ᠪᠦᠬᠦᠨ ᠢᠶᠠᠷ ᠢᠶᠠᠨ ᠪᠢᠯᠢᠭ ᠴᠢᠨᠠᠷ ᠢᠯᠡᠷᠡᠪᠡ
ᠨᠡᠶᠢᠲᠡᠯᠡᠭᠰᠡᠨ ᠴᠠᠭ᠄
2022/10/12
        ᠳᠠᠯᠠᠳ ᠬᠤᠰᠢᠭᠤ            10 ᠰᠠᠷ᠎ᠠ ᠶᠢᠨ 11 ᠤ ᠡᠳᠦᠷ ᠲᠠᠯᠠᠳ ᠬᠤᠰᠢᠭᠤ ᠱᠠᠭᠵᠠᠮᠤᠨᠢ ᠪᠠᠯᠭᠠᠰᠤ ᠶᠢᠨ 6 ᠵᠡᠭᠡᠯᠢ ᠭᠤᠳᠤᠮᠵᠢ᠂ ᠪᠠᠯᠭᠠᠰᠤᠨ ᠤ ᠲᠡᠭᠦᠷᠭᠡ ᠶᠢᠨ 6 ᠵᠠᠰᠠᠭ ᠵᠠᠬᠢᠷᠭᠠᠨ ᠤ ᠲᠣᠰᠬᠤᠨ᠂ ᠲᠠᠯᠠᠳ ᠠᠵᠤ ᠠᠬᠤᠢ ᠶᠢᠨ ᠨᠡᠭᠡᠭᠡᠯᠲᠡ ᠶᠢᠨ ᠲᠣᠭᠤᠷᠢᠭ ᠲᠤ ᠵᠢᠷᠭᠤᠳᠤᠭᠠᠷ ᠡᠭᠡᠯᠵᠢ ᠶᠢᠨ ᠪᠥᠭᠡᠮ ᠬᠦᠴᠢᠯ ᠤᠨ ᠪᠠᠶᠢᠴᠠᠭᠠᠯᠲᠠ ᠬᠢᠵᠦ᠂ ᠨᠡᠶᠢᠲᠡ 181537 ᠬᠤᠪᠢ ᠥᠯᠢᠭᠡᠷ ᠠᠪᠴᠤ ᠪᠠᠶᠢᠴᠠᠭᠠᠭᠰᠠᠨ ᠤ ᠦᠷ᠎ᠠ ᠳ᠋ᠦᠩ ᠳᠤ ᠴᠥᠮ ᠪᠢᠯᠢᠭ ᠴᠢᠨᠠᠷ ᠢᠯᠡᠷᠡᠪᠡ᠃               ᠬᠠᠩᠭᠢᠨ ᠬᠤᠰᠢᠭᠤ              10 ᠰᠠᠷ᠎ᠠ ᠶᠢᠨ 11 ᠤ ᠡᠳᠦᠷ ᠬᠠᠩᠭᠢᠨ ᠬᠤᠰᠢᠭᠤ ᠬᠠᠩᠭᠢᠨ ᠤ ᠠᠵᠤ ᠠᠬᠤᠢ ᠶᠢᠨ ᠨᠡᠭᠡᠭᠡᠯᠳᠡ ᠶᠢᠨ ᠬᠦᠷᠢᠶᠡᠯᠡᠩ ᠲᠣᠭᠤᠷᠢᠭ᠂ 6 ᠰᠤᠮᠤ ᠪᠠᠯᠭᠠᠰᠤ ᠪᠣᠯᠣᠨ ᠲᠠᠷᠢᠶᠠᠨᠭᠤᠣᠯ ᠳᠤ ᠳᠥᠷᠪᠡᠳᠦᠭᠡᠷ ᠡᠭᠡᠯᠵᠢ ᠶᠢᠨ ᠪᠥᠭᠡᠮ ᠬᠦᠴᠢᠯ ᠤᠨ ᠪᠠᠶᠢᠴᠠᠭᠠᠯᠳᠠ ᠬᠢᠵᠦ᠂ ᠨᠡᠶᠢᠳᠡ 90975 ᠬᠤᠪᠢ ︵ᠡᠭᠦᠨ ᠳᠤ ᠰᠢᠨᠡᠪᠠᠯᠭᠠᠰᠤ 52811 ᠬᠤᠪᠢ︶ ᠥᠯᠢᠭᠡᠷ ᠠᠪᠴᠤ ᠪᠠᠶᠢᠴᠠᠭᠠᠭᠰᠠᠨ ᠤ ᠦᠷ᠎ᠠ ᠳ᠋ᠦᠩ ᠳᠤ ᠴᠥᠮ ᠪᠢᠯᠢᠭ ᠴᠢᠨᠠᠷ ᠢᠯᠡᠷᠡᠪᠡ᠃               ᠤᠳᠤᠭ ᠤᠨ ᠡᠮᠦᠨᠡᠲᠦ ᠬᠤᠰᠢᠭᠤ            10 ᠰᠠᠷ᠎ᠠ ᠶᠢᠨ 11 ᠤ ᠡᠳᠦᠷ ᠤᠳᠤᠭ ᠤᠨ ᠡᠮᠦᠨᠡᠲᠦ ᠬᠤᠰᠢᠭᠤ ᠤᠯᠵᠠᠴᠢ ᠪᠠᠯᠭᠠᠰᠤ᠂ ᠨᠠᠩᠰᠤ ᠪᠠᠯᠭᠠᠰᠤᠨ ᠳᠤ ᠪᠥᠭᠡᠮ ᠬᠦᠴᠢᠯ ᠤᠨ ᠪᠠᠶᠢᠴᠠᠭᠠᠯᠳᠠ ᠬᠢᠵᠦ᠂ ᠨᠡᠶᠢᠳᠡ 46792 ᠬᠤᠪᠢ ᠥᠯᠢᠭᠡᠷ ᠠᠪᠴᠤ ᠪᠠᠶᠢᠴᠠᠭᠠᠭᠰᠠᠨ ᠤ ᠦᠷ᠎ᠠ ᠳ᠋ᠦᠩ ᠳᠤ ᠴᠥᠮ ᠪᠢᠯᠢᠭ ᠴᠢᠨᠠᠷ ᠢᠯᠡᠷᠡᠪᠡ᠃  
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ