ᠦᠤᠰᠢᠨ ᠬᠤᠰᠢᠭᠤᠨ ᠤ ᠰᠦᠯᠳᠡ ᠰᠤᠮᠤᠨ ᠤ ᠨᠤᠮ ᠤᠨ ᠰᠠᠩ ᠤᠨ ᠬᠢᠨ ᠦᠷᠭᠦᠯᠵᠢ ᠨᠤᠮ ᠤᠡᠭᠰᠢᠬᠤ ᠠᠵᠢᠯᠯᠠᠭ᠎ᠠ ᠦᠷᠨᠢᠭᠦᠯᠪᠡ
ᠨᠡᠶᠢᠲᠡᠯᠡᠭᠰᠡᠨ ᠴᠠᠭ᠄
2022/10/19
      ᠨᠤᠮ ᠪᠢᠴᠢᠭ ᠪᠤᠯ ᠬᠡᠬᠡᠷᠡᠯ ᠤᠨ ᠴᠤᠩᠬᠤ᠂ ᠨᠤᠮ ᠪᠢᠴᠢᠭ ᠪᠤᠯ ᠰᠡᠭᠡᠭᠡᠷᠡᠯ ᠤᠨ ᠡᠬᠢ ᠪᠤᠯᠠᠭ᠃ ᠦᠤᠰᠢᠨ ᠬᠤᠰᠢᠭᠤᠨ ᠤ ᠰᠦᠯᠳᠡ ᠰᠤᠮᠤᠨ ᠤ ᠨᠤᠮ ᠤᠨ ᠰᠠᠩ ᠤᠨ ᠬᠢᠨ ᠦᠷᠭᠦᠯᠵᠢ ᠨᠤᠮ ᠤᠡᠭᠰᠢᠬᠤ ᠠᠵᠢᠯᠯᠠᠭ᠎ᠠ ᠦᠷᠨᠢᠭᠦᠯᠵᠤ᠂ ᠨᠤᠮ ᠪᠢᠴᠢᠭ ᠲᠤ ᠪᠠᠭ᠋ᠠᠲᠠᠢ ᠬᠦᠮᠦᠰ ᠲᠤ ᠤᠶᠤᠨ ᠤ ᠬᠦᠨᠡᠰᠦ ᠬᠠᠨᠭ᠍ᠭᠠᠳᠠᠭ᠃ ᠤᠶᠢᠷ᠎ᠠ ᠳᠤ ᠰᠦᠯᠳᠡ ᠰᠤᠮᠤᠨ ᠤ ᠨᠤᠮ ᠤᠨ ᠰᠠᠩ ᠳᠤ ᠮᠦᠡᠭᠭᠡ᠂ ᠮᠢᠩᠭᠠᠨᠪᠤᠤ᠂ ᠪᠠᠪᠤᠤ᠂ ᠪᠠᠶᠠᠨᠪᠦ᠋ᠷᠭᠦᠳ᠂ ᠯᠢᠶᠠᠩ ᠬᠦᠸᠧ ᠵᠤ᠋ ᠵᠡᠷᠭᠡ ᠨᠤᠮ ᠤᠨ ᠬᠤᠷᠤᠬᠠᠶᠢᠲᠠᠨ ᠬᠦᠷᠦᠯᠴᠡᠨ ᠢᠷᠡᠵᠤ᠂ ᠨᠤᠮ ᠤᠡᠭᠰᠢᠬᠤ ᠶᠢᠨ ᠲᠠᠭᠠᠤ ᠨᠤᠮ ᠪᠢᠴᠢᠭ ᠤᠨ ᠲᠤᠭᠤᠷᠢᠨ ᠳᠤ ᠶᠠᠷᠢᠯᠴᠠᠭ᠎ᠠ ᠦᠷᠨᠢᠭᠦᠯᠦ᠋ᠭᠰᠡᠨ ᠪᠦᠭᠡᠳ ᠪᠤᠴᠠᠬᠤ ᠳᠠᠭᠠᠨ ᠬᠦᠮᠦᠨ ᠪᠤᠯᠭᠠᠨ ᠬᠤᠶᠠᠷ ᠨᠤᠮ ᠵᠢᠬᠡᠯᠡᠵᠤ᠂ ᠰᠠᠷ᠎ᠠ ᠶᠢᠨ ᠲᠠᠷᠠᠭ᠎ᠠ ᠵᠢᠬᠡᠯᠡᠭᠰᠡᠨ ᠨᠤᠮ ᠤᠨ ᠢᠶᠠᠨ ᠲᠤᠬᠠᠢ ᠶᠠᠷᠢᠯᠴᠠᠭ᠎ᠠ ᠦᠷᠨᠢᠭᠦᠯᠭᠦ ᠪᠠᠷ ᠪᠤᠯᠪᠠ᠃ ︵ᠶᠦᠡᠭᠷᠦᠩᠪᠠᠯ ᠰᠡᠬᠦᠳᠡᠷᠯᠡᠪᠡ︶ 
2022-09-30-349c8c2397-5ff8-47c0-8130-4080ca39a0c7.jpg
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ