᠭ        ᠨᠠᠷᠮᠠᠢ ᠲᠦᠮᠡᠨ ᠤ ᠪᠠᠭ᠋ᠠᠷᠬᠠᠯᠲᠦ ᠪᠦᠬᠡ ᠮᠢᠨᠢ        ᠳᠡᠪᠢᠭᠡᠳ ᠮᠠᠭᠰᠢᠬᠤ ᠰᠦᠷ ᠲᠤ ᠨᠢ        ᠳᠡᠯᠡᠬᠡᠢ ᠮᠦᠰᠢᠶᠡᠳᠡᠭ ᠪᠦᠬᠡ ᠮᠢᠨᠢ        ᠬᠤᠷᠠᠭᠰᠠᠨ ᠤᠯᠠᠨ ᠢ ᠬᠦᠭᠵᠢᠭᠡᠭᠡᠳ ᠪᠠᠶᠢᠳᠠᠭ        ᠬᠤᠩᠭᠤᠷ ᠰᠠᠶᠢᠬᠠᠨ ᠵᠢᠪᠬᠤᠭᠠᠲᠤ ᠪᠦᠬᠡ ᠮᠢᠨᠢ       ᠬᠤᠲᠠᠯᠠ ᠲᠦᠮᠡᠨ ᠢ ᠱᠠᠭᠰᠢᠭᠤᠯᠤᠭᠠᠳ ᠪᠠᠶᠢᠳᠠᠭ        ᠬᠤᠤᠰ ᠦᠭᠡᠢ ᠪᠠᠷᠢᠯᠳᠤᠭᠠᠨᠲᠦ ᠪᠦᠬᠡ ᠮᠢᠨᠢ        ᠡᠷᠬᠢᠮ ᠶᠤᠰᠤᠷᠬᠠᠭ ᠤᠬᠠᠭᠠᠨ ᠳᠤ ᠨᠢ        ᠡᠭᠡᠯᠢᠲᠦ ᠨᠠᠷᠠ ᠳᠤᠯᠠᠶᠢᠳᠠᠭ ᠪᠦᠬᠡ ᠮᠢᠨᠢ        ᠤᠷᠢᠳᠦ ᠶᠢᠨ ᠳᠤᠮᠤᠭ ᠢ ᠬᠦᠤᠷᠨᠢᠭᠦᠯᠬᠦ        ᠤᠳᠤᠮ ᠤᠨ ᠰᠢᠨᠳᠠᠰᠤᠲᠤ ᠪᠦᠬᠡ ᠮᠢᠨᠢ        ᠣᠨ ᠵᠠᠭᠤᠨ ᠳᠤ ᠪᠠᠨ ᠳᠠᠭᠤᠷᠢᠰᠤᠯ ᠲᠠᠢ        ᠤᠳᠤ ᠲᠠᠢ ᠪᠠᠷᠢᠯᠳᠤᠬᠤ ᠪᠦᠬᠡ ᠮᠢᠨᠢ ᠬᠦᠢ        ᠬᠦᠷᠦᠭᠰᠡᠨ ᠭᠠᠵᠠᠷ ᠪᠦᠬᠦᠨ ᠳᠤ ᠪᠠᠨ        ᠬᠦᠮᠦᠨ ᠮᠦᠰᠦ ᠪᠠᠷ ᠨᠠᠷᠭᠢᠭᠤᠯᠳᠠᠭ        ᠬᠦᠨᠳᠦᠳᠬᠡᠯ ᠪᠢᠰᠢᠷᠡᠯ ᠤᠨ ᠤᠤᠬᠠᠢ ᠲᠠᠢ        ᠬᠡᠢ ᠮᠤᠷᠢ ᠪᠤᠰᠤᠭ᠎ᠠ ᠪᠦᠬᠡ ᠮᠢᠨᠢ              ᠡᠷᠬᠢᠮ ᠳᠡᠭᠡᠳᠦ ᠰᠤᠷᠭᠠᠯ               ᠲᠡᠭᠷᠢ ᠶᠢᠨ ᠴᠡᠭᠡᠯ ᠢᠶᠠᠷ ᠤᠶᠠᠩᠭᠠᠷᠠᠬᠤ ᠮᠢᠨᠤ ᠮᠤᠩᠭᠤᠯ ᠬᠡᠯᠡ        ᠲᠠᠯ᠎ᠠ ᠶᠢᠨ ᠠᠭᠤᠳᠠᠮ ᠢᠶᠠᠷ ᠬᠠᠩᠭᠢᠨᠠᠬᠤ ᠮᠢᠨᠤ ᠡᠬᠡ ᠡᠭᠡᠰᠢᠭ        ᠲᠠᠪᠤᠨ ᠲᠢᠪ ᠢᠶᠠᠷ ᠳᠠᠭᠤᠷᠢᠰᠬᠤ ᠠᠭᠤᠤ ᠲᠡᠤᠬᠡ ᠶᠢᠨ ᠭᠢᠯᠪᠠᠭ᠎ᠠ        ᠲᠠᠩᠰᠤᠭ ᠪᠠᠶᠠᠨ ᠢᠶᠠᠷ ᠱᠠᠭᠰᠢᠭᠳᠠᠬᠤ ᠰᠠᠶ᠎ᠠ ᠦᠭᠡᠰ ᠤᠨ ᠰᠠᠩ        ᠨᠠᠷᠠᠨ ᠤ ᠢᠯᠴᠢ ᠳᠤ ᠳᠤᠯᠠᠶᠢᠬᠤ ᠷᠦᠮᠡᠨ ᠹᠠᠵᠠᠷ ᠤᠨ ᠪᠠᠷ᠎ᠠ        ᠨᠠᠯᠠᠭᠠᠷ ᠤᠯᠠᠷᠢᠯ ᠡᠭᠦᠷᠢ ᠣᠷᠣᠰᠢᠬᠤ ᠪᠣᠮᠠᠨ ᠣᠨ ᠤ ᠰᠠᠭᠤᠤ        ᠨᠠᠢᠮᠠᠨ ᠵᠤᠪᠬᠢᠰ ᠲᠤ ᠭᠢᠯᠠᠯᠵᠠᠬᠤ ᠪᠠᠯᠠᠷᠠᠰᠢ ᠦᠭᠡᠢ ᠦᠢᠯᠡᠰ       ᠨᠷᠮᠠᠢ ᠲᠦᠮᠡᠨ ᠳᠤ ᠬᠠᠳᠠᠩᠰᠢᠬᠤ ᠡᠪ ᠪᠣᠯᠪᠠᠰᠤᠨ ᠤ ᠬᠦᠰᠢᠶ᠎ᠡ        ᠤᠯᠠᠮᠵᠢᠯᠠᠵᠤ ᠢᠷᠡᠭᠰᠡᠨ ᠤᠵᠤᠭᠤᠷ ᠰᠤᠶᠤᠯ ᠤᠨ ᠡᠷᠴᠢᠮ ᠬᠦᠴᠦ        ᠤᠷᠬᠢᠵᠤ ᠪᠣᠯᠤᠰᠢ ᠦᠭᠡᠢ ᠭᠦᠮᠦᠨ ᠮᠦᠰᠦ ᠶᠢᠨ ᠦᠨᠡᠲᠦ ᠦᠪ        ᠤᠳᠤᠮ ᠵᠠᠯᠭᠠᠭᠰᠠᠨ ᠶᠤᠰᠤ ᠰᠤᠷᠲᠠᠬᠤᠨ ᠤᠢ ᠤᠬᠠᠭᠠᠨ ᠤ ᠵᠤᠯᠠ        ᠤᠭᠤᠷᠴᠤ ᠪᠣᠯᠣᠰᠢ ᠦᠭᠡᠢ ᠬᠦᠮᠦᠵᠢᠯ ᠡᠷᠬᠢᠮ ᠳᠡᠭᠡᠳᠦ ᠰᠤᠷᠭᠠᠯ               ᠠᠳᠤᠭᠤᠨ ᠤ ᠠᠨᠢᠷᠯᠠᠯ               ᠦᠤᠷ ᠢᠶᠠᠷ ᠵᠢᠵᠢᠭᠢᠨᠡᠬᠦ ᠰᠢᠪᠠᠭᠤᠳ ᠤᠨ ᠳᠠᠭᠤᠨ        ᠦᠶᠦᠭ ᠨᠠᠮᠤᠷ ᠤᠨ ᠲᠠᠩᠰᠤᠭ ᠠᠶᠠᠯᠭᠤ ᠬᠡᠯᠬᠢᠵᠤ        ᠦᠯᠡᠮᠵᠢ ᠶᠢᠨ ᠭᠠᠶᠢᠬᠠᠮᠰᠢᠭ ᠠᠭᠤᠯᠠ ᠬᠠᠶᠢᠷᠬᠠᠨ        ᠦᠵᠡᠰᠬᠦᠯᠡᠩ ᠤᠨ ᠮᠢᠩᠭᠠᠨ ᠵᠢᠷᠤᠭ ᠢ ᠳᠡᠯᠭᠡᠬᠦᠢ               ᠦᠳᠡᠰᠢ ᠪᠠᠷ ᠳᠤᠭᠤᠯᠳᠠᠬᠤ ᠠᠳᠤᠭᠤᠨ ᠤ ᠠᠨᠢᠷᠯᠠᠯ        ᠦᠤᠷᠰᠡᠬᠦ ᠴᠢᠮᠡᠭᠡ ᠪᠠᠷ ᠨᠢ ᠳᠡᠯᠡᠬᠡᠢ ᠤᠶᠠᠩᠭᠠᠷᠠᠵᠤ        ᠦᠨᠢᠷ ᠰᠦᠷᠦᠭ ᠤᠨ ᠲᠠᠶᠢᠪᠤᠭᠤᠨ ᠬᠡᠪᠢᠬᠦ ᠡᠭᠡᠰᠢᠭ        ᠦᠷᠦᠨ᠎ᠡ ᠳᠤᠷᠤᠨ᠎ᠠ ᠶᠢᠨ ᠨᠠᠷᠠᠨ ᠰᠠᠷᠠᠨ ᠭᠡᠷᠡᠯᠲᠦᠬᠦᠢ               ᠬᠦᠳᠡᠭᠡ ᠲᠠᠯ᠎ᠠ ᠪᠠᠷ ᠠᠭᠰᠤᠮᠨᠠᠬᠤ ᠠᠳᠤᠭᠤᠳ ᠤᠨ        ᠬᠦᠴᠦᠲᠦ ᠰᠦᠷ ᠲᠤ ᠨᠢ ᠨᠠᠢᠮᠠᠨ ᠵᠦᠭ ᠲᠤᠶᠠᠭᠠᠷᠠᠵᠤ        ᠬᠦᠷ ᠲᠦᠪᠡᠷᠭᠡᠨ ᠤ ᠬᠢᠨᠢ ᠭᠢᠯᠠᠰᠬᠤ ᠠᠶᠢᠵᠠᠮ ᠢᠶᠠᠷ        ᠬᠦᠰᠡᠯ ᠤᠨ ᠭᠡᠭᠡ ᠳᠤ ᠠᠳᠤᠭᠤᠴᠢᠨ ᠮᠦᠰᠢᠶᠡᠬᠦᠢ               ᠵᠢᠰᠦᠮ ᠢᠯᠭᠠᠷᠠᠬᠤ ᠰᠳᠤᠭᠤᠳ ᠤᠨ ᠪᠠᠷ᠎ᠠ ᠳᠤ        ᠵᠡᠷᠭᠡᠯᠭᠡᠨ ᠤ ᠠᠭᠤᠯᠠᠰ ᠤᠷᠠᠨ ᠵᠢᠷᠤᠭ ᠳᠡᠯᠭᠡᠵᠦ        ᠵᠢᠷᠭᠢᠨ ᠪᠦᠵᠢᠭᠯᠡᠯᠳᠦᠬᠦ ᠣᠰᠣᠨ ᠤ ᠰᠢᠪᠠᠭᠤᠳ ᠨᠢ        ᠵᠢᠷᠪᠢᠰ ᠵᠢᠷᠪᠢᠰ ᠡᠷᠬᠢᠴᠡᠨ ᠳᠡᠪᠳᠡᠷᠢᠨ ᠬᠠᠯᠢᠬᠤᠢ                                    ︵ᠡᠬᠡ ᠪᠢᠴᠢᠭ ᠢ ᠠᠷᠤ ᠬᠤᠷᠴᠢᠨ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ ᠬᠠᠩᠭᠠᠪᠠ︶ 
ᠢᠷᠡᠯᠲᠡ᠄ ᠠᠷᠠᠳ ᠤᠨ ᠰᠦᠯᠵᠢᠶ᠎ᠡ