ᠱᠠᠩᠬᠠᠶ ᠳᠤ ᠠᠮᠢᠰᠬᠤᠵᠤ ᠣᠷᠣᠭᠤᠯᠬᠤ  ᠬᠡᠯᠪᠡᠷᠢ  ᠶᠢᠨ ᠳᠠᠬᠢᠨ ᠨᠡᠶᠢᠳᠬᠡᠭᠰᠡᠨ ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ︵5 ᠬᠡᠯᠪᠡᠷᠢ ᠶᠢᠨ ᠪᠤᠯᠴᠢᠷᠬᠠᠶ ᠶᠢᠨ ᠸᠢᠷᠦ᠋ᠰ ᠤᠨ ᠠᠴᠢᠶᠠᠯᠠᠪᠤᠷᠢ︶  ᠤ ᠡᠭᠡᠯᠢᠯᠡᠭᠡ ᠶᠢᠨ ᠲᠠᠷᠢᠯᠭ᠎ᠠ ᠬᠢᠬᠦ  ᠠᠵᠢᠯ ᠢ ᠡᠬᠢᠯᠡᠭᠦᠯᠪᠡ
ᠨᠡᠶᠢᠲᠡᠯᠡᠭᠰᠡᠨ ᠴᠠᠭ᠄
2022/10/28
          25 ᠤ ᠡᠳᠦᠷ ᠠᠴᠠ ᠡᠬᠢᠯᠡᠨ ᠱᠠᠩᠬᠠᠶ ᠬᠤᠲᠠ  ᠠᠮᠢᠰᠬᠤᠵᠤ  ᠣᠷᠣᠭᠤᠯᠬᠤ  ᠬᠡᠯᠪᠡᠷᠢ ᠶᠢᠨ  ᠳᠠᠬᠢᠨ  ᠨᠡᠶᠢᠳᠬᠡᠭᠰᠡᠨ‌‍ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ︵5 ᠬᠡᠯᠪᠡᠷᠢ ᠶᠢᠨ ᠪᠤᠯᠴᠢᠷᠬᠠᠶ ᠶᠢᠨ  ᠸᠢᠷᠦ᠋ᠰ ᠤᠨ  ᠠᠴᠢᠶᠠᠯᠠᠪᠤᠷᠢ︶  ᠡᠭᠡᠯᠢᠯᠡᠭᠡ ᠵᠢᠨ‌‍ᠲ᠋ᠠᠷᠢᠯᠭ᠎ᠠ  ᠶᠢᠨ ᠤᠷᠢᠳᠴᠢᠯᠠᠨ ᠪᠣᠯᠵᠣᠬᠤ ᠠᠵᠢᠯ ᠢ ᠡᠬᠢᠯᠡᠭᠦᠯᠪᠡ᠃ 26 ᠤ ᠡᠳᠦᠷ ᠠᠴᠠ ᠡᠭᠡᠯᠢᠯᠡᠭᠡ ᠶᠢᠨ ᠠᠵᠢᠯ ᠴᠢᠩᠭᠠᠷᠠᠨ᠎ᠠ᠃ᠤᠯᠤᠰ ᠤᠨ ᠬᠤᠯᠪᠣᠭᠳᠠᠯ ᠪᠥᠬᠦᠶ ᠱᠠᠭᠠᠷᠳᠠᠯᠭ᠎ᠠ ᠶᠢ ᠦᠨᠳᠦᠰᠦᠯᠡᠪᠡᠯ᠂ ᠬᠤᠲᠠ ᠶᠢᠨ ᠠᠷᠠᠳ ᠣᠳᠣᠬᠠᠨ ᠳᠤ ᠵᠥᠪᠬᠡᠨ ᠨᠢᠭᠡ ᠯᠡ‌ᠤᠳᠠᠭ᠎ᠠ ᠲᠠᠷᠢᠯᠭ᠎ᠠ ᠬᠢᠬᠦ ᠴᠢᠬᠤᠯᠠᠲᠠᠶ ᠪᠠᠶᠢᠨ᠎ᠠ᠃  2022  ᠣᠨ ᠤ  10  ᠰᠠᠷ᠎ᠠ ᠶᠢᠨ  25 ᠤ  ᠡᠳᠦᠷ ᠠᠴᠠ  ᠡᠬᠢᠯᠡᠨ᠂ᠨᠥᠬᠦᠴᠡᠯ ᠳᠤ ᠨᠡᠶᠢᠴᠡᠬᠦ ᠬᠤᠲᠠ ᠶᠢᠨ ᠠᠷᠠᠳ ︽ᠵᠢᠶᠠᠨ ᠺᠠᠩ ᠶᠦᠨ︾ APP  ᠵᠡᠷᠭᠡ ᠪᠠᠷ  ᠳᠠᠮᠵᠢᠭᠤᠯᠤᠨ  ᠡᠭᠡᠯᠢᠯᠡᠭᠡ ᠵᠢᠨ‌‍ᠲ᠋ᠠᠷᠢᠯᠭ᠎ᠠ  ᠶᠢ ᠰᠦᠯᠵᠢᠶᠡᠨ ᠳᠡᠭᠡᠷ᠎ᠡ ᠤᠷᠢᠳᠴᠢᠯᠠᠨ ᠪᠣᠯᠵᠣᠵᠤ ᠪᠣᠯᠤᠨ᠎ᠠ᠃ ᠲᠣᠰ ᠬᠥᠮᠦᠨ ᠤ ᠪᠡᠶ᠎ᠡ ᠶᠢᠨ ᠦᠨᠡᠮᠯᠡᠯ ᠢᠶᠠᠨ ᠠᠪᠴᠤ‌‍ᠪᠣᠯᠵᠣᠨ ᠲᠣᠭᠲᠠᠭᠰᠠᠨ  ᠴᠠᠭ ᠲᠤ  ᠪᠣᠯᠵᠣᠨ  ᠲᠣᠭᠲᠠᠭᠰᠠᠨ  ᠲᠠᠷᠢᠯᠭ᠎ᠠ  ᠬᠢᠬᠦ  ᠡᠭᠦᠳᠡᠨ  ᠡᠮᠨᠡᠯᠭᠡ ᠳᠤ  ᠬᠦᠷᠴᠦ  ᠲᠠᠷᠢᠯᠭ᠎ᠠ ᠬᠢᠯᠭᠡᠨ᠎ᠡ᠃ 70 ᠨᠠᠰᠤ ᠵᠢᠴᠢ 70 ᠨᠠᠰᠤᠨ ᠠᠴᠠ ᠳᠡᠭᠡᠭᠰᠢᠬᠢ ᠬᠥᠮᠦᠰ ᠲᠤ ᠲᠠᠷᠢᠯᠭ᠎ᠠ ᠳᠠᠷᠢᠬᠤ ᠳᠤ ᠬᠡᠷ ᠪᠦᠯᠢ ᠪᠤᠶᠤ  ᠰᠠᠶᠢᠨ‌‍ᠲ᠋ᠤᠷᠠᠴᠤᠳ ᠪᠠᠷ᠎ᠠ ᠪᠣᠯᠤᠨ᠎ᠠ᠃                   ᠠᠮᠢᠰᠬᠤᠵᠦ ᠤᠷᠤᠭᠤᠯᠬᠤ ᠬᠡᠯᠪᠡᠷᠢ ᠵᠢᠨ‌‍ᠲ᠋ᠠᠬᠢᠨ ᠨᠡᠶᠢᠳᠬᠡᠭᠰᠡᠨ ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠭᠡᠵᠦ ᠶᠠᠭᠤ‌‍ᠪᠣᠶ︖ ᠠᠮᠢᠰᠬᠤᠵᠦ ᠤᠷᠤᠭᠤᠯᠬᠤ ᠬᠡᠯᠪᠡᠷᠢ ᠶᠢᠨ ᠳᠠᠬᠢᠨ  ᠨᠡᠶᠢᠳᠬᠡᠭᠰᠡᠨ  ᠰᠢᠨ᠎ᠡ  ᠲᠢᠲᠢᠮᠯᠢᠭ  ᠸᠢᠷᠦ᠋ᠰ ᠤᠨ  ᠸᠠᠺᠼᠢᠨ  ︵5ᠬᠡᠯᠪᠡᠷᠢ ᠶᠢᠨ ᠪᠤᠯᠴᠢᠷᠬᠠᠶ ᠶᠢᠨ  ᠸᠢᠷᠦ᠋ᠰ ᠤᠨ  ᠠᠴᠢᠶᠠᠯᠠᠪᠤᠷᠢ︶ ᠨᠢ  ᠬᠥᠮᠦᠨ ᠤ  ᠪᠡᠶ᠎ᠡ ᠳᠤ  ᠬᠤᠤᠷ  ᠥᠬᠡᠶ  ᠪᠤᠯᠴᠢᠷᠬᠠᠶ ᠵᠢᠨ‌‍ᠸᠢᠷᠦ᠋ᠰ ᠤᠨ ᠠᠴᠢᠶᠠᠯᠠᠪᠤᠷᠢ ᠶᠢ ᠠᠰᠢᠭᠯᠠᠨ᠂ S  ᠤᠭᠤᠷᠠᠭ ᠢ  ᠢᠯᠡᠳᠬᠡᠬᠦ  ᠤᠳᠤᠮᠯᠠᠯ ᠤᠨ  ᠪᠣᠳᠠᠰ ᠢ  ᠬᠥᠮᠦᠨ ᠤ  ᠪᠡᠶ᠎ᠡ ᠳ᠋ᠤ᠋‌‍ᠲ᠋ᠠᠮᠵᠢᠭᠤᠯᠵᠤ᠂ ᠮᠠᠨᠠᠨᠵᠢᠭᠤᠯᠤᠭᠤᠷ ᠢ ᠠᠰᠢᠭᠯᠠᠨ ᠸᠠᠺᠼᠢᠨ ᠤ ᠮᠠᠨᠠᠨ ᠢ ᠪᠢᠴᠢᠯ ᠮᠥᠬᠦᠯᠢᠭ ᠪᠣᠯᠭᠠᠨ ᠬᠤᠪᠢᠷᠠᠭᠤᠯᠵᠤ᠂ ᠠᠮᠢᠰᠬᠤᠵᠤ‌ᠣᠷᠣᠭᠤᠯᠬᠤ ᠠᠷᠭ᠎ᠠ ᠬᠡᠯᠪᠡᠷᠢ ᠪᠠᠷ  ᠠᠮᠠᠨ  ᠬᠥᠨᠳᠡᠶ ᠪᠠᠷ  ᠠᠮᠢᠰᠬᠤᠨ  ᠠᠭᠤᠰᠬᠢᠨ  ᠨᠡᠬᠡᠳᠡᠰᠦ ᠳᠤ  ᠬᠦᠷᠭᠡᠵᠦ᠂  ᠰᠠᠯᠢᠰᠤᠲᠤ‌‍ᠪᠦ᠋ᠷᠬᠦᠪᠴᠢ᠂ ᠪᠡᠶ᠎ᠡ ᠶᠢᠨ ᠰᠢᠩᠭᠡᠨ᠂ ᠡᠰ ᠤᠨ ᠭᠤᠷᠪᠠᠨ  ᠳᠠᠪᠬᠤᠷ  ᠡᠭᠡᠯᠢᠯᠡᠭᠡ ᠶᠢᠨ  ᠠᠵᠢᠯᠯᠠᠭ᠎ᠠ ᠶᠢ  ᠬᠥᠭᠵᠢᠭᠡᠨ᠎ᠡ᠃  ᠨᠠᠷᠢᠨ‌‍ᠪᠠᠶᠢᠳᠠᠯ  >>
ᠢᠷᠡᠯᠲᠡ᠄ ᠠᠷᠠᠳ ᠤᠨ ᠰᠦᠯᠵᠢᠶ᠎ᠡ