ᠲᠦᠷᠪᠡᠨ ᠴᠠᠭ ᠢᠶᠠᠷ ᠲᠡᠯᠭᠡᠷᠡᠬᠦ ᠮᠢᠨᠦ ᠡᠭᠡ ᠤᠷᠤᠨ
ᠨᠡᠶᠢᠲᠡᠯᠡᠭᠰᠡᠨ ᠴᠠᠭ᠄
2022/10/26
                                              · ᠰ᠊ · ᠪᠦᠬᠡᠴᠢᠯᠠᠭᠤ      ᠨᠠᠷᠠ ᠡᠩᠭᠡᠷ ᠠᠴᠠ ᠨᠢ ᠤᠷᠭᠤᠵᠦ᠂ ᠰᠠᠷᠠ ᠡᠪᠦᠳᠦᠭ ᠢ ᠨᠢ ᠲᠡᠷᠡᠯᠡᠵᠦ ᠬᠤᠨᠤᠳᠠᠭ ᠲᠦᠪ ᠠᠽᠢᠶ᠎ᠠ ᠶᠢᠨ ᠡᠯᠢᠭᠡᠨ ᠳᠤ ᠮᠦᠩᠭᠡ ᠶᠢᠨ ᠪᠤᠰᠤᠭ᠎ᠠ ᠬᠦᠷᠡᠩ ᠠᠭᠤᠯᠠ ᠰᠢᠭ  ᠰᠡᠭᠦᠶᠢᠨ ᠰᠦᠨᠳᠡᠷᠯᠡᠭᠰᠡᠨ ᠤᠷᠤᠨ ᠪᠤᠯ ᠮᠢᠨᠤ ᠨᠤᠳᠤᠭ᠃ ᠰᠡᠪᠢᠯᠵᠡᠬᠦ ᠰᠠᠯᠭᠢᠨ ᠬᠠᠴᠠᠷ ᠢ ᠦᠨᠦᠰᠴᠦ ᠦᠩᠭᠡᠷᠡᠬᠦ ᠪᠠᠷ ᠰᠡᠳᠭᠢᠯ ᠲᠤᠳᠤᠷ᠎ᠠ ᠠᠴᠠ ᠪᠠᠨ ᠲᠠᠶᠢᠳᠬᠤᠷᠠᠳᠠᠭ᠂ ᠱᠤᠤᠭᠢᠨ ᠤᠷᠤᠰᠬᠤ ᠭᠤᠤᠯ ᠮᠦᠷᠡᠨ ᠬᠤᠯᠠ ᠶᠢ ᠵᠤᠷᠢᠨ ᠬᠦᠯᠦᠭ ᠤᠨ ᠬᠤᠷᠳᠤ ᠲᠠᠢ ᠲᠠᠪᠭᠢᠬᠤ ᠪᠠᠷ ᠬᠦᠰᠡᠯ ᠢᠳᠡᠭᠡᠯ ᠮᠢᠨᠢ ᠤᠷᠭᠤᠳᠠᠭ᠃ ᠬᠦᠰᠡᠭᠰᠡᠨ ᠪᠦᠬᠦᠨ ᠤᠯᠵᠦ ᠲᠦᠷᠦᠳᠡᠭ ᠦᠭᠡᠢ᠂ ᠬᠤᠪᠢᠳᠠᠵᠦ ᠲᠦᠷᠦᠭᠰᠡᠨ ᠡᠵᠢ — ᠡᠭᠡ ᠤᠷᠤᠨ ᠮᠢᠨᠢ ᠡ︕           ᠬᠠᠷᠠᠩᠭᠤᠢ ᠴᠠᠭ ᠢ ᠡᠴᠦᠰᠯᠡᠬᠦᠯᠵᠦ᠂ ᠬᠠᠭᠠᠨ ᠵᠢᠷᠭᠠᠯ ᠢ ᠠᠷᠠᠳ ᠲᠦᠮᠡᠨ ᠳᠡᠭᠡᠨ ᠡᠳ᠋ᠯᠡᠭᠦᠯᠦᠭᠰᠡᠨ ᠦᠨᠡᠨ ᠤ ᠡᠷᠢᠯᠴᠢᠨ᠂ ᠡᠷᠭᠡ ᠴᠢᠯᠦᠭᠡᠨ ᠤ ᠤᠩᠭᠤᠨ ᠲᠡᠭᠷᠢ᠂ ᠦᠷᠨᠢᠯ ᠬᠦᠭᠵᠢᠯ ᠤᠨ ᠠᠯᠳᠠᠨ ᠰᠦᠯᠳᠡ ᠲᠠ ᠪᠢᠯᠡ᠃ ᠲᠦᠷᠦ ᠶᠢᠨ ᠲᠠᠭᠤᠨ ᠤ ᠴᠢᠨᠢ ᠢᠷᠠᠭᠤ ᠲᠤᠩᠭᠠᠯᠠᠭ ᠠᠶᠠᠯᠭᠤᠨ ᠳᠤ ᠮᠠᠩᠬᠠᠶᠢᠵᠦ ᠤᠷᠭᠤᠭᠰᠠᠨ ᠦᠷᠯᠦᠭᠡ ᠮᠦᠰᠢᠶᠡᠭᠰᠡᠨ ᠴᠡᠴᠡᠭ ᠰᠢᠭ ᠭᠤᠸ᠎ᠠ ᠰᠠᠶᠢᠬᠠᠨ ᠬᠠᠷᠠᠭᠳᠠᠨ᠎ᠠ᠃ ᠲᠡᠶᠢᠮᠦ ᠡ᠂ ᠲᠤᠪᠤ ᠲᠤᠯᠤᠭᠠᠳ ᠬᠦᠷᠳᠡᠯ᠎ᠡ ᠲᠤᠳᠤᠷ᠎ᠠ ᠠᠴᠠ ᠪᠠᠨ ᠦᠨᠳᠡᠯᠵᠡᠵᠦ᠂ ᠨᠠᠪᠴᠢᠨ ᠲᠡᠭᠡᠷ᠎ᠡ ᠵᠡᠬᠦᠳᠦᠯᠡᠵᠦ ᠬᠤᠨᠤᠭᠰᠠᠨ ᠰᠢᠬᠦᠳᠡᠷᠢ ᠶᠢᠨ ᠤᠰᠤᠨ ᠴᠦ ᠰᠢᠪᠠᠭᠤ ᠰᠢᠭ ᠨᠢᠰᠦᠭᠡᠳ ᠭᠡᠷᠡᠯ ᠳᠤ ᠬᠤᠪᠢᠯᠤᠨ᠎ᠠ᠃ ᠰᠦᠷ ᠶᠡᠭᠡᠮᠰᠦᠭ ᠴᠦ ᠰᠡᠳᠭᠢᠯ ᠠᠷᠢᠭᠤᠨ᠂ ᠲᠠᠶᠢᠪᠤᠩ ᠳᠤ ᠲᠤᠷᠠᠳᠠᠢ᠂ ᠲᠠᠩᠰᠤᠭ ᠪᠠᠶᠠᠨ᠂ ᠡᠭᠡ ᠤᠷᠤᠨ ᠤ ᠮᠢᠨᠢ ᠢᠷᠡᠭᠡᠳᠦᠢ ᠭᠡᠵᠢᠶᠡᠳᠡ ᠭᠡᠭᠡᠨ ᠰᠠᠷᠠᠭᠤᠯ ᠭᠡᠳᠡᠭ ᠲᠤ ᠪᠢ ᠢᠳᠡᠭᠡᠨ᠎ᠡ᠂ ᠪᠢᠳᠡ ᠢᠳᠡᠭᠡᠨ᠎ᠡ᠂ ᠲᠡᠯᠡᠭᠡᠢ ᠢᠳᠡᠭᠡᠨ᠎ᠡ᠃           ᠲᠦᠷᠪᠡᠨ ᠴᠠᠭ ᠢᠶᠠᠷ ᠲᠡᠯᠭᠡᠷᠡᠬᠦ ᠮᠢᠨᠦ ᠡᠭᠡ ᠤᠷᠤᠨ ᠤ ᠰᠢᠷᠭᠡᠭ ᠡᠪᠡᠰᠦ᠂ ᠮᠦᠬᠦᠯᠢᠭ ᠴᠢᠯᠠᠭᠤ ᠨᠢ ᠴᠦ ᠠᠮᠢ ᠭᠤᠤᠯ ᠲᠠᠢ᠂ ᠰᠦᠭ ᠰᠦᠨᠡᠰᠦ ᠲᠠᠢ᠃ ᠮᠦᠷᠦᠭᠡᠳᠦᠯ ᠤᠨ ᠭᠢᠵᠠᠭᠠᠷ ᠠᠴᠠ ᠨᠤᠳᠤᠭ ᠢᠶᠠᠨ ᠰᠠᠨᠠᠭᠰᠠᠨ ᠭᠠᠯᠠᠭᠤᠳ ᠨᠢ ᠭᠠᠩᠭᠠᠷ ᠭᠤᠩᠭᠤᠷ ᠲᠤᠩᠭᠤᠳᠤᠭᠰᠠᠭᠠᠷ ᠨᠠᠭᠤᠷ ᠲᠠᠭᠠᠨ ᠪᠠᠭᠤᠬᠤ ᠳᠤ ᠬᠦᠨ ᠴᠡᠩᠭᠡᠷ ᠤᠰᠤ ᠨᠢ ᠬᠠᠶᠢᠷ᠎ᠠ ᠪᠠᠷ ᠬᠠᠯᠭᠢᠯᠠᠭᠠᠳ ᠶᠠᠭ ᠯᠡ ᠬᠤᠯᠠ ᠶᠠᠪᠤᠭᠰᠠᠨ ᠬᠦᠦ ᠪᠠᠨ ᠬᠦᠭᠡᠷᠦᠬᠦᠢ ᠡᠵᠢ ᠨᠢ ᠲᠡᠪᠡᠷᠢᠨ ᠠᠪᠴᠦ ᠮᠠᠩᠨᠠᠢ ᠲᠡᠭᠡᠷ᠎ᠡ ᠨᠢ ᠦᠨᠦᠰᠭᠦ ᠮᠡᠳᠦ ᠰᠠᠨᠠᠭᠳᠠᠬᠤ ᠪᠠᠷ ᠢᠷᠠᠭᠤ ᠨᠠᠶᠢᠷᠠᠭ ᠤᠨ ᠨᠢᠳᠦᠨ ᠳᠤ ᠡᠭᠡ ᠤᠷᠤᠨ ᠮᠢᠨᠢ ᠡᠰᠡᠨᠢᠯ ᠤᠨ ᠬᠠᠪᠤᠷ ᠪᠤᠯᠵᠦ ᠬᠠᠩᠬᠤᠯᠤᠨᠠᠮ᠃            ᠬᠠᠪᠤᠷ ᠰᠠᠶᠢᠬᠠᠨ᠂ ᠲᠦᠮᠡᠨ ᠪᠤᠳᠠᠰ ᠦᠷᠡᠵᠢᠨ ᠲᠡᠯᠭᠡᠷᠡᠬᠦ ᠤᠷᠢᠨ ᠲᠤᠯᠠᠭᠠᠨ᠂ ᠡᠩᠭᠡ ᠮᠡᠨᠳᠦ ᠶᠢᠨ ᠬᠠᠪᠤᠷ ᠰᠠᠶᠢᠬᠠᠨ ᠡ︕ ᠴᠠᠰᠤ ᠮᠦᠰᠦ ᠬᠠᠶᠢᠯᠤᠭᠠᠳ ᠭᠤᠤᠯ ᠪᠤᠯᠵᠦ ᠤᠷᠤᠰᠤᠨ᠎ᠠ᠃ ᠡᠪᠡᠰᠦ ᠮᠤᠳᠤ ᠬᠦᠭᠡᠷᠡᠨ ᠤᠷᠭᠤᠭᠠᠳ ᠰᠢᠪᠠᠭᠤ ᠤᠶᠠᠩᠭ᠎ᠠ ᠲᠠᠢ ᠵᠢᠷᠭᠢᠨ᠎ᠡ᠃ ᠲᠠᠯ᠎ᠠ ᠲᠦᠭᠦᠷᠡᠩ ᠪᠦᠷᠬᠦᠭᠰᠡᠨ ᠬᠤᠨᠢᠨ ᠰᠦᠷᠦᠭ ᠬᠦᠪᠦᠩ ᠴᠠᠭᠠᠨ ᠡᠬᠦᠯᠡ ᠰᠢᠭ ᠴᠠᠶᠢᠯᠵᠠᠨ ᠨᠡᠬᠦᠳᠡᠯᠯᠡᠬᠦ ᠳᠤ ᠭᠠᠵᠠᠷ ᠤᠨ ᠬᠦᠷᠦᠰᠦᠨ ᠠᠴᠠ ᠤᠷᠭᠤᠭᠰᠠᠨ ᠵᠡᠷᠭᠡᠯᠭᠡᠨ ᠨᠢ ᠬᠤᠯᠠᠨ ᠵᠡᠭᠡᠷ᠎ᠡ ᠰᠢᠭ ᠡᠮᠦᠨᠡᠬᠦᠷ ᠵᠢᠷᠢᠯᠵᠡᠨ ᠦᠩᠭᠡᠷᠡᠬᠦ ᠪᠠᠷ ᠨᠠᠳᠠ ᠳᠤ ᠡᠷᠭᠡ  ᠴᠢᠯᠦᠭᠡᠨ ᠤ ᠬᠠᠪᠤ ᠴᠡᠩᠭᠡᠯ ᠢ ᠡᠳ᠋ᠯᠡᠭᠦᠯᠤᠨ᠎ᠡ᠃           ︽ᠬᠠᠪᠤᠷ — ᠡᠶ᠎ᠡ ᠵᠤᠭᠢᠴᠠᠩᠭᠤᠢ᠂ ᠡᠭᠡ ᠤᠷᠤᠨ ᠤ ᠮᠠᠨᠳᠤᠯ ᠬᠦᠭᠵᠢᠯ ᠢ ᠬᠠᠷᠠᠭᠤᠯᠤᠭᠰᠠᠨ ᠴᠡᠩᠭᠡᠷ ᠦᠩᠭᠡ ᠲᠠᠢ ᠬᠤᠷᠸ᠎ᠠ︾ ᠭᠡᠰᠡᠨ ᠠᠪᠤ ᠶᠢᠨ ᠦᠭᠡ᠂ ︽ᠠᠮᠤᠭᠤᠯᠠᠩ ᠲᠦᠷᠦ ᠶᠢᠨ ᠮᠦᠩᠭᠡ ᠶᠢᠨ ᠰᠦᠷ ᠭᠡᠷᠡᠯ ᠁︾ ᠭᠡᠰᠡᠨ ᠡᠵᠢ ᠶᠢᠨ ᠶᠠᠷᠢᠶ᠎ᠠ ᠰᠤᠨᠤᠷ ᠢ ᠴᠢᠪᠠᠭᠳᠠᠨ ᠤᠢ ᠤᠬᠠᠭᠠᠨ ᠳᠤ ᠪᠠᠭᠤᠨ᠎ᠠ᠃            ᠪᠤᠷᠤᠭᠠᠨ ᠵᠦᠰᠡᠷᠡᠵᠦ ᠪᠤᠷᠤᠭᠠᠨ ᠤ ᠰᠢᠮ᠎ᠠ ᠬᠦᠷᠦᠰᠦᠨ ᠳᠤ ᠰᠢᠮᠡᠳᠴᠦ᠂ ᠦᠨᠳᠦᠰᠦᠨ ᠳᠤ ᠠᠭᠤᠰᠬᠤ ᠪᠤᠷᠤᠭᠠᠨ ᠤ ᠰᠤᠪᠤᠳ ᠱᠢᠷᠦ ᠶᠢᠨ ᠮᠦᠬᠦᠯᠢᠭ ᠤᠳ ᠠᠮᠢ ᠠᠮᠢᠵᠢᠷᠠᠯ ᠤᠨ ᠴᠡᠩᠭᠡᠷ ᠵᠤᠨ ᠤ ᠠᠶᠠᠯᠭᠤ ᠪᠤᠯᠵᠦ ᠠᠮᠢᠯᠠᠭᠠᠳ ᠠᠭᠠᠷ ᠤᠭᠳᠠᠷᠭᠤᠢ ᠳᠤ ᠬᠠᠩᠭᠢᠨᠠᠨ ᠲᠠᠭᠤᠷᠢᠰᠤᠨ᠎ᠠ᠃ ᠴᠡᠴᠡᠭ ᠤᠨ ᠲᠠᠯᠠᠢ᠂ ᠴᠡᠩᠭᠡᠯ ᠤᠨ ᠬᠤᠷᠸ᠎ᠠ ᠵᠤᠨ ᠭᠡᠵᠦ ᠮᠢᠨᠦ ᠰᠤᠤ ᠪᠢᠯᠢᠭᠳᠦ ᠡᠭᠡ ᠤᠷᠤᠨ ᠤ ᠭᠡᠵᠢᠶᠡᠳᠡ ᠦᠳᠡᠯᠤᠰᠢ ᠦᠭᠡᠢ᠂ ᠵᠢᠪᠬᠤᠭ᠎ᠠ ᠲᠡᠬᠦᠯᠳᠡᠷ ᠵᠢᠰᠦ ᠦᠩᠭᠡ ᠪᠠᠶᠢᠵᠦ ᠲᠠᠭᠠᠷᠠᠨ᠎ᠠ᠃ ᠦᠵᠡᠬᠦ ᠦᠭᠡᠢ ᠤᠤ︖ ᠪᠤᠷᠤᠭᠠᠨ ᠤ ᠲᠠᠷᠠᠭ᠎ᠠ ᠲᠠᠳᠠᠭᠰᠠᠨ ᠲᠤᠯᠤᠭᠠᠨ ᠦᠩᠭᠡ ᠶᠢᠨ ᠰᠤᠯᠤᠩᠭ᠎ᠠ ᠬᠦᠰᠡᠯ ᠢᠳᠡᠭᠡᠯ ᠤᠨ ᠪᠡᠯᠭᠡᠳᠡᠯ ᠪᠤᠯᠵᠦ ᠭᠠᠵᠠᠷ ᠲᠡᠭᠷᠢ ᠶᠢ ᠬᠤᠯᠪᠤᠭᠠᠳ ᠰᠠᠴᠤᠷᠠᠨ᠎ᠠ ᠭᠡᠵᠦ ᠳ᠋ᠠ⁈           ︽ᠬᠤᠷᠤᠭᠤ ᠪᠠᠷ ᠢᠶᠠᠨ ᠪᠤᠤ ᠵᠢᠭ᠎ᠠ︕︾ ᠭᠡᠵᠦ ᠪᠠᠭ᠎ᠠ ᠳᠤ ᠡᠵᠢ ᠮᠢᠨᠢ ᠰᠠᠨᠠᠭᠤᠯᠳᠠᠭ ᠪᠠᠶᠢᠯ᠎ᠠ᠃ ᠰᠠᠶᠢᠨ ᠰᠠᠶᠢᠬᠠᠨ ᠢ ᠡᠷᠭᠢᠮᠯᠡᠨ ᠬᠦᠨᠳᠤᠳᠭᠡᠳᠡᠭ ᠮᠤᠩᠭᠤᠯ ᠡᠵᠢ ᠶᠢᠨ ᠰᠠᠨᠠᠭ᠎ᠠ ᠪᠤᠷᠬᠠᠨ ᠠᠴᠠ ᠶᠠᠭᠤᠨ ᠲᠤᠳᠠᠭᠤ ᠪᠤᠢ︖ ᠡᠭᠡ ᠤᠷᠤᠨᠴᠢ ᠬᠠᠶᠢᠷ᠎ᠠ ᠭᠡᠵᠦ ᠡᠨᠡ ᠪᠢᠵᠠ︖      ᠬᠤᠤᠰ ᠡᠷᠪᠡᠭᠡᠢ ᠨᠢᠳᠦᠨ ᠲᠤᠳᠤᠷ᠎ᠠ ᠨᠢᠰᠦᠨ᠎ᠡ᠂ ᠵᠤᠨ ᠤ ᠦᠵᠡᠮᠦᠷᠢ ᠲᠤᠳᠤᠷ᠎ᠠ ᠡᠷᠭᠡᠯᠡᠨ ᠨᠢᠰᠦᠨ᠎ᠡ᠂ ᠯᠤᠭᠢᠭ ᠵᠦᠢ ᠶᠢᠨ ᠵᠦᠢᠴᠢᠯᠡᠯ ᠲᠤᠳᠤᠷ᠎ᠠ ᠨᠢᠰᠦᠨ᠎ᠡ᠂ ᠬᠦᠮᠦᠨ ᠠᠷᠠᠳ ᠤᠨ ᠬᠤᠯᠪᠤᠨ ᠪᠤᠳᠤᠯᠳᠠ ᠶᠢ ᠲᠡᠯᠡᠵᠦ ᠨᠢᠰᠦᠨ᠎ᠡ ᠁           ᠵᠤᠨ — ᠵᠢᠷᠤᠭ ᠰᠢᠭ ᠰᠠᠶᠢᠬᠠᠨ︕ ᠵᠤᠯᠪᠤᠭ᠎ᠠ ᠭᠡᠶᠢᠮᠤᠷᠢ ᠶᠢ ᠰᠡᠷᠭᠦᠭᠡᠭᠰᠡᠨ ᠲᠠᠭᠤᠤ ᠰᠢᠯᠦᠭ ᠤᠨ ᠶᠢᠷᠳᠢᠨᠴᠤ᠃ ᠡᠪ ᠬᠠᠮᠳᠤ ᠶᠢᠨ ᠨᠡᠶᠢᠭᠡᠮ ᠢ ᠵᠤᠷᠢᠭᠰᠠᠨ ᠮᠢᠨᠦ ᠡᠭᠡ ᠤᠷᠤᠨ ᠤ ᠪᠠᠶᠠᠷ ᠢᠶᠠᠷ ᠪᠢᠯᠬᠠᠭᠰᠠᠨ ᠭᠠᠯᠪᠢᠷ ᠲᠦᠷᠬᠦ᠃            ᠲᠠᠪᠤᠨ ᠲᠠᠷᠢᠶ᠎ᠠ ᠬᠠᠯᠢᠭᠤᠷᠠᠵᠦ ᠲᠤᠯᠤᠭᠠᠳ ᠤᠨ ᠴᠠᠭᠠᠨ᠎ᠠ ᠲᠡᠷᠡ ᠶᠡᠭᠡ ᠦᠩ ᠰᠢᠮᠡᠯᠢᠭ ᠪᠡᠯᠴᠢᠭᠡᠷ ᠲᠤ ᠦᠭᠡᠷ ᠤᠨ ᠰᠦᠷᠦᠭ ᠲᠠᠪᠠᠳᠠᠢ ᠪᠡᠯᠴᠢᠨ᠎ᠡ᠃ ᠰᠡᠷᠡᠶᠢᠭᠰᠡᠨ ᠬᠤᠶᠠᠷ ᠡᠪᠡᠷ ᠨᠢ ᠲᠡᠭᠷᠢ ᠲᠡᠭᠡᠷ᠎ᠡ ᠦᠰᠦᠭ ᠪᠢᠴᠢᠨ᠎ᠡ᠃ ᠲᠦᠷᠪᠡᠨ ᠲᠤᠭᠤᠷᠠᠢ ᠨᠢ ᠭᠠᠵᠠᠷ ᠲᠡᠭᠡᠷ᠎ᠡ ᠵᠢᠷᠤᠭ ᠲᠠᠳᠠᠯᠠᠨ᠎ᠠ᠃ ᠶᠠᠭᠠᠭᠢᠭᠰᠠᠨ ᠭᠤᠶᠤ ᠪᠤᠢ⁈ ᠮᠠᠯᠴᠢᠳ ᠲᠡᠷᠡ ᠦᠰᠦᠭ ᠢ ᠨᠢᠳᠦᠯᠡᠵᠦ᠂ ᠲᠡᠷᠡ ᠵᠢᠷᠤᠭ ᠢ ᠬᠠᠷᠠᠵᠦ ᠪᠡᠶ᠎ᠡ ᠰᠡᠳᠭᠢᠯ ᠨᠢ ᠬᠦᠩᠭᠡᠷᠡᠨ᠎ᠡ᠃ ᠪᠢᠯᠢᠭ ᠤᠬᠠᠭᠠᠨ ᠨᠢ ᠴᠤᠭᠤᠷᠠᠨ᠎ᠠ᠃            ᠦᠳᠡ ᠶᠢᠨ ᠭᠤᠤᠯ ᠳᠤ ᠠᠳᠤᠭᠤᠳ ᠵᠡᠭᠦᠷᠮᠡᠭᠯᠡᠵᠦ ᠵᠤᠭᠰᠤᠬᠤ ᠳᠤ ᠤᠷᠭ᠎ᠠ ᠶᠢᠨ ᠲᠤᠯᠤᠭᠠᠢ ᠳᠤ ᠨᠠᠷᠠ ᠤᠶᠢᠷᠠᠳᠤᠭᠠᠳ ᠤᠰᠤᠨ ᠤ ᠵᠢᠭᠠᠰᠤ ᠦᠭᠡᠳᠡ ᠪᠠᠨ ᠴᠤᠯᠭᠢᠨ᠎ᠠ᠃ ᠲᠠᠯ᠎ᠠ ᠶᠢᠨ ᠲᠡᠨᠵᠢᠨ ᠳᠤ ᠤᠨᠠᠭ᠎ᠠ ᠲᠠᠭ᠎ᠠ ᠲᠤᠭᠯᠠᠬᠤ ᠳᠤ ᠬᠠᠶᠢᠯᠠᠰᠤᠨ ᠪᠤᠳᠠᠨ ᠲᠡᠭᠡᠷ᠎ᠡ ᠰᠠᠭᠤᠭᠰᠠᠨ ᠭᠤᠯᠢᠶ᠎ᠠ ᠴᠦ ᠠᠳᠠᠭᠠᠷᠬᠠᠭᠰᠠᠨ ᠰᠢᠭ ᠤᠳᠬ᠎ᠠ ᠪᠢᠳᠡᠬᠦᠦ ᠵᠢᠷ ᠵᠢᠷ ᠵᠢᠷᠭᠢᠨ᠎ᠡ᠃            ︽ᠠᠯᠳᠠᠨ ᠰᠢᠷᠭᠠᠯ ᠨᠠᠮᠤᠷ ᠭᠡᠵᠦ ᠪᠤᠷᠬᠠᠨ ᠡᠭᠡ ᠤᠷᠤᠨ ᠤ ᠪᠠᠶᠠᠨ ᠬᠦᠴᠦᠷᠭᠡᠭ ᠤᠨ ᠪᠡᠯᠭᠡᠳᠡᠯ ᠴᠦ ᠶᠤᠮ ᠤᠤ︖︾ ᠭᠡᠵᠦ ᠰᠠᠨᠠᠬᠤ ᠬᠤᠷᠤᠮ ᠤᠭᠳᠠᠷᠭᠤᠢ ᠪᠠᠷ ᠮᠦᠩᠬᠦᠨ ᠴᠠᠭᠠᠨ ᠨᠢᠰᠭᠡᠯ ᠬᠦᠩᠭᠢᠨᠡᠳᠡᠯ᠎ᠡ ᠨᠢᠰᠦᠭᠰᠡᠭᠡᠷ ᠦᠩᠭᠡᠷᠡᠨ᠎ᠡ᠃ ᠪᠢ ᠨᠢᠳᠦ ᠪᠠᠨ ᠵᠤᠷᠢᠭᠤᠳᠠ ᠠᠨᠢᠬᠤ ᠳᠤ ᠰᠢᠨ᠎ᠡ ᠬᠦᠳᠡᠭᠡ ᠲᠤᠰᠬᠤᠨ ᠤ ᠭᠡᠷ ᠪᠠᠷᠢᠯᠭ᠎ᠠ᠂ ᠵᠠᠮ ᠬᠠᠷᠢᠯᠴᠠᠭ᠎ᠠ᠂ ᠶᠠᠳᠠᠭᠤ ᠠᠴᠠ ᠪᠠᠨ ᠠᠩᠭᠢᠵᠢᠷᠠᠭᠰᠠᠨ ᠡᠷᠦᠭᠡ ᠶᠢᠨ ᠦᠭᠡᠳᠡ ᠲᠠᠢ ᠴᠢᠷᠠᠢ ᠂ ᠨᠠᠮ ᠡᠭᠡ ᠤᠷᠤᠨ ᠳᠠᠭᠠᠨ ᠲᠠᠯᠠᠷᠬᠠᠭᠰᠠᠨ ᠦᠭᠡ ᠭᠡᠯᠡᠯᠭᠡ ᠬᠠᠷᠠᠭᠠᠨ ᠳᠤ ᠲᠤᠳᠤᠷᠠᠵᠦ᠂ ᠰᠤᠨᠤᠷ ᠲᠤ ᠲᠤᠭᠤᠯᠳᠠᠬᠤ ᠰᠢᠭ ᠪᠤᠯᠬᠤ ᠶᠢ ᠪᠤᠤ ᠭᠡᠯᠡ᠃ ︽ᠲᠠᠷᠢᠵᠦ ᠠᠷᠴᠢᠬᠤ᠂ ᠬᠠᠳᠤᠵᠦ ᠬᠤᠷᠢᠶᠠᠬᠤ ᠬᠦᠷᠳᠡᠯ᠎ᠡ ᠪᠦᠷ ᠮᠠᠰᠢᠨ ᠢᠶᠠᠷ ᠶᠤᠮ᠃ ᠤᠳᠤ ᠶᠢᠨ ᠲᠠᠷᠢᠶᠠᠴᠢᠳ ᠦᠩᠭᠡᠷᠡᠭᠰᠡᠨ ᠢ ᠪᠤᠳᠤᠪᠠᠯ ᠵᠢᠷᠭᠠᠵᠦ ᠪᠤᠢ ᠁︾᠂ ︽ᠮᠠᠯ ᠤᠨᠤᠭ᠎ᠠ ᠶᠢ ᠪᠡᠯᠴᠢᠭᠡᠷ ᠲᠤᠨᠢ ᠲᠠᠯᠪᠢᠭᠠᠳ ᠭᠡᠷ ᠲᠡᠭᠡᠨ ᠰᠠᠭᠤᠵᠦ ᠺᠤᠮᠫᠢᠥ᠋ᠲ᠋ᠧᠷ ᠢᠶᠠᠷ ᠬᠠᠷᠠᠬᠤ ᠪᠤᠯᠵᠠᠢ ᠁︾ ᠭᠡᠰᠡᠨ ᠨᠠᠮᠤᠷ ᠤᠨ ᠶᠠᠷᠢᠶ᠎ᠠ ᠠᠭᠠᠷ ᠰᠦᠯᠡᠵᠦ ᠬᠠᠩᠭᠢᠨᠠᠨ ᠴᠤᠤᠷᠢᠶᠠᠳᠤᠬᠤ ᠰᠢᠭ ᠲᠤᠭᠤᠯᠳᠠᠬᠤ ᠶᠢ ᠶᠠᠭᠠᠭᠢᠨᠠᠮ᠃           ᠲᠡᠯᠡᠭᠡᠢ ᠳᠤ ᠭᠠᠭᠴᠠᠬᠠᠨ ᠡᠭᠡ ᠤᠷᠤᠨ ᠮᠢᠨᠦ︕          ᠴᠠᠰᠤ ᠨᠢ ᠠᠳᠠᠯ᠎ᠠ ᠬᠦᠮᠦᠨ ᠲᠤᠳᠤᠷ ᠲᠠᠢ᠂ ᠨᠢᠴᠦᠬᠦᠨ ᠵᠤᠭᠰᠤᠬᠤ ᠮᠤᠳᠤᠨ ᠤ ᠪᠠᠨ ᠨᠠᠪᠴᠢ ᠶᠢ ᠤᠷᠤᠯᠠᠨ ᠰᠡᠳᠭᠢᠯ ᠢ ᠨᠢ ᠠᠷᠭᠠᠳᠠᠨ᠎ᠠ᠃ ᠮᠢᠨᠦ ᠡᠭᠡ ᠤᠷᠤᠨ ᠤ ᠶᠠᠭᠤ ᠪᠦᠬᠦᠨ ᠪᠤᠶᠠᠨᠰᠠᠭ ᠮᠦᠷᠳᠡᠭᠡᠨ ᠦᠭᠭᠢᠶᠡᠮᠦᠷ ᠬᠠᠶᠢᠷ᠎ᠠ ᠲᠠᠢ᠃ ᠮᠦᠨ ᠴᠦ ᠭᠡᠨ ᠠᠯᠢ ᠪᠠᠨ ᠭᠠᠳᠠᠭᠤᠷᠴᠢᠯᠠᠬᠤ ᠦᠭᠡᠢ ᠬᠠᠷᠢᠯᠴᠠᠨ ᠲᠡᠮᠵᠢᠵᠦ ᠲᠤᠰᠠᠯᠠᠳᠠᠭ ᠢ ᠮᠡᠳᠡᠷᠡᠨ᠎ᠡ᠃          ︽ᠠᠭᠤᠯᠠ ᠴᠢᠯᠠᠭᠤ ᠪᠠᠨ ᠲᠠᠭᠠᠷᠠᠴᠢᠬᠠᠬᠤ ᠪᠤᠢ︖︾ ᠭᠡᠮᠡᠨ ᠴᠠᠰᠤ ᠨᠢ ᠬᠠᠯᠠᠭᠤᠬᠠᠨ ᠲᠡᠪᠡᠷᠢᠵᠦ ᠰᠦᠷ ᠢ ᠨᠢ ᠨᠡᠮᠡᠳᠡᠭ ᠪᠦᠭᠡᠳ ᠭᠤᠤᠯ ᠮᠦᠷᠡᠨ᠂ ᠨᠠᠭᠤᠷ ᠤᠰᠤ᠂ ᠵᠢᠭᠠᠰᠦ ᠵᠢᠷᠠᠭᠠᠬᠠᠢ ᠪᠠᠨ ᠵᠢᠷᠦᠭᠡᠨ ᠠᠴᠠ ᠪᠠᠨ ᠰᠠᠨᠠᠵᠦ ᠬᠠᠷᠠᠮᠨᠠᠬᠤ ᠳᠠᠭᠠᠨ ᠴᠠᠰᠤ ᠨᠢ ᠮᠦᠰᠦ ᠬᠤᠪᠢᠯᠵᠦ᠂ ᠪᠠᠭᠢᠯᠡᠨ ᠬᠠᠮᠠᠭᠠᠯᠠᠨ᠎ᠠ᠃ ︽ᠵᠢᠩᠭᠢᠨᠢ ᠬᠠᠶᠢᠷ᠎ᠠ ᠳᠤ ᠤᠷᠴᠢᠯᠠᠩ ᠵᠢᠷᠭᠠᠨ᠎ᠠ︾ ᠭᠡᠳᠡᠭ ᠢᠶᠠᠷ᠂ ᠭᠤᠨᠠᠨ ᠦᠭᠡᠷ ᠤᠨ ᠡᠪᠡᠷ ᠲᠡᠯᠪᠡ ᠬᠦᠯᠳᠡᠮᠡᠷ ᠭᠤᠷᠪᠠ ᠶᠢᠰᠤ ᠶᠢᠨ ᠬᠦᠢᠳᠡᠨ ᠳᠤ ᠭᠤᠤᠯ ᠤᠨ ᠤᠰᠤᠨ ᠠᠴᠠ ᠬᠠᠯᠠᠭᠤᠨ ᠠᠭᠤᠷ ᠰᠠᠪᠰᠠᠯᠠᠬᠤ ᠨᠢ ᠲᠡᠷᠡ ᠡ︕ ᠮᠢᠨᠦ ᠬᠤᠯᠪᠤᠨ ᠪᠤᠳᠤᠯᠳᠠ ᠳᠤ ᠲᠡᠷᠡ ᠨᠢ ᠡᠭᠡ ᠤᠷᠤᠨ ᠤ ᠬᠠᠶᠢᠷ᠎ᠠ ᠪᠤᠯᠵᠦ ᠬᠠᠮᠤᠭ ᠪᠡᠶ᠎ᠡ ᠶᠢ ᠲᠤᠯᠠᠭᠠᠴᠠᠭᠤᠯᠤᠨ᠎ᠠ᠃ ᠭᠡᠬᠦ ᠳᠡᠭᠡᠨ ᠢᠷᠠᠭᠤ ᠨᠠᠶᠢᠷᠠᠭᠴᠢ ᠦᠯᠵᠠᠶᠢᠳᠡᠬᠦᠰ ᠤᠨ ᠬᠦᠰᠡᠷ ᠬᠤᠷᠠᠭᠰᠠᠨ ᠨᠠᠪᠴᠢ ᠶᠢ ᠪᠤᠷᠬᠠᠨ ᠭᠡᠵᠦ ᠪᠤᠳᠤᠬᠤ ᠪᠠᠷ ᠲᠡᠭᠡᠬᠦᠷ ᠨᠢ ᠠᠯᠬᠤᠬᠤ ᠵᠤᠷᠢᠭ ᠦᠭᠡᠢ ᠵᠤᠭᠰᠤᠭᠰᠠᠨ ᠲᠦᠷᠢ ᠲᠦᠷᠬᠦ ᠠᠴᠠ ᠪᠢ ᠴᠠᠰᠤᠨ ᠤ ᠲᠡᠭᠡᠬᠦᠷ ᠱᠠᠵᠢᠭᠢᠨᠠᠳᠠᠯ᠎ᠠ ᠠᠯᠬᠤᠬᠤ ᠠᠴᠠ ᠵᠢᠷᠦᠭᠡ ᠡᠪᠡᠳᠦᠭᠡᠳ ᠬᠦᠯ ᠢᠶᠠᠨ ᠲᠠᠳᠠᠨ᠎ᠠ ᠃ ᠤᠴᠢᠷ ᠨᠢ ᠰᠢᠷᠭᠡᠭ ᠴᠠᠰᠤ ᠴᠦ ᠮᠢᠨᠦ ᠡᠭᠡ ᠤᠷᠤᠨ ᠤ ᠬᠢ︕ ᠭᠠᠵᠠᠷ ᠤᠨ ᠬᠦᠷᠦᠰᠦ ᠨᠢ ᠴᠦ ᠡᠪᠡᠰᠦ ᠮᠤᠳᠤᠨ ᠤ ᠪᠠᠨ ᠦᠨᠳᠦᠰᠦ ᠶᠢ ᠬᠠᠯᠠᠭᠤᠬᠠᠨ ᠲᠡᠪᠡᠷᠢᠵᠦ ᠡᠪᠦᠯ ᠢ ᠦᠡᠭᠭᠡᠷᠡᠭᠦᠯᠤᠨ᠎ᠡ᠃ ᠲᠡᠶᠢᠮᠦ ᠠᠴᠠ ᠤᠷᠭᠤᠮᠠᠯ ᠤᠨ ᠦᠨᠳᠦᠰᠦ ᠪᠦᠬᠦᠨ ᠡᠭᠡ ᠭᠠᠵᠠᠷ ᠲᠠᠭᠠᠨ ᠡᠷᠭᠡᠯᠡᠬᠦ ᠪᠠᠷ ᠪᠠᠷᠠᠬᠤ ᠦᠭᠡᠢ ᠡᠷᠭᠢᠬᠦ ᠬᠠᠪᠤᠷ ᠢᠶᠠᠨ ᠵᠡᠭᠦᠳᠦᠯᠡᠵᠦ ᠦᠶᠦᠭ ᠵᠢᠷᠭᠠᠨ᠎ᠠ ᠳ᠋ᠠ᠃           ᠴᠠᠰᠤ — ᠬᠠᠶᠢᠷ᠎ᠠ᠃ ᠡᠪᠦᠯ ᠢ ᠲᠤᠯᠠᠭᠠᠯᠠᠭᠰᠠᠨ ᠠᠷᠢᠭᠤᠨ ᠲᠠᠷᠬᠠᠨ ᠬᠠᠶᠢᠷ᠎ᠠ᠃ ᠡᠭᠡ ᠤᠷᠤᠨ ᠤ ᠡᠩᠭᠡ ᠮᠡᠨᠳᠦ᠂ ᠡᠷᠡᠬᠦᠯ ᠰᠠᠷᠠᠭᠤᠯ᠂ ᠦᠭᠡᠳᠡ ᠡᠰᠡᠷᠡᠭ ᠢ ᠪᠡᠯᠭᠡᠳᠡᠭᠰᠡᠨ ᠦᠪᠡᠷᠮᠢᠴᠡ ᠭᠤᠸ᠎ᠠ ᠨᠢᠭᠡᠨ ᠭᠡᠯᠪᠡᠷᠢ ᠶᠢᠨ ᠮᠦᠩᠬᠦᠨ ᠴᠡᠴᠡᠭ ᠶᠤᠮ ᠰᠠᠨ᠃           ︽ᠲᠦᠷᠪᠡᠨ ᠴᠠᠭ ᠢᠶᠠᠷ ᠴᠡᠴᠡᠭ ᠰᠢᠭ ᠲᠡᠯᠭᠡᠷᠡᠵᠦ ᠬᠦᠭᠵᠢᠨ᠎ᠡ ᠳ᠋ᠡ︾ ᠭᠡᠵᠦ ᠬᠤᠯᠠ ᠶᠢ ᠬᠠᠷᠠᠨ ᠤᠮᠤᠭᠰᠢᠨ ᠪᠠᠶᠠᠰᠬᠤ ᠳᠤ ᠡᠭᠡ ᠤᠷᠤᠨ ᠤ ᠮᠢᠨᠢ ᠦᠩᠭᠡᠷᠡᠭᠰᠡᠨ ᠲᠡᠦᠭᠡ ᠪᠤᠳᠤᠭᠳᠠᠨ᠎ᠠ᠃ ᠲᠦᠮᠡᠨ ᠨᠢᠳᠦ ᠲᠠᠢ ᠲᠡᠭᠷᠢ ᠴᠦ ᠠᠷᠠᠳ ᠢᠶᠠᠨ ᠭᠡᠰᠡᠨ ᠠᠷᠢᠭᠤᠨ ᠰᠠᠨᠠᠭ᠎ᠠ᠂ ᠠᠯᠤᠰ ᠤᠨ ᠪᠤᠳᠤᠯ ᠢ ᠨᠢ ᠲᠠᠭᠠᠯᠠᠬᠤ ᠳᠠᠭᠠᠨ ᠡᠳᠦᠷ ᠪᠦᠷᠢ ᠰᠢᠵᠢᠷᠳᠦᠨ ᠲᠤᠶᠠᠭᠠᠷᠠᠨ᠎ᠠ᠃ ᠲᠡᠯᠡᠭᠡᠢ ᠭᠢᠵᠠᠭᠠᠷ ᠦᠭᠡᠢ ᠭᠡᠭᠡᠨ ᠰᠠᠷᠠᠭᠤᠯ ᠢᠷᠡᠭᠡᠳᠦᠢ ᠶᠢ ᠨᠢ ᠪᠠᠭ᠋ᠠᠷᠬᠠᠬᠤ ᠳᠠᠭᠠᠨ ᠤᠶᠠᠩᠭᠠᠯᠠᠨ ᠲᠠᠭᠤᠯᠠᠨ᠎ᠠ᠃           ᠮᠦᠩᠭᠡ ᠶᠢᠨ ᠬᠤᠳᠤᠭ ᠲᠠᠢ ᠡᠭᠡ ᠤᠷᠤᠨ — ᠡᠵᠢ ᠮᠢᠨᠦ᠃
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ