ᠰᠤᠷᠭᠠᠨ ᠬᠥᠮᠦᠵᠢᠯ ᠤᠨ ᠶᠠᠮᠤᠨ ᠤ ᠰᠢᠨ᠎ᠡ ᠱᠠᠭᠠᠷᠳᠠᠯᠭ᠎ᠠ᠄ ᠠᠵᠢᠯ ᠮᠡᠷᠭᠡᠵᠢᠯ ᠤᠨ ᠰᠤᠷᠭᠠᠭᠤᠯᠢ ᠶᠢᠨ ︽ᠬᠤᠤᠰ ᠬᠢᠷᠢ ᠬᠡᠮᠳᠤ︾ ᠪᠠᠭᠰᠢ ᠶᠢᠨ ᠡᠵᠡᠯᠡᠬᠦ ᠬᠠᠷᠢᠴᠠᠯ ᠢ 50 % ᠠᠴᠠ ᠳᠤᠤᠷ᠎ᠠ ᠪᠠᠶᠢᠯᠭᠠᠵᠤ ᠪᠣᠯᠬᠤ ᠥᠬᠡᠶ
ᠨᠡᠶᠢᠲᠡᠯᠡᠭᠰᠡᠨ ᠴᠠᠭ᠄
2022/10/27
       ︽ᠬᠤᠤᠰ ᠬᠢᠷᠢ ᠬᠡᠮᠳᠤ︾ ᠪᠠᠭᠰᠢ ᠶᠢᠨ ᠡᠵᠡᠯᠡᠬᠦ ᠬᠠᠷᠢᠴᠠᠯ ᠢ 50 % ᠠᠴᠠ ᠳᠤᠤᠷ᠎ᠠ ᠪᠠᠶᠢᠯᠭᠠᠵᠤ  ᠪᠣᠯᠬᠤ  ᠥᠬᠡᠶ᠂ᠪᠠᠭᠰᠢ ᠶᠢᠨ ᠠᠵᠤ ᠠᠬᠤᠶᠢᠯᠠᠯ ᠳᠤ ᠦᠢᠯᠡᠳᠦᠯᠭᠡᠵᠢᠭᠦᠯᠬᠦ ᠴᠠᠭ ᠢ ᠵᠢᠯ ᠪᠦᠷᠢ  1  ᠰᠠᠷ᠎ᠠ ᠠᠴᠠ  ᠲᠤᠲᠠᠭᠤ  ᠪᠠᠶᠢᠯᠭᠠᠵᠤ  ᠪᠣᠯᠬᠤ‌ᠥᠬᠡᠶ᠂ ᠠᠵᠢᠯ ᠮᠡᠷᠭᠡᠵᠢᠯ ᠤᠨ ᠤᠷ᠎ᠠ ᠴᠢᠳᠠᠪᠤᠷᠢ ᠶᠢᠨ ᠵᠡᠷᠭᠡ ᠳᠡᠰ ᠤᠨ ᠪᠠᠷᠢᠮᠵᠢᠶ᠎ᠠ ᠶᠢ ᠲᠤᠰᠬᠠᠶ  ᠮᠡᠷᠭᠡᠵᠢᠯ ᠤᠨ  ᠬᠢᠴᠢᠶᠡᠯ ‍ᠤᠨ‌ᠵᠢᠭᠠᠨ ᠰᠤᠷᠭᠠᠯᠲᠠ ᠳᠤ ᠣᠷᠣᠭᠤᠯᠬᠤ ᠬᠡᠷᠡᠭᠲᠡᠶ᠁ ᠰᠤᠷᠭᠠᠨ ᠬᠥᠮᠦᠵᠢᠯ ᠤᠨ ᠶᠠᠮᠤᠨ ᠲᠦᠷᠦᠭᠦᠬᠡᠨ ᠪᠥᠬᠦ ᠤᠯᠤᠰ ᠤᠨ  ᠠᠵᠢᠯ‌ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠪᠠᠭᠰᠢ ᠶᠢᠨ ᠵᠢᠭᠠᠨ ᠰᠤᠷᠭᠠᠯᠲᠠ ᠶᠢᠨ  ᠰᠢᠨ᠎ᠡ ᠶᠢ  ᠡᠭᠦᠳᠬᠦ  ᠪᠦᠯᠬᠦᠮ  ᠨᠡᠶᠢᠲᠡ ᠳ᠋ᠤ᠋‌‍ᠰᠢᠨ᠎ᠡ ᠪᠥᠲᠥᠭᠡᠨ ᠪᠠᠶᠢᠭᠤᠯᠤᠯᠲᠠ ᠶᠢᠨ ᠲᠥᠰᠦᠯ ᠪᠠ ᠱᠠᠭᠠᠷᠳᠠᠯᠭ᠎ᠠ  ᠳᠤᠷᠠᠳᠴᠤ᠂  ᠡᠯ᠎ᠡ  ᠭᠠᠵᠠᠷ ᠤᠨ  ᠠᠵᠢᠯ  ᠮᠡᠷᠭᠡᠵᠢᠯ ‍ᠤᠨ‌‍ᠰᠤᠷᠭᠠᠭᠤᠯᠢ ᠨᠢ ᠨᠢᠭᠡ ᠪᠦᠯᠦᠭ ᠮᠣᠷᠠᠯ ᠮᠡᠷᠭᠡᠵᠢᠯ ᠬᠤᠤᠰᠯᠠᠭᠰᠠᠨ᠂ ᠰᠢᠨ᠎ᠡ ᠶᠢ ᠡᠭᠦᠳᠬᠦ ᠬᠠᠮᠵᠢᠯᠴᠠᠭ᠎ᠠ ᠲᠠᠢ᠂ ᠪᠦᠲᠦᠴᠡ ᠨᠢ ᠵᠦᠶ‌ᠵᠣᠬᠢᠰᠲᠠᠶ ᠰᠢᠨ᠎ᠡ ᠶᠢ ᠡᠭᠦᠳᠬᠦ ᠪᠦᠯᠬᠦᠮ ᠨᠡᠶᠢᠲᠡ ᠶᠢ ᠬᠦᠴᠦᠯᠡᠨ ᠪᠠᠶᠢᠭᠤᠯᠵᠤ᠂  ᠬᠠᠮ  ᠮᠡᠷᠭᠡᠵᠢᠯ ᠤᠨ  ᠤᠷ᠎ᠠ  ᠴᠢᠳᠠᠪᠤᠷᠢ ᠵᠢᠨ‌‍ᠴᠢᠳᠠᠪᠤᠷᠢᠲᠠᠨ ᠢ ᠬᠥᠮᠦᠵᠢᠭᠦᠯᠬᠦ ᠶᠠᠰᠤ ᠴᠢᠨᠠᠷ ᠢ ᠪᠥᠬᠦ ᠲᠠᠯ᠎ᠠ ᠪᠠᠷ ᠳᠡᠭᠡᠭᠰᠢᠯᠡᠭᠦᠯᠬᠦ ᠳᠤ ᠪᠠᠭᠰᠢ ᠶᠢᠨ  ᠲᠤᠯᠭᠠᠭᠤᠷᠢᠯᠠᠯ  ᠬᠠᠩᠭᠠᠬᠤ‌‍ᠬᠡᠷᠡᠭᠲᠡᠶ ᠭᠡᠵᠦ ᠲᠣᠳᠣᠷᠬᠠᠶᠢᠯᠠᠪᠠ᠃                ᠰᠤᠷᠭᠠᠨ ᠬᠥᠮᠦᠵᠢᠯ ᠤᠨ ᠶᠠᠮᠤᠨ ᠳᠤᠷᠠᠳᠤᠭᠰᠠᠨ ᠨᠢ᠂ ᠰᠢᠨ᠎ᠡ ᠶᠢ ᠡᠭᠦᠳᠬᠦ ᠪᠦᠯᠬᠦᠮ ᠨᠡᠶᠢᠲᠡ ᠶᠢᠨ  ᠪᠦᠷᠢᠯᠳᠦᠬᠦᠨ ᠳ᠋ᠤ᠋‌ᠣᠯᠠᠨ ᠨᠡᠶᠢᠲᠡ ᠶᠢᠨ ᠬᠢᠴᠢᠶᠡᠯ᠂ ᠲᠤᠰᠬᠠᠶ  ᠮᠡᠷᠭᠡᠵᠢᠯ ᠤᠨ  ᠬᠢᠴᠢᠶᠡᠯ ᠤᠨ  ᠪᠠᠭᠰᠢ  ︵ᠳᠠᠳᠤᠯᠭ᠎ᠠ ᠶᠢᠨ  ᠵᠢᠯᠣᠭᠤᠳᠬᠤ  ᠪᠠᠭᠰᠢ‌‍ᠪᠠᠭᠲᠠᠨ᠎ᠠ︶ ᠪᠣᠯᠤᠨ  ᠠᠵᠢᠯ ᠤᠨ  ᠲᠤᠷᠰᠢᠯᠭ᠎ᠠ ᠪᠠᠷ  ᠪᠠᠶᠠᠯᠢᠭ  ᠠᠵᠤ  ᠠᠬᠤᠶᠢᠯᠠᠯ ᠤᠨ  ᠲᠤᠰᠢᠶᠠᠯ  ᠬᠠᠪᠰᠤᠷᠭᠠᠭᠰᠠᠨ  ᠪᠠᠭᠰᠢ‌‍ᠪᠠᠭᠲᠠᠵᠤ᠂ ︽ᠬᠤᠤᠰ ᠬᠢᠷᠢ ᠬᠡᠮᠳᠤ︾ ᠪᠠᠭᠰᠢ ᠶᠢᠨ ᠡᠵᠡᠯᠡᠬᠦ ᠬᠠᠷᠢᠴᠠᠯ ᠢ 50 % ᠠᠴᠠ ᠳᠤᠤᠷ᠎ᠠ ᠪᠠᠶᠢᠯᠭᠠᠵᠤ ᠪᠣᠯᠬᠤ ᠥᠬᠡᠶ᠃ᠪᠦᠷᠢᠯᠳᠦᠬᠦᠨ ᠤ ᠪᠦᠷᠢᠯᠳᠦᠯ ᠨᠢ ᠮᠡᠷᠭᠡᠵᠢᠯ ᠤᠨ ᠴᠣᠯᠠ᠂ ᠨᠠᠰᠤ ᠵᠢᠯ᠂ ᠲᠤᠰᠬᠠᠶ ᠮᠡᠷᠭᠡᠵᠢᠯ ᠵᠡᠷᠭᠡ ᠬᠦᠴᠦᠨ ᠵᠥᠢᠯ ᠢ  ᠭᠦᠢᠴᠡᠳ‌‍ᠪᠣᠳᠣᠯᠬᠢᠯᠠᠵᠤ᠂ ᠰᠢᠨᠵᠢᠯᠡᠬᠦ ᠤᠬᠠᠭᠠᠨᠴᠢ ᠵᠦᠶ ᠵᠣᠬᠢᠰᠲᠠᠶ ᠮᠥᠷᠲᠡᠭᠡᠨ ᠬᠠᠷᠢᠴᠠᠩᠭᠤᠶ ᠲᠣᠭᠲᠠᠭᠤᠨ  ᠪᠠᠶᠢᠵᠤ᠂  ᠲᠣᠬᠢᠷᠠᠭᠤᠯᠤᠯᠲᠠ‌‍ᠬᠢᠬᠦ  ᠬᠠᠷᠢᠴᠠᠯ ᠢ  30  % ᠠᠴᠠ  ᠬᠡᠲᠦᠷᠡᠭᠦᠯᠵᠦ  ᠪᠣᠯᠬᠤ  ᠥᠬᠡᠶ᠃  ᠰᠢᠨ᠎ᠡ ᠶᠢ   ᠡᠭᠦᠳᠬᠦ   ᠪᠦᠯᠬᠦᠮ   ᠨᠡᠶᠢᠲᠡ ᠵᠢᠨ‌ᠬᠠᠷᠢᠭᠤᠴᠠᠯᠭᠠᠲᠠᠨ ᠨᠢ ᠲᠤᠰᠬᠠᠶ ᠮᠡᠷᠭᠡᠵᠢᠯ ᠤᠨ ᠳᠠᠭᠠᠭᠤᠯᠤᠭᠴᠢ ᠪᠠᠶᠢᠵᠤ᠂ ᠨᠡᠯᠢᠶᠡᠳ  ᠴᠢᠩᠭ᠎ᠠ  ᠬᠢᠴᠢᠶᠡᠯᠯᠡᠬᠦ  ᠴᠢᠳᠠᠪᠤᠷᠢ  ᠪᠠ‌ᠵᠢᠭᠠᠨ ᠰᠤᠷᠭᠠᠯᠲᠠ ᠶᠢᠨ ᠥᠭᠡᠷᠡᠴᠢᠯᠡᠯᠲᠡ ᠶᠢᠨ ᠪᠠᠶᠠᠯᠢᠭ ᠲᠤᠷᠰᠢᠯᠭ᠎ᠠ ᠲᠠᠢ  ᠪᠠᠶᠢᠬᠤ  ᠬᠡᠷᠡᠭᠲᠡᠶ᠂  ᠳᠤᠷ᠎ᠠ ᠪᠠᠷ ᠢᠶᠠᠨ  ᠰᠣᠯᠢᠵᠤ‌‍ᠪᠣᠯᠬᠤ ᠥᠬᠡᠶ᠃               ᠡᠯ᠎ᠡ ᠠᠵᠢᠯ ᠮᠡᠷᠭᠡᠵᠢᠯ ᠤᠨ ᠰᠤᠷᠭᠠᠭᠤᠯᠢ ᠨᠢ ᠰᠢᠨ᠎ᠡ ᠶᠢ ᠡᠭᠦᠳᠬᠦ ᠪᠦᠯᠬᠦᠮ ᠨᠡᠶᠢᠲᠡ ᠶᠢᠨ ᠪᠠᠭᠰᠢ ᠶᠢᠨ ᠴᠢᠳᠠᠪᠤᠷᠢ  ᠪᠠ‌‍ᠬᠡᠪ ᠴᠢᠨᠠᠷ  ᠢ ᠳᠡᠭᠡᠭᠰᠢᠯᠡᠭᠦᠯᠵᠦ᠂ ᠠᠵᠤ ᠠᠬᠤᠶᠢᠯᠠᠯ ᠤᠨ ᠦᠢᠯᠡᠳᠦᠯᠬᠡ ᠶᠢᠨ ᠰᠠᠭᠤᠷᠢᠨ ᠭᠠᠵᠠᠷ ᠪᠠ  ᠠᠵᠢᠯ  ᠲᠥᠷᠥᠯ  ᠨᠢᠭᠡᠲᠡᠶ‌ᠠᠵᠤ ᠠᠬᠤᠶᠢᠯᠠᠯ ᠢ ᠠᠰᠢᠭᠯᠠᠨ᠂ ᠪᠠᠭᠰᠢ ᠨᠠᠷ ᠤᠨ ᠮᠡᠷᠭᠡᠵᠢᠯ  ᠴᠢᠳᠠᠪᠤᠷᠢ  ᠶᠢ  ᠪᠣᠯᠪᠠᠰᠤᠷᠠᠭᠤᠯᠬᠤ᠂  ᠲᠤᠰᠢᠶᠠᠯ  ᠬᠠᠪᠰᠤᠷᠭᠠᠵᠤ‌‍ᠲ᠋ᠠᠪᠲᠠᠨ ᠪᠣᠯᠪᠠᠰᠤᠷᠠᠭᠤᠯᠬᠤ᠂ ᠦᠢᠯᠡᠳᠭᠦᠨ ᠢ ᠰᠤᠳᠤᠯᠤᠨ ᠨᠡᠭᠡᠭᠡᠬᠦ  ᠪᠠ  ᠮᠡᠷᠭᠡᠵᠢᠯ ᠤᠨ  ᠰᠢᠨ᠎ᠡ ᠶᠢ  ᠡᠭᠦᠳᠬᠦ  ᠵᠡᠷᠭᠡ  ᠠᠵᠤ‌ᠠᠬᠤᠶᠢᠯᠠᠯ ᠤᠨ ᠳᠠᠳᠤᠯᠭ᠎ᠠ ᠬᠢᠬᠦ ᠳᠤ ᠣᠷᠣᠯᠴᠠᠬᠤ ᠶᠢ ᠵᠣᠷᠢᠭᠵᠢᠭᠤᠯᠵᠤ᠂  ᠵᠢᠯ  ᠪᠦᠷᠢ ᠶᠢᠨ  ᠨᠡᠶᠢᠲᠡ  ᠬᠡᠷᠡᠭᠰᠡᠬᠦ  ᠴᠠᠭ ᠢ  1ᠰᠠᠷ᠎ᠠ ᠠᠴᠠ ᠳᠤᠲᠠᠭᠤ  ᠪᠠᠶᠢᠯᠭᠠᠬᠤ  ᠥᠬᠡᠶ  ᠮᠥᠷᠲᠡᠭᠡᠨ  ᠠᠯᠢ  ᠴᠢᠳᠠᠬᠤ ᠪᠠᠷ  ᠦᠷᠭᠦᠯᠵᠢᠯᠡᠨ  ᠬᠡᠷᠡᠭᠵᠢᠭᠦᠯᠦᠨ᠎ᠡ᠃  ᠵᠢᠭᠠᠨ‌‍ᠰᠤᠷᠭᠠᠯᠲᠠ ᠶᠢᠨ ᠣᠶᠢᠯᠡᠳᠣᠯᠭᠡ ᠳᠤᠮᠳᠠ᠂ ᠰᠢᠨ᠎ᠡ ᠶᠢ ᠡᠭᠦᠳᠬᠦ ᠪᠦᠯᠬᠦᠮ ᠨᠡᠶᠢᠲᠡ ᠶᠢᠨ ᠪᠠᠭᠰᠢ ᠨᠠᠷ ᠠᠵᠢᠯ ᠮᠡᠷᠭᠡᠵᠢᠯ ᠤᠨ ᠤᠷ᠎ᠠ‌‍ᠴᠢᠳᠠᠪᠤᠷᠢ ᠶᠢᠨ ᠵᠡᠷᠭᠡ ᠳᠡᠰ ᠤᠨ ᠪᠠᠷᠢᠮᠵᠢᠶ᠎ᠠ᠂ ᠠᠵᠢᠯ ᠲᠥᠷᠥᠯ ᠤᠨ ᠠᠵᠤ ᠠᠬᠤᠶᠢᠯᠠᠯ ᠤᠨ ᠰᠢᠨ᠎ᠡ  ᠮᠡᠷᠭᠡᠵᠢᠯ᠂  ᠰᠢᠨ᠎ᠡ  ᠤᠷ᠎ᠠ‌ᠮᠡᠷᠭᠡᠰᠢᠯ᠂ ᠰᠢᠨ᠎ᠡ ᠵᠢᠷᠤᠮᠵᠢᠯ ᠪᠠ ᠴᠢᠨᠠᠷ ᠰᠠᠶᠢᠲᠠᠶ ᠬᠢᠴᠢᠶᠡᠯ ᠵᠡᠷᠭᠡ ᠡᠬᠢ  ᠪᠠᠶᠠᠯᠢᠭ ᠢ  ᠲᠤᠰᠬᠠᠶ  ᠮᠡᠷᠭᠡᠵᠢᠯ ᠤᠨ  ᠬᠢᠴᠢᠶᠡᠯ ‍ᠤᠨ‌ᠵᠢᠭᠠᠨ  ᠰᠤᠷᠭᠠᠯᠲᠠ ᠳᠤ   ᠣᠷᠣᠭᠤᠯᠵᠤ᠂   ᠲᠤᠰᠬᠠᠶ   ᠮᠡᠷᠭᠡᠵᠢᠯ ᠤᠨ   ᠴᠢᠳᠠᠪᠤᠷᠢ ᠶᠢᠨ   ᠬᠡᠰᠡᠭᠴᠢᠯᠡᠭᠰᠡᠨ   ᠬᠢᠴᠢᠶᠡᠯ ‍ᠤᠨ‌‍ᠲ᠋ᠣᠬᠢᠷᠠᠭᠤᠯᠤᠯᠲᠠ ᠶᠢᠨ ᠲᠥᠰᠦᠯ ᠢ ᠰᠤᠳᠤᠯᠤᠨ ᠲᠣᠭᠲᠠᠭᠠᠬᠤ ᠬᠡᠷᠡᠭᠲᠡᠶ᠃ ᠰᠤᠷᠭᠠᠨ ᠬᠥᠮᠦᠵᠢᠯ ᠤᠨ ᠶᠠᠮᠤᠨ ᠰᠢᠨ᠎ᠡ ᠶᠢ  ᠡᠭᠦᠳᠬᠦ‌‍ᠪᠦ᠋ᠯᠬᠦᠮ ᠤᠨ ᠬᠢᠨ ᠰᠤᠷᠭᠠᠭᠤᠯᠢ ᠪᠠ ᠠᠵᠤ ᠠᠬᠤᠶᠢᠯᠠᠯ ᠤᠨ ᠬᠠᠮᠲᠤᠷᠠᠯᠴᠠᠭ᠎ᠠ᠂ ᠰᠢᠨᠵᠢᠯᠡᠬᠦ ᠤᠬᠠᠭᠠᠨ ᠤ ᠰᠤᠳᠤᠯᠭᠠᠨ ᠤ  ᠲᠥᠷᠥᠯ‌ᠵᠣᠶᠢᠯ᠂ ᠨᠡᠶᠢᠭᠡᠮ ᠤᠨ ᠦᠢᠯᠡᠴᠢᠯᠡᠭᠡ ᠵᠡᠷᠭᠡ ᠠᠷᠭ᠎ᠠ ᠵᠠᠮ ᠢᠶᠠᠷ ᠳᠠᠮᠵᠢᠭᠤᠯᠤᠨ ᠬᠥᠭᠵᠢᠯᠲᠡ ᠶᠢᠨ ᠪᠠᠯᠠ  ᠮᠥᠩᠭᠦ ᠶᠢ  ᠢᠳᠡᠪᠬᠢᠲᠡᠶ‌‍ᠴᠤᠭᠯᠠᠭᠤᠯᠬᠤ ᠶᠢ ᠵᠣᠷᠢᠭᠵᠢᠭᠤᠯᠤᠨ᠎ᠠ᠃ ᠰᠢᠯᠭᠠᠨ ᠬᠢᠨᠠᠵᠤ  ᠦᠨᠡᠯᠡᠬᠦ᠂  ᠮᠡᠷᠭᠡᠵᠢᠯ ᠤᠨ  ᠴᠣᠯᠠ  ᠳᠡᠪᠰᠢᠬᠦ᠂  ︽ᠬᠤᠤᠰ  ᠬᠢᠷᠢ‌‍ᠬᠡᠮᠳᠤ︾ ᠪᠠᠭᠰᠢ ᠶᠢ ᠮᠠᠭᠠᠳᠯᠠᠨ ᠲᠣᠭᠲᠠᠭᠠᠬᠤ ᠵᠡᠷᠭᠡ  ᠬᠤᠪᠢ  ᠬᠥᠮᠦᠨ ᠤ  ᠬᠥᠭᠵᠢᠯᠲᠡ᠂  ᠵᠢᠴᠢ  ᠰᠤᠷᠤᠯᠭ᠎ᠠ ᠶᠢᠨ  ᠨᠠᠮᠲᠠᠷ ᠢ‌‍ᠲ᠋ᠡᠭᠡᠭᠰᠢᠯᠡᠭᠦᠯᠬᠦ᠂ ᠬᠢᠯᠢ ᠶᠢᠨ ᠳᠣᠲᠣᠨ᠎ᠠ ᠭᠠᠳᠠᠨ᠎ᠠ ᠰᠤᠷᠤᠯᠴᠠᠵᠤ  ᠰᠤᠳᠤᠯᠤᠨ  ᠰᠤᠷᠤᠯᠴᠠᠬᠤ  ᠵᠡᠷᠭᠡ  ᠲᠤᠰᠬᠠᠶ  ᠮᠡᠷᠭᠡᠵᠢᠯ ‍ᠤᠨ‌‍ᠬᠥ᠋ᠭᠵᠢᠯᠲᠡ ᠶᠢᠨ ᠲᠠᠯ᠎ᠠ ᠪᠠᠷ᠂ ᠰᠢᠨ᠎ᠡ ᠶᠢ ᠡᠭᠦᠳᠬᠦ ᠪᠦᠯᠬᠦᠮ ᠨᠡᠶᠢᠲᠡ ᠳᠤ ᠣᠷᠣᠯᠴᠠᠭᠰᠠᠨ ᠪᠠᠶᠢᠳᠠᠯ ᠢ ᠴᠢᠬᠤᠯᠠ  ᠦᠨᠳᠦᠰᠦᠯᠡᠯ‌‍ᠪᠣᠯᠭᠠᠵᠤ᠂  ᠤᠷᠢᠳᠠᠪᠠᠷ  ᠪᠣᠳᠣᠯᠬᠢᠯᠠᠨ᠎ᠠ᠃  ᠡᠯ᠎ᠡ  ᠰᠤᠷᠭᠠᠭᠤᠯᠢ ᠨᠢ  ᠪᠠᠰᠠ  ᠰᠢᠨ᠎ᠡ ᠶᠢ  ᠡᠭᠦᠳᠬᠦ  ᠪᠦᠯᠬᠦᠮ   ᠨᠡᠶᠢᠲᠡ ᠵᠢᠨ‌‍ᠪᠠᠶᠢᠭᠤᠯᠤᠯᠲᠠ ᠶᠢᠨ ᠦᠨᠡᠯᠡᠬᠦ ᠬᠦᠢᠴᠡᠳᠬᠡᠯ ᠲᠣᠭᠠᠨ ᠤ ᠰᠢᠰᠲ᠋ᠧᠮ ᠢ ᠪᠠᠶᠢᠭᠤᠯᠵᠤ᠂ ᠬᠠᠷᠠᠯᠲᠠ ᠡᠭᠦᠷᠭᠡ ᠠᠴᠠ ᠪᠠᠨ ᠰᠠᠯᠤᠭᠰᠠᠨ᠂ᠪᠥᠲᠥᠭᠡᠨ ᠪᠠᠶᠢᠭᠤᠯᠤᠯᠲᠠ ᠶᠢᠨ ᠦᠷ᠎ᠡ ᠪᠦᠲᠦᠮᠵᠢ ᠪᠠᠷ ᠨᠡᠯᠢᠶᠡᠳ ᠠᠨᠠᠶ ᠳᠤᠨᠢ  ᠬᠥᠳᠡᠯᠦᠩᠭᠦᠶ ᠪᠠᠷ  ᠲᠣᠬᠢᠷᠠᠭᠤᠯᠤᠯᠲᠠ  ᠬᠢᠵᠦ᠂ᠪᠠᠷᠢᠮᠵᠢᠶ᠎ᠠ ᠳᠤ ᠭᠦᠷᠦᠭᠰᠡᠨ ᠥᠬᠡᠶ ᠶᠢ ᠨᠢ ᠪᠠᠶᠢᠳᠠᠯ ᠢ ᠨᠢ ᠦᠵᠡᠵᠦ ᠪᠠᠶᠢᠭᠠᠳ ᠲᠥᠷᠥᠯ ᠵᠣᠶᠢᠯ  ᠡᠭᠦᠷᠭᠡᠯᠡᠬᠦ  ᠬᠢᠷᠢ  ᠬᠡᠮ ᠢ ᠨᠢ‌‍ᠬᠦ᠋ᠴᠦᠨ ᠥᠬᠡᠶ ᠪᠣᠯᠭᠠᠨ᠎ᠠ᠃
ᠢᠷᠡᠯᠲᠡ᠄ ᠠᠷᠠᠳ ᠤᠨ ᠰᠦᠯᠵᠢᠶ᠎ᠡ