ᠬᠢᠶ᠎ᠠ ᠪᠠᠭᠰᠢ ᠲᠣᠭᠤᠷᠢᠭ ᠤᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠬᠠᠮᠢᠶᠠᠷᠤᠯᠲᠠ ᠶᠢᠨ ᠬᠡᠷᠡᠭᠵᠢᠭᠦᠯᠬᠦ ᠨᠠᠷᠢᠨ ᠲᠦᠷᠢᠮ ᠢ ᠳᠠᠷᠤᠮᠠᠯᠯᠠᠨ ᠶᠠᠪᠤᠭᠤᠯᠬᠤ ᠲᠤᠬᠠᠶ ᠣᠷᠳᠣᠰ ᠬᠤᠲᠠ ᠶᠢᠨ ᠬᠢᠶ᠎ᠠ ᠪᠠᠭᠰᠢ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠮᠡᠳᠡᠭᠳᠡᠯ
ᠨᠡᠶᠢᠲᠡᠯᠡᠭᠰᠡᠨ ᠴᠠᠭ᠄
2022/1/17
                  ᠣᠷᠳᠣᠰ ᠬᠢᠶ᠎ᠠ ᠵᠠᠰᠠᠭ ᠲᠠᠷᠬᠠᠭᠠᠭᠰᠠᠨ〔2021〕74  ᠳ᠋ᠦ᠋ᠭᠡᠷ ᠳᠣᠭᠠᠳᠣᠡᠯ᠎ᠡ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠲᠣᠭᠤᠷᠢᠭ ᠤᠨ ᠰᠢᠭᠤᠳ ᠬᠠᠷᠢᠶ᠎ᠠ ᠡᠯ᠎ᠡ ᠰᠠᠯᠠᠭ᠎ᠠ ᠮᠥᠴᠢᠷ᠂ ᠡᠯ᠎ᠡ ᠰᠢᠭᠤᠳ ᠬᠠᠮᠢᠶᠠᠷᠤᠯᠲᠠ ᠶᠢᠨ ᠰᠠᠯᠠᠭ᠎ᠠ ᠮᠥᠴᠢᠷ᠂ ᠡᠯ᠎ᠡ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠳᠤ᠄            ︽ᠬᠢᠶ᠎ᠠ ᠪᠠᠭᠰᠢ ᠲᠣᠭᠤᠷᠢᠭ ᠤᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠬᠠᠮᠢᠶᠠᠷᠤᠯᠲᠠ ᠶᠢᠨ ᠬᠡᠷᠡᠭᠵᠢᠭᠦᠯᠬᠦ ᠨᠠᠷᠢᠨ ᠲᠦᠷᠢᠮ︾ ᠢ ᠲᠣᠭᠤᠷᠢᠭ ᠤᠨ ᠵᠠᠰᠠᠭ ᠤᠨ ᠣᠷᠳᠣᠨ ᠤ ᠠᠷᠪᠠᠨ ᠳᠣᠯᠣᠳᠤᠭᠠᠷ ᠣᠳᠠᠭᠠᠨ ᠤ ᠪᠠᠶᠢᠩᠭᠤ ᠶᠢᠨ ᠬᠤᠷᠠᠯ ᠢᠶᠠᠷ ᠰᠤᠳᠤᠯᠤᠨ ᠪᠠᠲᠤᠯᠠᠭᠠᠳ᠂ ᠡᠳᠦᠭᠡ ᠲᠠᠨᠠᠷ ᠲᠤ ᠳᠠᠷᠤᠮᠠᠯᠯᠠᠨ ᠶᠠᠪᠤᠭᠤᠯᠤᠯ᠎ᠠ᠂ ᠪᠣᠳᠠᠲᠠᠶ ᠲᠠᠢ ᠪᠠᠨ ᠤᠶᠠᠯᠳᠤᠭᠤᠯᠤᠨ᠂ ᠬᠢᠨᠠᠮᠠᠭᠠᠶ  ᠲᠤᠭᠤᠰᠢᠯᠠᠭᠤᠯᠤᠨ ᠬᠡᠷᠡᠭᠵᠢᠭᠦᠯᠲᠦᠭᠡᠶ᠃                                                                   ᠤᠷᠳᠤᠰ ᠬᠤᠳᠠ ᠶᠢᠨ ᠬᠢᠶ᠎ᠠ ᠪᠠᠭᠰᠢ ᠲᠣᠭᠤᠷᠢᠭ ᠤᠨ                                                           ᠠᠷᠠᠳ ᠤᠨ ᠵᠠᠰᠠᠭ ᠤᠨ ᠣᠷᠳᠣᠨ                                                                    2021 ᠣᠨ ᠤ 10 ᠰᠠᠷ᠎ᠠ ᠶᠢᠨ 25                          ᠬᠢᠶ᠎ᠠ ᠪᠠᠭᠰᠢ ᠲᠣᠭᠤᠷᠢᠭ ᠤᠨ ᠣᠯᠠᠨ ᠨᠡᠶᠢᠲᠡ ᠶᠢᠨ ᠲᠦᠷᠢᠶᠡᠰᠦᠨ ᠣᠷᠣᠨ                         ᠰᠠᠭᠤᠴᠠ ᠶᠢᠨ ᠬᠠᠮᠢᠶᠠᠷᠤᠯᠲᠠ ᠶᠢᠨ ᠬᠡᠷᠡᠭᠵᠢᠭᠦᠯᠬᠦ ᠨᠠᠷᠢᠨ ᠳᠥᠷᠢᠮ            ᠨᠢᠭᠡᠳᠦᠭᠡᠷ ᠪᠦᠯᠦᠭ     ᠶᠡᠷᠦᠩᠬᠡᠢ ᠲᠦᠷᠢᠮ       ᠨᠢᠭᠡᠳᠦᠭᠡᠷ ᠵᠦᠢᠯ   ᠬᠢᠶ᠎ᠠ ᠪᠠᠭᠰᠢ ᠲᠣᠭᠤᠷᠢᠭ ᠤᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠡᠵᠡᠩᠨᠡᠯᠲᠡ ᠪᠠ ᠬᠠᠮᠢᠶᠠᠷᠤᠯᠲᠠ ᠶᠢ ᠤᠯᠠᠮ ᠨᠢᠭᠡ ᠠᠯᠬᠤᠮ ᠴᠢᠩᠭᠠᠳᠬᠠᠬᠤ ᠶᠢᠨ ᠲᠥᠯᠥᠭᠡ᠂ ᠬᠠᠷᠢᠶᠠᠲᠤ ᠣᠷᠣᠨ ᠤ ᠣᠷᠣᠨ ᠰᠠᠭᠤᠴᠠ ᠶᠢᠨ ᠬᠦᠴᠢᠷᠳᠡᠯᠲᠡᠶ ᠬᠥᠮᠦᠰ ᠤᠨ ᠣᠷᠣᠨ ᠰᠠᠭᠤᠴᠠ ᠶᠢᠨ ᠬᠡᠷᠡᠭᠴᠡᠭᠡ ᠶᠢ ᠦᠨᠡᠨᠬᠦ ᠪᠠᠲᠤᠯᠠᠵᠤ᠂ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ 《ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠬᠠᠮᠢᠶᠠᠷᠤᠯᠲᠠ ᠶᠢᠨ ᠬᠠᠣᠯᠢ 》︵ᠣᠷᠣᠨ ᠰᠠᠭᠤᠴᠠ ᠪᠠ ᠬᠤᠳᠠ ᠬᠥᠳᠡᠭᠡ ᠶᠢᠨ ᠪᠦᠳᠦᠭᠡᠨ ᠪᠠᠶᠢᠭᠤᠯᠤᠯᠲᠠ ᠶᠢᠨ ᠶᠠᠮᠤᠨ ᠤ ᠵᠠᠷᠯᠢᠭ ﹇2012﹈ 11  ᠳ᠋ᠦ᠋ᠭᠡᠷ ᠲᠣᠭᠠᠲᠤ︶  《 2020 ᠣᠨ ᠤ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠪᠠᠲᠤᠯᠠᠭ᠎ᠠ ᠶᠢᠨ ᠠᠵᠢᠯ ᠤᠨ ᠭᠤᠤᠯᠳᠠᠯᠭ᠎ᠠ ᠶᠢ ᠳᠠᠷᠤᠮᠠᠯᠯᠠᠨ ᠶᠠᠪᠤᠭᠤᠯᠬᠤ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠢᠩᠬᠢᠮ ᠤᠨ ᠮᠡᠳᠡᠭᠳᠡᠯ 》︵ᠥᠪᠥᠷ ᠪᠥᠲᠥᠭᠡᠨ ᠪᠠᠶᠢᠭᠤᠯᠤᠯᠲᠠ ᠶᠢᠨ ᠪᠠᠲᠤᠯᠠᠭ᠎ᠠ ᠶᠢᠨ ᠵᠠᠬᠢᠳᠠᠯ ︹ 2020 ︺ 240 ᠳ᠋ᠦ᠋ᠭᠡᠷ ᠲᠣᠭᠠᠲᠤ︶ ︽ᠬᠤᠲᠠ ᠪᠠᠯᠭᠠᠰᠣᠨ ᠤ ᠬᠦᠴᠢᠷᠳᠡᠯᠲᠡᠶ ᠠᠵᠢᠯᠲᠠᠨ ᠠᠵᠢᠯᠴᠢᠨ ᠵᠡᠷᠭᠡ ᠭᠤᠤᠯᠳᠠᠯᠭ᠎ᠠ ᠲᠠᠢ ᠬᠥᠮᠦᠰ ᠤᠨ ᠣᠷᠣᠨ ᠰᠠᠭᠤᠴᠠ ᠶᠢᠨ ᠪᠠᠲᠤᠯᠠᠭ᠎ᠠ ᠶᠢᠨ ᠠᠵᠢᠯ ᠢ ᠤᠯᠠᠮ ᠨᠢᠭᠡ ᠠᠯᠬᠤᠮ ᠰᠠᠶᠢᠲᠤᠷ ᠬᠢᠬᠦ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠢᠩᠬᠢᠮ ᠤᠨ ᠬᠡᠷᠡᠭᠵᠢᠭᠦᠯᠬᠦ ᠲᠥᠰᠦᠯ︾ ︵ᠥᠪᠥᠷ ᠪᠥᠲᠥᠭᠡᠨ ᠪᠠᠶᠢᠭᠤᠯᠤᠯᠲᠠ ᠶᠢᠨ ᠪᠠᠲᠤᠯᠠᠭ᠎ᠠ ︹ 2019 ︺ 160 ᠳ᠋ᠤᠭᠠᠷ ᠲᠣᠭᠠᠲᠤ︶ ︽ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠪᠠ ᠬᠢᠮᠳᠠ ᠲᠦᠷᠢᠶᠡᠰᠦᠨ ᠣᠷᠣᠨ ᠰᠠᠭᠤᠴᠠ ᠶᠢ ᠨᠢᠭᠡᠳᠬᠡᠨ ᠶᠠᠪᠤᠭᠳᠠᠭᠤᠯᠬᠤ ᠲᠤᠬᠠᠶ ᠣᠷᠳᠣᠰ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠬᠡᠷᠡᠭᠵᠢᠭᠦᠯᠬᠦ ᠰᠠᠨᠠᠯ ︾ ︵ᠣᠷᠳᠣᠰ    ᠵᠠᠰᠠᠭ ᠲᠠᠷᠬᠠᠭᠠᠭᠰᠠᠨ ︹ 2014 ︺ 85 ᠳ᠋ᠤᠭᠠᠷ ᠲᠣᠭᠠᠲᠤ︶ ᠵᠡᠷᠭᠡ ᠬᠠᠮᠢᠶ᠎ᠠ ᠪᠥᠬᠦᠶ ᠲᠣᠭᠲᠠᠭᠠᠯ ᠢ ᠦᠨᠳᠦᠰᠦᠯᠡᠵᠦ᠂ ᠬᠢᠶ᠎ᠠ ᠪᠠᠭᠰᠢ ᠲᠣᠭᠤᠷᠢᠭ ᠤᠨ ᠪᠣᠳᠠᠲᠤ ᠪᠠᠶᠢᠳᠠᠯ ᠲᠠᠢ ᠤᠶᠠᠯᠳᠤᠭᠤᠯᠤᠨ᠂ ᠲᠣᠰ ᠨᠠᠷᠢᠨ ᠲᠦᠷᠢᠮ ᠢ ᠲᠣᠭᠲᠠᠭᠠᠪᠠ᠃        ᠬᠤᠶᠠᠳᠤᠭᠠᠷ ᠵᠦᠢᠯ   ᠲᠣᠰ ᠨᠠᠷᠢᠨ ᠲᠦᠷᠢᠮ ᠢ ᠬᠢᠶ᠎ᠠ ᠪᠠᠭᠰᠢ ᠲᠣᠭᠤᠷᠢᠭ ᠤᠨ ᠬᠡᠪᠴᠢᠶᠡᠨ ᠳᠠᠬᠢ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠭᠤᠶᠤᠴᠢᠯᠠᠬᠤ᠂ ᠬᠢᠨᠠᠨ ᠬᠠᠷᠭᠤᠭᠤᠯᠬᠤ᠂ ᠬᠤᠪᠢᠶᠠᠷᠢᠯᠠᠬᠤ᠂ ᠬᠡᠷᠡᠭᠯᠡᠬᠦ᠂ ᠪᠤᠴᠠᠭᠠᠨ ᠭᠠᠷᠬᠤ ᠪᠠ ᠡᠵᠡᠩᠨᠡᠵᠦ ᠬᠠᠮᠢᠶᠠᠷᠬᠤ ᠳᠤ ᠬᠡᠷᠡᠭᠯᠡᠨ᠎ᠡ᠃            ᠭᠤᠷᠪᠠᠳᠤᠭᠠᠷ ᠵᠦᠢᠯ  ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠬᠠᠮᠢᠶᠠᠷᠤᠯᠲᠠ ᠶᠢᠨ ᠭᠤᠤᠯ ᠴᠣᠭᠴᠠ ᠪᠣᠯ ᠬᠢᠶ᠎ᠠ ᠪᠠᠭᠰᠢ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ︵ᠳᠣᠷᠣᠭᠰᠢ ︽ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ︾ ᠭᠡᠵᠦ ᠲᠣᠪᠴᠢᠯᠠᠨ᠎ᠠ︶ ᠂ ᠲᠣᠰ ᠵᠠᠰᠠᠭ ᠵᠠᠬᠢᠷᠭᠠᠨ ᠤ ᠣᠷᠣᠨ ᠤ ᠳᠣᠲᠣᠷᠠᠬᠢ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠬᠤ᠂ ᠭᠤᠶᠤᠴᠢᠯᠠᠬᠤ᠂ ᠬᠢᠨᠠᠨ ᠬᠠᠷᠭᠤᠭᠤᠯᠬᠤ᠂ ᠬᠤᠪᠢᠶᠠᠷᠢᠯᠠᠬᠤ᠂ ᠡᠳᠦᠷ ᠲᠤᠲᠤᠮ ᠤᠨ ᠡᠵᠡᠩᠨᠡᠯᠲᠡ᠂  ᠬᠢᠨᠠᠨ ᠪᠠᠶᠢᠴᠠᠭᠠᠵᠤ ᠬᠢᠨᠠᠯᠲᠠ ᠲᠠᠯᠪᠢᠬᠤ ᠵᠡᠷᠭᠡ ᠬᠠᠮᠢᠶᠠᠷᠤᠯᠲᠠ ᠶᠢᠨ ᠠᠵᠢᠯ ᠢ ᠬᠠᠷᠢᠭᠤᠴᠠᠨ᠎ᠠ᠃        ᠳᠥᠷᠪᠡᠳᠦᠭᠡᠷ ᠵᠦᠢᠯ   ᠬᠢᠶ᠎ᠠ ᠪᠠᠭᠰᠢ ᠲᠣᠭᠤᠷᠢᠭ ᠤᠨ ᠠᠷᠠᠳ ᠤᠨ ᠶᠠᠪᠤᠳᠠᠯ ᠤᠨ ᠲᠣᠪᠴᠢᠶ᠎ᠠ᠂ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ ︵ᠨᠡᠶᠢᠭᠡᠮ ᠤᠨ ᠳᠠᠭᠠᠳᠬᠠᠯ︶᠂ ᠴᠡᠷᠢᠭ ᠤᠨ ᠠᠯᠪᠠ ᠠᠴᠠ ᠬᠠᠯᠠᠭᠳᠠᠭᠰᠠᠳ ᠤᠨ ᠶᠠᠪᠤᠳᠠᠯ ᠤᠨ ᠲᠣᠪᠴᠢᠶ᠎ᠠ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠭᠠᠶᠢᠯᠢ ᠶᠢᠨ ᠶᠠᠪᠤᠳᠠᠯ ᠤᠨ ᠲᠣᠪᠴᠢᠶ᠎ᠠ᠂ ᠬᠤᠲᠠ ᠶᠢᠨ ᠪᠠᠶᠢᠭᠠᠯᠢ ᠶᠢᠨ ᠡᠬᠢ ᠪᠠᠶᠠᠯᠢᠭ ᠤᠨ ᠳᠤᠪᠴᠢᠶᠠᠨ ᠤ ᠬᠢᠶ᠎ᠠ ᠪᠠᠭᠰᠢ ᠲᠣᠭᠤᠷᠢᠭ ᠤᠨ ᠬᠤᠪᠢᠶᠠᠷᠢ ᠲᠣᠪᠴᠢᠶ᠎ᠠ᠂ ᠬᠤᠲᠠ ᠶᠢᠨ ᠳᠣᠲᠣᠭᠠᠳᠤ ᠶᠢ ᠬᠠᠮᠠᠭᠠᠯᠠᠬᠤ ᠳᠤᠪᠴᠢᠶᠠᠨ ᠤ ᠬᠢᠶ᠎ᠠ ᠪᠠᠭᠰᠢ ᠬᠤᠪᠢᠶᠠᠷᠢ ᠲᠣᠪᠴᠢᠶ᠎ᠠ᠂ ᠬᠤᠲᠠ ᠶᠢᠨ ᠳᠣᠲᠣᠭᠠᠳᠤ ᠶᠢ ᠬᠠᠮᠠᠭᠠᠯᠠᠬᠤ ᠳᠤᠪᠴᠢᠶᠠᠨ ᠤ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠪᠤᠷᠢ ᠠᠩᠭᠢ ᠶᠢᠨ ᠬᠢᠶ᠎ᠠ ᠪᠠᠭᠰᠢ ᠲᠣᠭᠤᠷᠢᠭ ᠤᠨ ᠶᠡᠭᠡ ᠠᠩᠭᠢ᠂ ᠡᠯ᠎ᠡ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠨᠡᠶᠢᠭᠡᠮ ᠲᠣᠭᠤᠷᠢᠭ ᠵᠡᠷᠭᠡ ᠰᠠᠯᠠᠭ᠎ᠠ ᠮᠥᠴᠢᠷ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ ᠶᠣᠰᠣᠭᠠᠷ᠂ ᠬᠢᠷᠢ ᠬᠡᠮ ᠢ ᠬᠢᠨᠠᠨ ᠬᠠᠷᠭᠤᠭᠤᠯᠬᠤ ᠳᠤ ᠬᠡᠷᠡᠭᠰᠡᠬᠦ ᠠᠳᠠᠯᠢᠳᠬᠠᠯ ᠤᠨ ᠮᠡᠳᠡᠭᠡ ᠵᠠᠩᠭᠢ ᠶᠢᠨ ᠳᠡᠮᠵᠢᠯᠭᠡ ᠶᠢ ᠬᠠᠩᠭᠠᠵᠤ᠂ ᠬᠢᠶ᠎ᠠ ᠪᠠᠭᠰᠢ ᠲᠣᠭᠤᠷᠢᠭ ᠤᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠭᠤᠶᠤᠴᠢᠯᠠᠭᠴᠢ ᠶᠢᠨ ᠪᠠᠲᠤᠯᠠᠭ᠎ᠠ ᠶᠢᠨ ᠬᠢᠷᠢ ᠬᠡᠮ ᠢ ᠬᠢᠨᠠᠨ ᠬᠠᠷᠭᠤᠭᠤᠯᠬᠤ ᠵᠡᠷᠭᠡ ᠬᠠᠮᠢᠶ᠎ᠠ ᠪᠥᠬᠦᠶ ᠠᠵᠢᠯ ᠢ ᠬᠠᠮᠵᠢᠯᠴᠠᠨ ᠰᠠᠶᠢᠲᠤᠷ ᠬᠢᠨ᠎ᠠ᠃        ᠬᠤᠶᠠᠳᠤᠭᠠᠷ ᠪᠦᠯᠦᠭ    ᠭᠤᠶᠤᠴᠢᠯᠠᠬᠤ ᠬᠡᠯᠪᠡᠷᠢ            ᠲᠠᠪᠤᠳᠤᠭᠠᠷ  ᠵᠦᠢᠯ   ᠬᠢᠶ᠎ᠠ ᠪᠠᠭᠰᠢ ᠲᠣᠭᠤᠷᠢᠭ ᠤᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠭᠤᠶᠤᠴᠢᠯᠠᠯ ᠤᠨ ᠬᠡᠯᠪᠡᠷᠢ ᠶᠢ ᠪᠣᠳᠠᠲᠠᠶ ᠪᠠᠷ᠄ ᠬᠡᠷ ᠪᠦᠯᠢ ᠶᠢᠨ ᠭᠤᠶᠤᠴᠢᠯᠠᠯ᠂ ᠭᠠᠭᠴᠠ ᠪᠡᠶ᠎ᠡ ᠬᠥᠮᠦᠨ ᠤ ᠭᠤᠶᠤᠴᠢᠯᠠᠯ᠂ ᠬᠠᠮᠳᠦ ᠪᠠᠷ ᠲᠦᠷᠢᠶᠡᠰᠦᠯᠡᠬᠦ ᠭᠤᠶᠤᠴᠢᠯᠠᠯ ᠭᠡᠵᠦ ᠬᠤᠪᠢᠶᠠᠨ᠎ᠠ᠃            ︵ᠨᠢᠭᠡ︶ ᠬᠡᠷ ᠪᠦᠯᠢ ᠶᠢᠨ ᠬᠡᠯᠪᠡᠷᠢ ᠪᠠᠷ ᠭᠤᠶᠤᠴᠢᠯᠠᠬᠤ ᠳᠤ᠂ ᠭᠤᠶᠤᠴᠢᠯᠠᠬᠤ ᠨᠥᠬᠦᠴᠡᠯ ᠳᠤ ᠨᠡᠶᠢᠴᠡᠬᠦ  ᠨᠢᠭᠡ ᠬᠡᠷ ᠪᠦᠯᠢ ᠶᠢᠨ ᠪᠦᠷᠢᠯᠳᠦᠬᠦᠨ ᠢ ᠭᠤᠶᠤᠴᠢᠯᠠᠭᠴᠢ ᠪᠠᠷ ᠲᠣᠭᠲᠠᠭᠠᠬᠤ ᠴᠢᠬᠤᠯᠠᠲᠠᠶ᠂ ᠭᠤᠶᠤᠴᠢᠯᠠᠭᠴᠢ ᠡᠷ᠎ᠡ ᠡᠮ᠎ᠡ ᠬᠤᠶᠠᠷ ᠲᠠᠯ᠎ᠠ ᠪᠠᠷ ᠢᠶᠠᠨ ᠬᠠᠤᠯᠢ ᠪᠠᠷ ᠲᠣᠭᠲᠠᠭᠠᠭᠰᠠᠨ ᠠᠰᠠᠷᠠᠨ ᠲᠡᠵᠢᠭᠡᠬᠦ᠂ ᠠᠰᠠᠷᠠᠨ ᠲᠡᠵᠢᠭᠡᠬᠦ ᠬᠠᠷᠢᠴᠠᠭ᠎ᠠ ᠲᠠᠢ 4 ᠦᠶ᠎ᠡ ᠶᠢᠨ ᠰᠢᠭᠤᠳ ᠴᠢᠰᠤᠨ ᠲᠥᠷᠥᠯ ᠤᠨ ᠪᠤᠶᠤ ᠠᠰᠠᠷᠠᠨ ᠲᠡᠵᠢᠭᠡᠬᠦ ᠬᠠᠷᠢᠴᠠᠭ᠎ᠠ ᠲᠠᠢ ᠬᠠᠮᠲᠤ ᠰᠠᠭᠤᠭ᠎ᠠ ᠬᠥᠮᠦᠰ ᠢ ᠬᠠᠮᠲᠤ ᠶᠢᠨ ᠭᠤᠶᠤᠴᠢᠯᠠᠭᠴᠢ ᠪᠠᠷ ᠦᠵᠡᠵᠦ ᠪᠣᠯᠤᠨ᠎ᠠ᠃            ︵ᠬᠤᠶᠠᠷ︶ ᠭᠠᠭᠴᠠ ᠬᠥᠮᠦᠨ ᠤ ᠬᠡᠯᠪᠡᠷᠢ ᠪᠠᠷ ᠭᠤᠶᠤᠴᠢᠯᠠᠬᠤ ᠳᠤ᠂ ᠲᠤᠰ ᠬᠥᠮᠦᠨ ᠨᠢ ᠭᠤᠶᠤᠴᠢᠯᠠᠭᠴᠢ ᠪᠤᠯᠤᠨ᠎ᠠ᠃ ᠭᠤᠶᠤᠴᠢᠯᠠᠭᠴᠢ ᠨᠢ ᠤᠷᠤᠭᠯᠠᠭᠠᠳᠤᠶ ᠬᠥᠮᠦᠨ᠂ ᠦᠷ᠎ᠡ ᠬᠡᠦᠬᠡᠳ ᠢᠶᠠᠨ ᠳᠠᠭᠠᠭᠤᠯᠤᠭᠰᠠᠨ ᠦᠭᠡᠶ ᠤᠷᠤᠭ ᠰᠠᠯᠤᠭᠰᠠᠨ ᠪᠤᠶᠤ  ᠬᠠᠨᠢ ᠪᠠᠨ ᠠᠯᠳᠠᠭᠰᠠᠨ ᠬᠥᠮᠦᠨ ᠪᠣᠯᠤᠨ᠎ᠠ᠃            ︵ᠭᠤᠷᠪᠠ︶ ᠬᠠᠮᠳᠦ ᠪᠠᠷ ᠲᠦᠷᠢᠶᠡᠰᠦᠯᠡᠬᠦ ᠬᠡᠯᠪᠡᠷᠢ ᠪᠠᠷ ᠭᠤᠶᠤᠴᠢᠯᠠᠬᠤ ᠳᠤ ᠂ ᠬᠠᠮᠳᠦ ᠪᠠᠷ ᠲᠦᠷᠢᠶᠡᠰᠦᠯᠡᠬᠦ ᠬᠥᠮᠦᠨ ᠪᠦᠷᠢ ᠭᠤᠶᠤᠴᠢᠯᠠᠬᠤ ᠨᠥᠬᠦᠴᠡᠯ ᠳᠤ ᠨᠡᠶᠢᠴᠡᠭᠰᠡᠨ ᠪᠠᠶᠢᠬᠤ ᠬᠡᠷᠡᠭᠲᠡᠶ᠂ ᠬᠠᠮᠳᠦ ᠪᠠᠷ ᠲᠦᠷᠢᠶᠡᠰᠦᠯᠡᠬᠦ ᠭᠤᠶᠤᠴᠢᠯᠠᠭᠴᠢ ᠨᠢ ᠡᠷᠬᠡᠪᠰᠢ ᠠᠳᠠᠯᠢ ᠭᠦᠢᠰᠦ ᠶᠢᠨ ᠢᠯᠭᠠᠯ ᠲᠠᠢ ᠮᠥᠷᠲᠡᠭᠡᠨ ᠭᠠᠭᠴᠠ ᠪᠡᠶ᠎ᠡ ᠬᠥᠮᠦᠨ ᠤ ᠭᠤᠶᠤᠴᠢᠯᠠᠬᠤ ᠨᠥᠬᠦᠴᠡᠯ ᠢ ᠬᠠᠩᠭᠠᠭᠰᠠᠨ ᠪᠠᠶᠢᠬᠤ ᠬᠡᠷᠡᠭᠲᠡᠶ᠂ ᠬᠠᠮᠳᠦ ᠪᠠᠷ ᠲᠦᠷᠢᠶᠡᠰᠦᠯᠡᠬᠦ ᠬᠥᠮᠦᠨ ᠤ ᠲᠤᠭ᠎ᠠ ᠶᠢ ᠬᠤᠶᠠᠷ ᠬᠥᠮᠦᠨ ᠠᠴᠠ ᠬᠡᠲᠦᠷᠡᠭᠦᠯᠵᠦ ᠪᠣᠯᠬᠤ ᠥᠬᠡᠶ ᠪᠥᠭᠡᠳ  ᠨᠢᠭᠡ ᠬᠥᠮᠦᠨ ᠢ ᠨᠢ ᠭᠤᠶᠤᠴᠢᠯᠠᠭᠴᠢ᠂ ᠪᠤᠰᠤᠳ ᠬᠥᠮᠦᠨ ᠢ ᠨᠢ ᠬᠠᠮᠲᠤ ᠶᠢᠨ ᠭᠤᠶᠤᠴᠢᠯᠠᠭᠴᠢ ᠪᠣᠯᠭᠠᠬᠤ ᠪᠠᠷ ᠲᠣᠭᠲᠠᠭᠠᠨ᠎ᠠ᠃        ᠭᠤᠷᠪᠠᠳᠤᠭᠠᠷ ᠪᠦᠯᠦᠭ    ᠭᠤᠶᠤᠴᠢᠯᠠᠬᠤ ᠨᠥᠬᠦᠴᠡᠯ ᠪᠠ ᠱᠠᠭᠠᠷᠳᠠᠯᠭ᠎ᠠ            ᠵᠢᠷᠭᠤᠳᠤᠭᠠᠷ ᠵᠦᠢᠯ    ᠭᠤᠶᠤᠴᠢᠯᠠᠬᠤ ᠨᠥᠬᠦᠴᠡᠯ            ᠭᠤᠶᠤᠴᠢᠯᠠᠭᠴᠢ ᠪᠦᠬᠦᠯᠢ 18 ᠨᠠᠰᠤ ᠬᠦᠷᠦᠭᠰᠡᠨ ᠪᠠᠶᠢᠬᠤ ᠬᠡᠷᠡᠭᠲᠡᠶ᠂ ᠬᠢᠶ᠎ᠠ ᠪᠠᠭᠰᠢ ᠲᠣᠭᠤᠷᠢᠭ ᠲᠤ ᠲᠣᠭᠲᠠᠪᠤᠷᠢᠲᠠᠶ ᠠᠵᠢᠯ ᠲᠠᠢ ᠪᠤᠶᠤ ᠣᠷᠣᠯᠭ᠎ᠠ ᠶᠢᠨ ᠢᠷᠡᠯᠲᠡ ᠲᠠᠢ᠂ ᠲᠦᠷᠢᠶᠡᠰᠦᠨ ᠮᠥᠩᠭᠦ ᠥᠭᠬᠦ ᠴᠢᠳᠠᠪᠤᠷᠢ ᠲᠠᠢ ᠪᠠᠶᠢᠬᠤ ᠬᠡᠷᠡᠭᠲᠡᠶ︔ ᠬᠤᠪᠢ ᠬᠥᠮᠦᠨ ᠤ ᠣᠷᠣᠯᠭ᠎ᠠ ᠪᠤᠶᠤ ᠬᠡᠷ ᠪᠦᠯᠢ ᠶᠢᠨ ᠬᠥᠮᠦᠨ ᠳᠤᠮᠳᠠᠴᠢ ᠶᠢᠨ ᠣᠷᠣᠯᠭ᠎ᠠ ᠨᠢ ᠬᠢᠶ᠎ᠠ ᠪᠠᠭᠰᠢ ᠲᠣᠭᠤᠷᠢᠭ ᠤᠨ ᠳᠡᠭᠡᠷ᠎ᠡ ᠨᠢᠭᠡ ᠵᠢᠯ ᠤᠨ ᠬᠤᠲᠠ ᠪᠠᠯᠭᠠᠰᠤᠨ ᠤ ᠬᠥᠮᠦᠨ ᠳᠤᠮᠳᠠᠴᠢ ᠶᠢᠨ ᠡᠵᠡᠮᠳᠡᠵᠦ ᠪᠣᠯᠬᠤ ᠣᠷᠣᠯᠭ᠎ᠠ ᠶᠢᠨ 80% ᠠᠴᠠ ᠳᠣᠤᠷ᠎ᠠ ᠪᠠᠶᠢᠬᠤ︔ ᠲᠡᠷᠡ ᠮᠥᠷᠲᠡᠭᠡᠨ ᠬᠥᠮᠦᠨ ᠳᠤᠮᠳᠠᠴᠢ ᠶᠢᠨ ᠣᠷᠣᠨ ᠰᠠᠭᠤᠴᠠ ᠶᠢᠨ ᠲᠠᠯᠠᠪᠠᠶ ᠨᠢ 15 ᠲᠡᠭᠰᠢ ᠳᠥᠷᠪᠡᠯᠵᠢᠨ ᠮᠧᠲᠷ ᠠᠴᠠ ᠳᠣᠤᠷ᠎ᠠ ᠪᠠᠶᠢᠭ᠎ᠠ ᠳᠤᠮᠳᠠ ᠵᠡᠷᠭᠡ ᠠᠴᠠ ᠳᠣᠤᠷ᠎ᠠ ᠣᠷᠣᠯᠭ᠎ᠠ ᠲᠠᠢ ᠣᠷᠣᠨ ᠰᠠᠭᠤᠴᠠ ᠶᠢᠨ ᠬᠦᠴᠢᠷᠳᠡᠯ ᠲᠠᠢ ᠬᠥᠮᠦᠰ᠂ ᠰᠢᠨ᠎ᠡ ᠪᠠᠷ ᠠᠵᠢᠯ ᠣᠯᠤᠭᠰᠠᠨ ᠬᠡᠷ ᠪᠠᠶᠢᠰᠢᠩ ᠥᠬᠡᠶ ᠬᠥᠮᠦᠰ᠂ ᠲᠣᠭᠲᠠᠪᠤᠷᠢᠲᠠᠶ ᠠᠵᠢᠯ ᠣᠯᠤᠭᠰᠠᠨ ᠭᠠᠳᠠᠷ ᠣᠷᠣᠨ ᠠᠴᠠ  ᠢᠷᠡᠭᠰᠡᠨ ᠠᠵᠢᠯ ᠬᠢᠵᠦ ᠪᠠᠶᠢᠭ᠎ᠠ ᠣᠷᠣᠨ ᠰᠠᠭᠤᠴᠠ ᠥᠬᠡᠶ ᠬᠥᠮᠦᠰ᠂ ᠠᠯᠪᠠᠨ ᠪᠠᠶᠢᠭᠤᠯᠭ᠎ᠠ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠶᠢᠨ ᠣᠷᠣᠨ ᠰᠠᠭᠤᠴᠠ ᠥᠬᠡᠶ ᠬᠥᠮᠦᠰ᠂ ᠬᠤᠲᠠ ᠳᠤ ᠰᠢᠯᠵᠢᠭᠰᠡᠨ ᠮᠠᠯᠴᠢᠨ ᠲᠠᠷᠢᠶᠠᠴᠢᠨ ᠵᠡᠷᠭᠡ ᠣᠷᠣᠨ ᠰᠠᠭᠤᠴᠠ ᠶᠢᠨ ᠬᠦᠴᠢᠷᠳᠡᠯ ᠲᠠᠢ ᠬᠡᠷ ᠪᠦᠯᠢ᠃        ᠳᠣᠯᠣᠳᠤᠭᠠᠷ ᠵᠦᠢᠯ   ᠲᠣᠰ  ᠲᠤᠭᠤᠷᠢᠭ ᠤᠨ ᠱᠠᠲᠤᠨ ᠤ ᠵᠠᠰᠠᠭ ᠤᠨ ᠣᠷᠳᠣᠨ ᠵᠢᠴᠢ ᠬᠠᠷᠢᠶ᠎ᠠ ᠰᠠᠯᠠᠭ᠎ᠠ ᠮᠥᠴᠢᠷ ᠤᠨ ᠣᠷᠣᠭᠤᠯᠤᠨ ᠠᠪᠴᠢᠷᠠᠭᠰᠠᠨ ᠣᠨᠴᠠᠭᠠᠢ ᠲᠤᠰᠬᠠᠶ ᠮᠡᠷᠭᠡᠵᠢᠯ ᠤᠨ ᠴᠢᠳᠠᠪᠤᠷᠢᠲᠠᠨ ᠪᠣᠯᠤᠨ ᠬᠢᠶ᠎ᠠ ᠪᠠᠭᠰᠢ ᠲᠣᠭᠤᠷᠢᠭ ᠲᠤ ᠠᠵᠢᠯᠯᠠᠵᠤ ᠪᠠᠶᠢᠭ᠎ᠠ ᠪᠥᠬᠦ ᠤᠯᠤᠰ ᠵᠢᠴᠢ ᠮᠤᠵᠢ ᠶᠠᠮᠤᠨ ᠤ ᠲᠠᠰ ᠤᠨ ᠬᠥᠳᠡᠯᠮᠦᠷᠢ ᠶᠢᠨ ᠵᠢᠱᠢᠶᠡᠴᠢ᠂ ᠪᠥᠬᠦ ᠤᠯᠤᠰ ᠤᠨ ᠪᠠᠭᠠᠲᠤᠷ ᠵᠢᠱᠢᠶᠡᠴᠢ᠂ ᠭᠠᠯ ᠤᠨᠲᠠᠷᠠᠭᠠᠵᠤ ᠠᠪᠤᠷᠠᠨ ᠲᠤᠰᠠᠯᠠᠬᠤ ᠬᠥᠮᠦᠰ᠂ ᠴᠡᠷᠢᠭ ᠤᠨ ᠠᠯᠪᠠ ᠠᠴᠠ ᠬᠠᠯᠠᠭᠳᠠᠭᠰᠠᠳ ᠵᠡᠷᠭᠡ ᠣᠷᠣᠨ ᠰᠠᠭᠤᠴᠠ ᠶᠢᠨ ᠬᠦᠴᠢᠷᠳᠡᠯ ᠲᠠᠢ ᠬᠡᠷ ᠪᠦᠯᠢ ᠣᠷᠣᠯᠭ᠎ᠠ ᠶᠢᠨ ᠬᠢᠵᠠᠭᠠᠷᠯᠠᠯ ᠳᠤ ᠬᠢᠵᠠᠭᠠᠷᠯᠠᠭᠳᠠᠬᠤ ᠥᠬᠡᠶ᠃           ᠨᠠᠢᠮᠠᠳᠤᠭᠠᠷ ᠵᠦᠢᠯ    ᠭᠤᠶᠤᠴᠢᠯᠠᠭᠴᠢ ᠪᠠ ᠬᠠᠮᠲᠤ ᠶᠢᠨ ᠭᠤᠶᠤᠴᠢᠯᠠᠭᠴᠢ ᠶᠠᠮᠠᠷᠪᠠ ᠭᠠᠵᠠᠷ ᠣᠷᠣᠨ ᠳᠤ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠲᠦᠷᠢᠶᠡᠰᠦᠯᠡᠭᠰᠡᠨ ᠦᠭᠡᠢ᠃            ᠶᠢᠰᠦᠳᠦᠭᠡᠷ ᠵᠦᠢᠯ    ᠬᠠᠮᠲᠤᠯᠢᠭ ᠢ ᠤᠷᠢᠳᠠᠪᠠᠷ ᠪᠠᠲᠤᠯᠠᠨ᠎ᠠ            ︵ᠨᠢᠭᠡ︶ ᠲᠣᠭᠤᠷᠢᠭ ᠤᠨ ᠠᠷᠠᠳ ᠤᠨ ᠶᠠᠪᠤᠳᠠᠯ ᠤᠨ ᠰᠠᠯᠠᠭ᠎ᠠ ᠮᠥᠴᠢᠷ ᠤᠨ ᠮᠠᠭᠠᠳᠯᠠᠨ ᠲᠣᠭᠲᠠᠭᠠᠭᠰᠠᠨ ᠲᠣᠭᠤᠷᠢᠭ ᠤᠨ ᠡᠷᠦᠬᠡ ᠠᠮᠠ ᠲᠠᠢ ᠬᠤᠲᠠ ᠪᠠᠯᠭᠠᠰᠣᠨ ᠤ ᠨᠠᠭᠠᠳᠤ ᠵᠠᠬ᠎ᠠ ᠶᠢᠨ   ᠪᠠᠳᠣᠯᠠᠭᠠᠳᠤ ᠡᠷᠦᠬᠡ ᠵᠢᠴᠢ ᠲᠠᠷᠠᠬᠠᠶ ᠠᠰᠠᠷᠠᠨ ᠲᠡᠵᠢᠭᠡᠵᠦ ᠪᠠᠶᠢᠭ᠎ᠠ ᠲᠣᠭᠤᠷᠢᠭ ᠤᠨ ᠡᠷᠦᠬᠡ ᠠᠮᠠ ᠲᠠᠢ ᠣᠨᠴᠠ ᠬᠦᠴᠢᠷᠳᠡᠯᠲᠡᠶ ᠬᠥᠮᠦᠰ᠂ ᠲᠣᠭᠤᠷᠢᠭ ᠤᠨ ᠴᠡᠷᠢᠭ ᠤᠨ ᠠᠯᠪᠠ ᠠᠴᠠ ᠬᠠᠯᠠᠭᠳᠠᠭᠰᠠᠳ ᠤᠨ ᠶᠠᠪᠤᠳᠠᠯ ᠤᠨ ᠳᠣᠪᠴᠢᠶᠠᠨ ᠤ ᠮᠠᠭᠠᠳᠯᠠᠨ ᠲᠣᠭᠲᠠᠭᠠᠭᠰᠠᠨ ᠲᠣᠭᠤᠷᠢᠭ ᠤᠨ ᠡᠷᠦᠬᠡ ᠠᠮᠠ ᠲᠠᠢ ᠬᠠᠷᠠᠭᠠᠯᠵᠠᠯ ᠭᠥᠷᠳᠡᠬᠦ ᠡᠲᠡᠭᠡᠳ ᠤᠨ ᠲᠣᠰ ᠲᠣᠭᠤᠷᠢᠭ ᠲᠤ ᠭᠤᠶᠤᠴᠢᠯᠠᠬᠤ ᠨᠥᠬᠦᠴᠡᠯ ᠨᠢ ᠬᠢᠷᠢ  ᠳᠡᠩᠴᠡᠪᠡᠯ ᠴᠠᠭ ᠳᠣᠬᠠᠢ  ᠳᠤᠨᠢ ᠪᠠᠳᠤᠯᠠᠨ᠎ᠠ᠃         ︵ᠬᠤᠶᠠᠷ︶ ᠲᠣᠰ ᠲᠣᠭᠤᠷᠢᠭ ᠤᠨ ᠲᠠᠰ ᠤᠨ ᠣᠷᠣᠨ ᠰᠠᠭᠤᠴᠠ ᠶᠢᠨ ᠠᠪᠤᠷᠠᠨ ᠲᠤᠰᠠᠯᠠᠬᠤ ᠡᠲᠡᠭᠡᠳ᠂ ᠴᠡᠴᠡᠷᠯᠢᠭ ᠪᠠ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠵᠡᠷᠭᠡ ᠨᠢᠭᠡᠳᠦᠭᠡᠷ ᠹᠷᠣᠨᠲ ᠤᠨ ᠬᠠᠲᠠᠭᠤᠵᠢᠯᠲᠠᠶ ᠠᠵᠢᠯ ᠤᠨ ᠪᠠᠶᠢᠷᠢ ᠶᠢᠨ ᠬᠥᠮᠦᠰ᠂ ᠦᠨᠡᠨ ᠶᠣᠰᠣᠨ ᠤ ᠲᠥᠯᠥᠭᠡ ᠡᠷᠡᠯᠭᠡᠭ ᠢᠶᠠᠷ ᠲᠡᠮᠡᠴᠡᠭᠰᠡᠨ ᠬᠥᠮᠦᠰ ᠂ ᠣᠷᠣᠭᠤᠯᠤᠨ ᠠᠪᠴᠢᠷᠠᠭᠰᠠᠨ ᠣᠨᠴᠠᠭᠠᠶ ᠲᠤᠰᠬᠠᠶ ᠮᠡᠷᠭᠡᠵᠢᠯ ᠤᠨ ᠴᠢᠳᠠᠪᠤᠷᠢᠲᠠᠨ᠂ ᠴᠡᠷᠢᠭ ᠤᠨ ᠠᠯᠪᠠ ᠠᠴᠠ ᠬᠠᠯᠠᠭᠳᠠᠭᠰᠠᠳ᠂ ᠭᠠᠯ ᠤᠨᠲᠠᠷᠠᠭᠠᠵᠤ ᠠᠪᠤᠷᠠᠨ ᠲᠤᠰᠠᠯᠠᠬᠤ ᠬᠥᠮᠦᠰ᠂ ᠪᠥᠬᠦ ᠤᠯᠤᠰ ᠵᠢᠴᠢ ᠮᠤᠵᠢ ᠶᠠᠮᠤᠨ ᠤ ᠲᠠᠰ ᠤᠨ ᠬᠥᠳᠡᠯᠮᠦᠷᠢ ᠶᠢᠨ ᠵᠢᠱᠢᠶᠡᠴᠢ᠂ ᠪᠥᠬᠦ ᠤᠯᠤᠰ ᠤᠨ ᠪᠠᠭᠠᠲᠤᠷ ᠵᠢᠱᠢᠶᠡᠴᠢ᠂ ᠲᠣᠭᠤᠷᠢᠭ ᠤᠨ ᠡᠷᠦᠬᠡ ᠠᠮᠠ ᠲᠠᠢ ᠨᠢᠭᠡᠳᠦᠭᠡᠷ ᠬᠤᠶᠠᠳᠤᠭᠠᠷ ᠳᠡᠰ ᠪᠤᠶᠤ ᠣᠯᠠᠨ ᠳᠠᠪᠬᠤᠷ ᠵᠡᠮᠳᠡᠭ ᠬᠥᠮᠦᠨ ᠵᠡᠷᠭᠡ ᠶᠢᠨ ᠭᠤᠶᠤᠴᠢᠯᠠᠬᠤ ᠨᠥᠬᠦᠴᠡᠯ ᠨᠢ ᠬᠢᠷᠢ ᠲᠡᠩᠴᠡᠭᠰᠡᠨ ᠮᠥᠷᠲᠡᠭᠡᠨ ᠤᠷᠢᠳᠠᠪᠠᠷ ᠪᠠᠲᠤᠯᠠᠬᠤ ᠭᠤᠶᠤᠴᠢᠯᠠᠯ ᠭᠠᠷᠭᠠᠭᠰᠠᠨ ᠤ ᠳᠠᠷᠠᠭ᠎ᠠ᠂ ᠬᠥᠮᠦᠨ ᠬᠡᠷᠡᠭᠯᠡᠬᠦ ᠨᠢᠭᠡᠴᠡ ᠪᠤᠶᠤ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠠᠴᠠ ᠲᠣᠭᠤᠷᠢᠭ ᠤᠨ ᠳᠠᠷᠤᠭ᠎ᠠ ᠶᠢᠨ ᠲᠤᠰᠬᠠᠶ ᠰᠡᠳᠦᠪᠲᠦ ᠬᠤᠷᠠᠯ ᠪᠤᠶᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠪᠠᠶᠢᠩᠭᠤ ᠶᠢᠨ ᠬᠤᠷᠠᠯ ᠳᠤ ᠳᠡᠪᠰᠢᠭᠦᠯᠦᠨ ᠰᠤᠳᠤᠯᠤᠭᠤᠯᠵᠤ᠂ ᠬᠤᠷᠠᠯ ᠠᠴᠠ ᠰᠤᠳᠤᠯᠵᠤ ᠪᠠᠲᠤᠯᠠᠭᠰᠠᠨ ᠤ ᠳᠠᠷᠠᠭ᠎ᠠ ᠤᠷᠢᠳᠠᠪᠠᠷ ᠪᠠᠲᠤᠯᠠᠨ᠎ᠠ᠃            ᠠᠷᠪᠠᠳᠤᠭᠠᠷ ᠵᠦᠢᠯ    ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠭᠤᠶᠤᠴᠢᠯᠠᠬᠤ ᠱᠠᠭᠠᠷᠳᠠᠯᠭ᠎ᠠ        ︵ᠨᠢᠭᠡ︶ ᠭᠤᠶᠤᠴᠢᠯᠠᠬᠤ ᠬᠦᠰᠦᠨᠦᠭᠲᠦ ᠶᠢ ᠤᠯᠬᠤ        ᠭᠤᠶᠤᠴᠢᠯᠠᠭᠴᠢ ᠨᠢ ᠬᠢᠶ᠎ᠠ ᠪᠠᠭᠰᠢ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ ᠳᠤ ᠭᠠᠷᠴᠤ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠭᠤᠶᠤᠴᠢᠯᠠᠯ ᠤᠨ ᠱᠠᠭᠠᠷᠳᠠᠯᠭ᠎ᠠ ᠶᠢ ᠣᠶᠢᠯᠠᠭᠠᠵᠤ᠂ ᠬᠡᠷᠡᠭᠴᠡᠭᠡ ᠶᠣᠰᠣᠭᠠᠷ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠭᠤᠶᠤᠴᠢᠯᠠᠯ ᠤᠨ ᠬᠦᠰᠦᠨᠦᠭᠲᠦ ᠶᠢ ᠪᠠᠭᠤᠯᠭᠠᠬᠤ ᠪᠤᠶᠤ ᠬᠢᠶ᠎ᠠ ᠪᠠᠭᠰᠢ ᠲᠣᠭᠤᠷᠢᠭ ᠤᠨ ᠡᠯ᠎ᠡ ᠵᠡᠭᠡᠯᠢ ᠭᠤᠳᠤᠮᠵᠢ ᠨᠡᠶᠢᠭᠡᠮ ᠲᠣᠭᠤᠷᠢᠭ ᠵᠢᠴᠢ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠳᠣᠪᠴᠢᠶᠠᠨ ᠤ ᠪᠠᠲᠤᠯᠠᠭ᠎ᠠ ᠶᠢᠨ ᠴᠢᠨᠠᠷᠲᠠᠶ ᠣᠷᠣᠨ ᠰᠠᠭᠤᠴᠠ ᠶᠢᠨ ᠠᠯᠪᠠᠨ ᠬᠡᠷ ᠲᠤ ᠬᠦᠷᠴᠦ ᠭᠤᠶᠤᠴᠢᠯᠠᠯ ᠤᠨ ᠬᠦᠰᠦᠨᠦᠭᠲᠦ ᠶᠢ ᠠᠪᠤᠨ᠎ᠠ᠃ ᠭᠤᠶᠤᠴᠢᠯᠠᠭᠴᠢ ᠭᠤᠶᠤᠴᠢᠯᠠᠯ ᠤᠨ ᠬᠦᠰᠦᠨᠦᠭᠲᠦ ᠶᠢ ᠦᠨᠡᠨ ᠪᠣᠳᠠᠲᠠᠶ ᠪᠠᠷ ᠲᠠᠭᠯᠠᠨ ᠪᠢᠴᠢᠵᠦ᠂ ᠲᠠᠭᠯᠠᠨ ᠪᠢᠴᠢᠭᠰᠡᠨ ᠠᠭᠤᠯᠭ᠎ᠠ ᠨᠢ ᠦᠨᠡᠨ ᠪᠣᠳᠠᠲᠠᠶ ᠪᠥᠭᠡᠳ ᠬᠦᠴᠦᠨ ᠲᠠᠢ ᠪᠠᠶᠢᠬᠤ ᠶᠢ ᠠᠮᠠᠯᠠᠬᠤ ᠶᠢᠨ ᠬᠠᠮᠲᠤ ᠲᠤᠰᠢᠶᠠᠭᠰᠠᠨ ᠮᠠᠲ᠋ᠧᠷᠢᠶᠠᠯ ᠤᠨ ᠦᠨᠡᠨ ᠪᠣᠳᠠᠲᠤ ᠴᠢᠨᠠᠷ ᠲᠤ ᠬᠠᠷᠢᠭᠤᠴᠠᠬᠤ ᠬᠡᠷᠡᠭᠲᠡᠶ᠃        ︵ᠬᠤᠶᠠᠷ︶ ᠭᠤᠶᠤᠴᠢᠯᠠᠭᠰᠠᠨ ᠮᠠᠲ᠋ᠧᠷᠢᠶᠠᠯ            1᠂ ᠭᠤᠶᠤᠴᠢᠯᠠᠭᠴᠢ ᠪᠠ ᠬᠠᠮᠲᠤ ᠶᠢᠨ ᠭᠤᠶᠤᠴᠢᠯᠠᠭᠴᠢ ᠶᠢᠨ ᠬᠠᠩᠭᠠᠭᠰᠠᠨ ᠪᠡᠶ᠎ᠡ ᠶᠢᠨ ᠦᠨᠡᠮᠯᠡᠯ ᠤᠨ ᠮᠠᠲ᠋ᠧᠷᠢᠶᠠᠯ᠄ ᠪᠡᠶ᠎ᠡ ᠶᠢᠨ ᠦᠨᠡᠮᠯᠡᠯ ︵ᠣᠹᠢᠼᠧᠷ ᠤᠨ ᠦᠨᠡᠮᠯᠡᠯ ᠪᠤᠶᠤ ᠲᠥᠷᠥᠭᠰᠡᠨ ᠦᠨᠡᠮᠯᠡᠯ︶᠂ ᠡᠷᠦᠬᠡ ᠠᠮᠠ ᠶᠢᠨ ᠳᠡᠪᠲᠡᠷ᠂ ᠲᠣᠰ ᠲᠣᠭᠤᠷᠢᠭ ᠤᠨ ᠰᠠᠭᠤᠬᠤ ᠦᠨᠡᠮᠯᠡᠯ ᠵᠡᠷᠭᠡ︔            2᠂ ᠤᠷᠤᠭᠯᠠᠭᠰᠠᠨ ᠬᠥᠮᠦᠨ ᠤᠷᠤᠬ ᠤᠨ ᠦᠨᠡᠮᠯᠡᠯ ᠢᠶᠠᠨ ᠬᠠᠩᠭᠠᠬᠤ ᠬᠡᠷᠡᠭᠲᠡᠶ᠂ ᠤᠷᠤᠭᠯᠠᠭᠠᠳᠤᠶ ᠬᠥᠮᠦᠨ ᠭᠠᠭᠴᠠ ᠪᠡᠶ᠎ᠡ ᠶᠢᠨ ᠠᠮᠠᠯᠠᠯᠲᠠ ᠶᠢᠨ ᠪᠢᠴᠢᠭ ᠲᠠᠭᠯᠠᠬᠤ ᠬᠡᠷᠡᠭᠲᠡᠶ᠃ ᠦᠷ᠎ᠡ ᠬᠡᠦᠬᠡᠳ ᠢᠶᠠᠨ ᠳᠠᠭᠠᠭᠤᠯᠤᠭᠰᠠᠨ ᠦᠭᠡᠶ ᠵᠡᠷᠭᠡ ᠤᠷᠤᠭ ᠰᠠᠯᠤᠭᠰᠠᠨ ᠬᠥᠮᠦᠨ ᠤᠷᠤᠭ ᠰᠠᠯᠤᠭᠰᠠᠨ ᠦᠨᠡᠮᠯᠡᠯ ᠬᠠᠩᠭᠠᠬᠤ᠂  ᠬᠠᠨᠢ ᠪᠠᠨ ᠠᠯᠳᠠᠭᠰᠠᠨ ᠬᠥᠮᠦᠨ ᠦᠬᠦᠯ ᠤᠨ ᠭᠡᠷᠡᠴᠢ ᠬᠠᠩᠭᠠᠬᠤ ᠵᠡᠷᠭᠡ︔            3᠂ ᠠᠵᠢᠯ ᠤᠨ ᠭᠡᠷᠡᠴᠢ ᠮᠠᠲ᠋ᠧᠷᠢᠶᠠᠯ᠂ ᠣᠷᠣᠯᠭ᠎ᠠ ᠪᠠ ᠨᠡᠶᠢᠭᠡᠮ ᠤᠨ ᠳᠠᠭᠠᠳᠬᠠᠯ ᠤᠨ  ᠰᠦᠢᠳᠭᠡᠯ ᠤᠨ ᠰᠦᠢᠳᠭᠡᠯ ᠳᠣᠰᠢᠶᠠᠭᠰᠠᠨ ᠵᠡᠷᠭᠡ ᠬᠠᠮᠢᠶ᠎ᠠ ᠪᠥᠬᠦᠶ ᠭᠡᠷᠡᠴᠢ᠃        ︵1︶ ᠲᠤᠰ ᠲᠣᠭᠤᠷᠢᠭ ᠤᠨ ᠬᠥᠮᠦᠨ ᠬᠡᠷᠡᠭᠯᠡᠬᠦ ᠨᠢᠭᠡᠴᠡ ᠲᠠᠢ ᠬᠥᠳᠡᠯᠮᠦᠷᠢ ᠶᠢᠨ ᠭᠡᠷ᠎ᠡ ︵ᠨᠢᠭᠡ ᠵᠢᠯ ᠪᠤᠶᠤ ᠨᠢᠭᠡ ᠵᠢᠯ ᠠᠴᠠ ᠳᠡᠭᠡᠭᠰᠢ︶ ᠲᠣᠭᠲᠠᠭᠰᠠᠨ ᠪᠠᠶᠢᠪᠠᠯ ᠬᠥᠳᠡᠯᠮᠦᠷᠢ ᠶᠢᠨ ᠭᠡᠷ᠎ᠡ ᠬᠠᠩᠭᠠᠵᠤ᠂ ᠲᠥᠷᠥ ᠶᠢᠨ ᠪᠠᠶᠢᠭᠤᠯᠭ᠎ᠠ ᠶᠢᠨ ᠵᠢᠩᠬᠢᠨᠢ ᠠᠵᠢᠯᠲᠠᠨ ︵ᠠᠵᠢᠯᠯᠠᠵᠤ ᠪᠠᠶᠢᠭ᠎ᠠ  ᠨᠢᠭᠡᠴᠠ ᠨᠢ ᠲᠤᠰ ᠲᠣᠭᠤᠷᠢᠭ ᠲᠤ ᠪᠠᠶᠢᠬᠤ︶ ᠣᠷᠣᠨ ᠲᠣᠭᠠᠨ ᠤ ᠦᠨᠡᠮᠯᠡᠯ ᠪᠤᠶᠤ ᠠᠳᠠᠯᠢ ᠱᠠᠲᠤᠨ ᠤ ᠣᠷᠣᠨ ᠲᠣᠭᠠᠨ ᠤ ᠰᠠᠯᠠᠭ᠎ᠠ ᠮᠥᠴᠢᠷ ᠤᠨ ᠣᠷᠣᠨ ᠲᠣᠭᠠᠨ ᠤ ᠪᠢᠴᠢᠭ ᠮᠠᠲ᠋ᠧᠷᠢᠶᠠᠯ ᠬᠠᠩᠭᠠᠬᠤ ᠪᠤᠶᠤ ᠲᠤᠰ ᠲᠣᠭᠤᠷᠢᠭ ᠤᠨ ᠨᠡᠶᠢᠭᠡᠮ ᠤᠨ ᠳᠠᠭᠠᠳᠬᠠᠯ ᠤᠨ ᠪᠠᠶᠢᠭᠤᠯᠤᠮᠵᠢ ᠳᠤ ᠵᠠᠯᠭᠠᠭ᠎ᠠ ᠪᠠᠷ 6 ᠰᠠᠷ᠎ᠠ ᠰᠢᠬᠠᠮ ᠤᠨ ᠨᠡᠶᠢᠭᠡᠮ ᠤᠨ ᠳᠠᠭᠠᠳᠬᠠᠯ ᠤᠨ ᠰᠦᠢᠳᠬᠡᠯ ᠲᠤᠰᠢᠶᠠᠭᠰᠠᠨ ᠭᠡᠷᠡᠴᠢ ᠪᠠᠷᠢᠮᠲᠠ ᠪᠤᠶᠤ ᠭᠡᠷᠡᠴᠢ ᠪᠠᠨ ᠲᠤᠰᠢᠶᠠᠬᠤ ᠶᠢᠨ ᠬᠠᠮᠲᠤ ᠬᠥᠮᠦᠨ ᠬᠡᠷᠡᠭᠯᠡᠬᠦ ᠨᠢᠭᠡᠴᠡ ᠶᠢᠨ ᠭᠠᠷᠭᠠᠭᠰᠠᠨ ᠣᠷᠣᠯᠭ᠎ᠠ ᠶᠢᠨ ᠭᠡᠷᠡᠴᠢ ᠪᠠᠨ ᠬᠠᠩᠭᠠᠨ᠎ᠠ᠃ ᡽            ︵2︶ ᠲᠣᠰ ᠲᠣᠭᠤᠷᠢᠭ ᠲᠤ ᠳᠠᠩᠰᠠᠯᠠᠭᠤᠯᠤᠭᠰᠠᠨ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠶᠢᠨ ᠡᠵᠡᠩᠨᠡᠯᠲᠡ ᠶᠢᠨ ᠦᠨᠡᠮᠯᠡᠯ᠂  ᠭᠠᠶᠢᠯᠢ ᠲᠠᠲᠠᠪᠤᠷᠢᠯᠠᠬᠤ ᠴᠡᠭ ᠲᠤ ᠭᠦᠷᠦᠭᠰᠡᠨ ᠥᠬᠡᠶ ᠮᠡᠳᠡᠭᠳᠡᠯ ᠤᠨ ᠪᠢᠴᠢᠭ᠂ ᠭᠤᠶᠤᠴᠢᠯᠠᠭᠰᠠᠨ ᠡᠳᠦᠷ ᠠᠴᠠ ᠡᠮᠦᠨ᠎ᠡ 6 ᠰᠠᠷ᠎ᠠ ᠳᠠᠷᠠᠭᠠᠯᠠᠨ ᠭᠠᠶᠢᠯᠢ ᠲᠤᠰᠢᠶᠠᠭᠰᠠᠨ ᠭᠡᠷᠡᠴᠢ ᠪᠣᠯᠤᠨ ᠣᠷᠣᠯᠭ᠎ᠠ ᠶᠢᠨ ᠪᠠᠶᠢᠳᠠᠯ ᠤᠨ ᠭᠡᠷᠡᠴᠢ ᠪᠠᠨ ᠬᠠᠩᠭᠠᠨ᠎ᠠ︔            ︵3︶ ᠲᠣᠭᠤᠷᠢᠭ ᠤᠨ ᠠᠵᠢᠯ ᠠᠴᠠ ᠪᠠᠭᠤᠭᠰᠠᠨ ᠬᠦᠮᠦᠨ ᠤᠤᠯ ᠤᠨ ᠠᠵᠢᠯᠯᠠᠵᠤ ᠪᠠᠶᠢᠭᠰᠠᠨ ᠨᠢᠭᠡᠴᠡ ᠠᠴᠠ ᠭᠠᠷᠭᠠᠭᠰᠠᠨ ᠠᠵᠢᠯ ᠠᠴᠠ ᠪᠠᠭᠤᠭᠰᠠᠨ ᠪᠠᠶᠢᠳᠠᠯ ᠤᠨ ᠭᠡᠷᠡᠴᠢ ᠪᠤᠶᠤ ᠲᠣᠭᠤᠷᠢᠭ ᠤᠨ ᠨᠡᠶᠢᠭᠡᠮ ᠤᠨ ᠳᠠᠭᠠᠳᠬᠠᠯ ᠤᠨ ᠪᠠᠶᠢᠭᠤᠯᠤᠮᠵᠢ ᠠᠴᠠ ᠭᠠᠷᠭᠠᠭᠰᠠᠨ ᠨᠠᠰᠤᠵᠢᠯ ᠤᠨ ᠠᠰᠠᠷᠠᠮᠵᠢ ᠶᠢᠨ ᠬᠠᠷᠠᠭᠠᠯᠵᠠᠯ ᠢ ᠰᠠᠷ᠎ᠠ ᠪᠠᠷ ᠠᠪᠤᠭᠰᠠᠨ ᠭᠡᠷᠡᠴᠢ ᠪᠠᠷᠢᠮᠲᠠ ᠪᠤᠶᠤ ᠭᠡᠷᠡᠴᠢ ᠶᠢ ᠬᠠᠩᠭᠠᠨ᠎ᠠ︔        ︵4︶ ᠲᠤᠰ ᠲᠣᠭᠤᠷᠢᠭ ᠲᠤ ᠲᠣᠭᠲᠠᠪᠤᠷᠢᠲᠠᠶ ᠣᠷᠣᠯᠭ᠎ᠠ ᠲᠠᠢ ᠨᠥᠬᠦᠴᠡᠯ ᠳᠤ ᠨᠡᠶᠢᠴᠡᠬᠦ ᠪᠤᠰᠤᠳ ᠬᠥᠮᠦᠰ ᠂ ᠪᠠᠶᠢᠳᠠᠯ ᠢ  ᠨᠢ ᠭᠡᠷᠡᠴᠢᠯᠡᠵᠦ ᠳᠡᠶᠢᠯᠬᠦ ᠪᠠᠶᠢᠭᠤᠯᠤᠮᠵᠢ ᠠᠴᠠ ᠬᠦᠴᠦᠨ ᠪᠦᠬᠦᠢ ᠭᠡᠷᠡᠴᠢ ᠬᠠᠩᠭᠠᠨ᠎ᠠ᠃        ︵ᠭᠤᠷᠪᠠ︶ ᠣᠷᠣᠨ ᠰᠠᠭᠤᠴᠠ ᠶᠢᠨ ᠪᠠᠶᠢᠳᠠᠯ ᠤᠨ ᠭᠡᠷᠡᠴᠢᠯᠡᠯ        ᠬᠥᠮᠦᠨ ᠳᠤᠮᠳᠠᠴᠢ ᠶᠢᠨ ᠣᠷᠣᠨ ᠰᠠᠭᠤᠴᠠ ᠶᠢᠨ ᠲᠠᠯᠠᠪᠠᠶ ᠨᠢ 15 ᠲᠡᠭᠰᠢ ᠳᠥᠷᠪᠡᠯᠵᠢᠨ ᠮᠧᠲᠷ ᠠᠴᠠ ᠳᠣᠤᠷ᠎ᠠ ᠪᠠᠶᠢᠭ᠎ᠠ ᠣᠷᠣᠨ ᠰᠠᠭᠤᠴᠠ ᠶᠢᠨ ᠬᠦᠴᠢᠷᠳᠡᠯ ᠲᠠᠢ ᠬᠡᠷ ᠪᠦᠯᠢ ᠬᠡᠷ ᠪᠠᠶᠢᠰᠢᠩ ᠤᠨ ᠡᠷᠬᠡ ᠮᠡᠳᠡᠯ ᠤᠨ ᠬᠠᠷᠢᠶᠠᠯᠠᠯ ᠤᠨ ᠦᠨᠡᠮᠯᠡᠯ ᠪᠤᠶᠤ ᠳᠣᠭᠳᠠᠮᠠᠯ ᠬᠥᠷᠥᠩᠭᠡ ᠶᠢᠨ ᠳᠡᠩᠰᠡᠯᠡᠯᠲᠡ ᠶᠢᠨ ᠦᠨᠡᠮᠯᠡᠯ ᠬᠠᠩᠭᠠᠬᠤ ᠬᠡᠷᠡᠭᠲᠡᠶ᠃ ᠣᠷᠣᠨ ᠰᠠᠭᠤᠴᠠ ᠥᠬᠡᠶ ᠭᠤᠶᠤᠴᠢᠯᠠᠭᠴᠢ ᠪᠠ ᠬᠠᠮᠲᠤ ᠶᠢᠨ ᠭᠤᠶᠤᠴᠢᠯᠠᠭᠴᠢ ᠡᠷᠬᠡᠪᠰᠢ ᠬᠡᠷ ᠪᠠᠶᠢᠰᠢᠩ ᠤᠨ ᠡᠷᠬᠡ ᠮᠡᠳᠡᠯ ᠤᠨ ᠬᠠᠷᠢᠶᠠᠯᠠᠯ ᠤᠨ ᠰᠠᠯᠠᠭ᠎ᠠ ᠮᠥᠴᠢᠷ ᠠᠴᠠ ᠭᠠᠷᠭᠠᠭᠰᠠᠨ ᠬᠢᠶ᠎ᠠ ᠪᠠᠭᠰᠢ ᠲᠣᠭᠤᠷᠢᠭ᠂ ᠡᠵᠡᠨ ᠬᠤᠷᠤᠭ᠎ᠠ ᠬᠤᠰᠢᠭᠤᠨ ᠤ   ᠠᠯᠳᠠᠨᠰᠢᠷᠡᠭᠡᠳᠦ ᠪᠠᠯᠭᠠᠰᠤᠨ ᠳᠤ ᠬᠡᠷ ᠪᠠᠶᠢᠰᠢᠩ ᠥᠬᠡᠶ ᠭᠡᠷᠡᠴᠢ ︵ᠨᠢᠭᠡᠨᠲᠡ ᠤᠷᠤᠭᠯᠠᠭᠰᠠᠨ ᠬᠥᠮᠦᠰ ᠬᠡᠷ ᠪᠦᠯᠢ ᠶᠢᠨ ᠪᠦᠷᠢᠯᠳᠦᠬᠦᠨ ᠤ ᠬᠢᠶ᠎ᠠ ᠪᠠᠭᠰᠢ ᠲᠣᠭᠤᠷᠢᠭ᠂ ᠡᠵᠡᠨ ᠬᠤᠷᠤᠭ᠎ᠠ ᠬᠤᠰᠢᠭᠤᠨ ᠤ ᠠᠯᠳᠠᠨᠰᠢᠷᠡᠭᠡᠳᠦ ᠪᠠᠯᠭᠠᠰᠤᠨ ᠳᠤ ᠬᠡᠷ ᠪᠠᠶᠢᠰᠢᠩ ᠥᠬᠡᠶ ᠭᠡᠷᠡᠴᠢ ᠬᠠᠩᠭᠠᠬᠤ ᠬᠡᠷᠡᠭᠲᠡᠶ︶ ᠬᠠᠩᠭᠠᠬᠤ ᠬᠡᠷᠡᠭᠲᠡᠶ᠃        ︵ᠲᠥᠷᠪᠡ︶ ᠪᠤᠰᠤᠳ ᠬᠠᠩᠭᠠᠬᠤ ᠴᠢᠬᠤᠯᠠ ᠲᠠᠢ ᠮᠠᠲ᠋ᠧᠷᠢᠶᠠᠯ           ᠣᠷᠣᠭᠤᠯᠤᠨ ᠠᠪᠴᠢᠷᠠᠭᠰᠠᠨ ᠣᠨᠴᠠᠭᠠᠶ ᠲᠤᠰᠬᠠᠶ ᠮᠡᠷᠭᠡᠵᠢᠯ ᠤᠨ ᠴᠢᠳᠠᠪᠤᠷᠢᠲᠠᠨ  ᠳᠤ  ᠲᠤᠭᠤᠷᠢᠭ ᠤᠨ ᠲᠠᠰ ᠤᠨ ᠬᠠᠷᠢᠶ᠎ᠠ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠥᠴᠢᠷ ᠠᠴᠠ ᠣᠷᠣᠭᠤᠯᠤᠨ ᠠᠪᠴᠢᠷᠠᠭᠰᠠᠨ ᠴᠢᠳᠠᠪᠤᠷᠢᠲᠠᠨ ᠤ ᠭᠡᠷᠡᠴᠢ  ᠭᠠᠷᠭᠠᠨ᠎ᠠ︔ ᠪᠥᠬᠦ ᠤᠯᠤᠰ ᠤᠨ ᠮᠤᠵᠢ ᠶᠠᠮᠤᠨ ᠤ ᠲᠠᠰ ᠤᠨ ᠬᠥᠳᠡᠯᠮᠦᠷᠢ ᠶᠢᠨ ᠵᠢᠱᠢᠶᠡᠴᠢ᠂ ᠪᠥᠬᠦ ᠤᠯᠤᠰ ᠤᠨ ᠪᠠᠭᠠᠲᠤᠷ ᠵᠢᠱᠢᠶᠡᠴᠢ᠂ ᠦᠨᠡᠨ ᠶᠣᠰᠣᠨ ᠤ ᠲᠥᠯᠥᠭᠡ ᠡᠷᠡᠯᠭᠡᠭ ᠢᠶᠠᠷ ᠲᠡᠮᠡᠴᠡᠭᠰᠡᠨ ᠬᠥᠮᠦᠰ᠂ ᠭᠠᠯ ᠤᠨᠲᠠᠷᠠᠭᠠᠵᠤ ᠠᠪᠤᠷᠠᠨ ᠲᠤᠰᠠᠯᠠᠬᠤ ᠬᠥᠮᠦᠰ᠂ ᠴᠡᠷᠢᠭ ᠤᠨ ᠠᠯᠪᠠ ᠠᠴᠠ ᠬᠠᠯᠠᠭᠳᠠᠭᠰᠠᠳ ᠬᠠᠮᠢᠶ᠎ᠠ ᠪᠥᠬᠦᠶ ᠦᠨᠡᠮᠯᠡᠯ ᠬᠠᠩᠭᠠᠨ᠎ᠠ︔ ᠲᠣᠭᠤᠷᠢᠭ ᠤᠨ ᠬᠤᠲᠠ ᠪᠠᠯᠭᠠᠰᠤᠨ ᠤ  ᠨᠠᠭᠠᠳᠤ ᠵᠠᠬ᠎ᠠ ᠶᠢᠨ ᠪᠠᠳᠣᠯᠠᠭᠠᠳᠣ ᠡᠷᠦᠬᠡ᠂ ᠲᠠᠷᠠᠬᠠᠶ ᠠᠰᠠᠷᠠᠨ ᠲᠡᠵᠢᠭᠡᠵᠦ ᠪᠠᠶᠢᠭ᠎ᠠ ᠣᠨᠴᠠ ᠬᠦᠴᠢᠷᠳᠡᠯᠲᠡᠶ ᠬᠥᠮᠦᠰ᠂ ᠬᠠᠷᠠᠭᠠᠯᠵᠠᠬᠤ ᠡᠲᠡᠭᠡᠳ ᠲᠣᠭᠤᠷᠢᠭ ᠤᠨ ᠠᠷᠠᠳ ᠤᠨ ᠶᠠᠪᠤᠳᠠᠯ ᠤᠨ ᠲᠣᠪᠴᠢᠶ᠎ᠠ᠂ ᠴᠡᠷᠢᠭ ᠤᠨ ᠠᠯᠪᠠ ᠠᠴᠠ ᠬᠠᠯᠠᠭᠳᠠᠭᠰᠠᠳ ᠤᠨ ᠶᠠᠪᠤᠳᠠᠯ ᠤᠨ ᠲᠣᠪᠴᠢᠶ᠎ᠠ ᠠᠴᠠ ᠭᠠᠷᠭᠠᠭᠰᠠᠨ ᠬᠠᠮᠢᠶ᠎ᠠ ᠪᠥᠬᠦᠶ ᠭᠡᠷᠡᠴᠢ ᠶᠢ ᠬᠠᠩᠭᠠᠬᠤ ᠬᠡᠷᠡᠭᠲᠡᠶ︔ ᠲᠣᠭᠤᠷᠢᠭ ᠤᠨ ᠡᠷᠦᠬᠡ ᠠᠮᠠ  ᠲᠠᠢ ᠨᠢᠭᠡᠳᠦᠭᠡᠷ ᠬᠤᠶᠠᠳᠤᠭᠠᠷ ᠳᠡᠰ ᠪᠤᠶᠤ ᠣᠯᠠᠨ ᠳᠠᠪᠬᠤᠷ ᠵᠡᠮᠳᠡᠭᠴᠦᠳ ᠲᠣᠭᠤᠷᠢᠭ ᠤᠨ ᠵᠡᠮᠳᠡᠭᠴᠦᠳ ᠤᠨ ᠬᠤᠯᠪᠣᠭᠠᠲᠤ ᠬᠤᠷᠠᠯ ᠤᠨ ᠭᠠᠷᠭᠠᠭᠰᠠᠨ ᠬᠠᠮᠢᠶ᠎ᠠ ᠪᠥᠬᠦᠶ ᠭᠡᠷᠡᠴᠢ ᠶᠢ ᠬᠠᠩᠭᠠᠬᠤ ᠬᠡᠷᠡᠭᠲᠡᠶ︔ ᠬᠤᠪᠢ ᠬᠥᠮᠦᠨ ᠤ ᠠᠮᠠᠯᠠᠯᠲᠠ ᠬᠡᠷᠡᠴᠢ᠄ ᠬᠡᠷ ᠪᠦᠯᠢ ᠶᠢᠨ ᠣᠷᠣᠯᠭ᠎ᠠ ᠶᠢᠨ ᠪᠠᠶᠢᠳᠠᠯ ᠪᠠ ᠡᠳ᠋ ᠬᠥᠷᠥᠩᠭᠡ ᠶᠢᠨ ᠪᠠᠶᠢᠳᠠᠯ ᠵᠡᠷᠭᠡ ᠳᠤ ᠠᠮᠠᠯᠠᠯᠲᠠ ᠬᠢᠨ᠎ᠠ︔ ᠪᠦᠬᠦᠯᠢ 60 ᠨᠠᠰᠤᠨ ᠠᠴᠠ ᠳᠡᠭᠡᠭᠰᠢᠬᠢ ᠨᠠᠰᠤᠲᠠᠶᠢᠴᠤᠳ ᠭᠠᠭᠴᠠᠭᠠᠷ ᠢᠶᠠᠨ ᠰᠠᠭᠤᠵᠤ ᠪᠠᠶᠢᠪᠠᠯ᠂ ᠠᠰᠠᠷᠠᠨ ᠲᠡᠵᠢᠭᠡᠬᠦ ᠠᠮᠠᠯᠠᠯᠲᠠ ᠶᠢᠨ ᠪᠢᠴᠢᠭ ᠲᠣᠭᠲᠠᠭᠠᠬᠤ ᠬᠡᠷᠡᠭᠲᠡᠶ᠃        ᠳᠥᠷᠪᠡᠳᠦᠭᠡᠷ ᠪᠦᠯᠦᠭ    ᠬᠢᠷᠢ ᠬᠡᠮ ᠢ ᠬᠢᠨᠠᠨ ᠬᠠᠷᠭᠤᠭᠤᠯᠬᠤ ᠶᠠᠪᠤᠴᠠ           ᠠᠷᠪᠠᠨ ᠨᠢᠭᠡᠳᠦᠭᠡᠷ ᠵᠦᠢᠯ   ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠬᠢᠨᠠᠨ ᠬᠠᠷᠭᠤᠭᠤᠯᠬᠤ ᠳᠤ ︽ᠭᠤᠷᠪᠠᠨ ᠱᠠᠲᠤ ᠪᠠᠷ ᠬᠢᠨᠠᠨ ᠬᠠᠷᠭᠤᠭᠤᠯᠵᠤ᠂ ᠭᠤᠷᠪᠠᠨ ᠱᠠᠲᠤ ᠪᠠᠷ  ᠵᠠᠷᠯᠠᠨ ᠨᠡᠶᠢᠲᠡᠯᠡᠬᠦ︾ ᠲᠦᠷᠢᠮ ᠢ ᠴᠢᠩᠭ᠎ᠠ ᠬᠡᠷᠡᠭᠵᠢᠭᠦᠯᠬᠦ ᠬᠡᠷᠡᠭᠲᠡᠶ᠂  ᠪᠣᠳᠠᠳᠣ ᠶᠠᠪᠤᠴᠠ ᠨᠢ᠄            ᠨᠢᠭᠡ᠂ ᠨᠡᠶᠢᠭᠡᠮ ᠲᠣᠭᠤᠷᠢᠭ ᠬᠢᠨᠠᠨ ᠬᠠᠷᠭᠤᠭᠤᠯᠬᠤ᠃ ᠭᠤᠶᠤᠴᠢᠯᠠᠭᠴᠢ ︽ᠬᠢᠶ᠎ᠠ ᠪᠠᠭᠰᠢ ᠲᠣᠭᠤᠷᠢᠭ ᠤᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠭᠤᠶᠤᠴᠢᠯᠠᠯ ᠤᠨ ᠪᠢᠴᠢᠭ︾ ᠵᠢᠴᠢ ᠬᠤᠯᠪᠣᠭᠳᠠᠯ ᠪᠥᠬᠦᠶ ᠭᠤᠶᠤᠴᠢᠯᠠᠯ ᠳᠤ ᠬᠡᠷᠡᠭᠰᠡᠬᠦ ᠮᠠᠲ᠋ᠧᠷᠢᠶᠠᠯ ᠢ ᠠᠪᠴᠤ ᠪᠠᠶᠢᠭ᠎ᠠ ᠨᠡᠶᠢᠭᠡᠮ ᠲᠣᠭᠤᠷᠢᠭ ᠲᠤ ᠭᠤᠶᠤᠴᠢᠯᠠᠯ ᠭᠠᠷᠭᠠᠨ᠂ ᠨᠡᠶᠢᠭᠡᠮ ᠲᠣᠭᠤᠷᠢᠭ ᠭᠤᠶᠤᠴᠢᠯᠠᠯ ᠢ ᠭᠥᠯᠢᠶᠡᠨ ᠠᠪᠤᠭᠰᠠᠨ ᠡᠳᠦᠷ ᠠᠴᠠ ᠡᠬᠢᠯᠡᠨ 5 ᠠᠵᠢᠯᠯᠠᠬᠤ ᠡᠳᠦᠷ ᠤᠨ ᠳᠣᠲᠣᠷ᠎ᠠ ᠬᠢᠨᠠᠨ ᠬᠠᠷᠭᠤᠭᠤᠯᠵᠤ᠂ ᠠᠩᠬᠠᠨ ᠤ ᠬᠢᠨᠠᠯᠲᠠ ᠶᠢᠨ ᠰᠠᠨᠠᠯ ᠢᠶᠠᠨ ᠳᠣᠷᠠᠳᠣᠨ᠂ ᠠᠩᠬᠠᠨ ᠤ ᠬᠢᠨᠠᠯᠲᠠ ᠳᠤ ᠬᠢᠷᠢ ᠲᠡᠩᠴᠡᠪᠡᠯ ᠨᠡᠶᠢᠭᠡᠮ ᠲᠣᠭᠤᠷᠢᠭ ᠲᠤ ᠵᠠᠷᠯᠠᠨ ᠨᠡᠶᠢᠲᠡᠯᠡᠨ᠎ᠡ᠂ ᠵᠠᠷᠯᠠᠨ ᠨᠡᠶᠢᠲᠡᠯᠡᠬᠦ ᠬᠤᠭᠤᠴᠠᠭ᠎ᠠ ᠨᠢ 7 ᠡᠳᠦᠷ ᠪᠣᠯᠤᠨ᠎ᠠ᠃ ᠠᠩᠬᠠᠨ ᠤ ᠬᠢᠨᠠᠯᠲᠠ ᠳᠤ ᠬᠢᠷᠢ ᠲᠡᠩᠴᠡᠭᠰᠡᠨ ᠦᠭᠡᠢ ᠪᠤᠶᠤ ᠵᠠᠷᠯᠠᠨ ᠨᠠᠶᠢᠳᠡᠯᠡᠭᠰᠡᠨ ᠳᠤ ᠣᠨᠳᠣᠣ ᠰᠠᠨᠠᠯ ᠲᠠᠢ ᠪᠠᠶᠢᠪᠠᠯ᠂ ᠭᠤᠶᠤᠴᠢᠯᠠᠭᠴᠢ ᠳᠤ ᠪᠢᠴᠢᠭ ᠢᠶᠠᠷ ᠮᠡᠳᠡᠭᠳᠡᠬᠦ ᠶᠢᠨ ᠬᠠᠮᠲᠤ ᠤᠴᠢᠷ ᠰᠢᠯᠲᠠᠭᠠᠨ ᠢᠶᠠᠨ ᠲᠣᠳᠣᠷᠬᠠᠶᠢᠯᠠᠨ᠎ᠠ᠃ ᠠᠩᠬᠠᠨ ᠤ ᠬᠢᠨᠠᠯᠲᠠ ᠳᠤ ᠬᠢᠷᠢ ᠲᠡᠩᠴᠡᠭᠰᠡᠨ ᠮᠥᠷᠲᠡᠭᠡᠨ ᠵᠠᠷᠯᠠᠨ ᠨᠡᠶᠢᠲᠡᠯᠡᠬᠦ ᠬᠤᠭᠤᠴᠠᠭᠠᠨ ᠳᠤ ᠣᠨᠳᠣᠣ ᠰᠠᠨᠠᠯ ᠦᠭᠡᠢ ᠪᠤᠶᠤ ᠣᠨᠳᠣᠣ ᠰᠠᠨᠠᠯ ᠨᠢ ᠵᠦᠢ ᠶᠣᠰᠣᠨ ᠳᠤ ᠨᠡᠶᠢᠴᠡᠬᠦ ᠦᠭᠡᠢ ᠪᠠᠶᠢᠪᠠᠯ᠂ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠲᠤ ᠮᠡᠳᠡᠭᠦᠯᠦᠨ ᠬᠦᠷᠭᠡᠵᠦ ᠲᠠᠬᠢᠨ ᠬᠢᠨᠠᠭᠤᠯᠤᠨ᠎ᠠ᠃        ᠬᠤᠶᠠᠷ᠂ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠬᠢᠨᠠᠨ ᠬᠠᠷᠭᠤᠭᠤᠯᠬᠤ᠃ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠨᠡᠶᠢᠭᠡᠮ ᠲᠣᠭᠤᠷᠢᠭ  ᠠᠴᠠ ᠲᠤᠰᠢᠶᠠᠭᠰᠠᠨ ᠭᠤᠶᠤᠴᠢᠯᠠᠯ ᠤᠨ  ᠮᠠᠲ᠋ᠧᠷᠢᠶᠠᠯ ᠢ ᠳᠠᠬᠢᠨ ᠬᠢᠨᠠᠵᠤ᠂ 5 ᠠᠵᠢᠯᠯᠠᠬᠤ ᠡᠳᠦᠷ ᠤᠨ ᠳᠣᠲᠣᠷ᠎ᠠ ᠳᠠᠬᠢᠨ ᠬᠢᠨᠠᠬᠤ  ᠶᠢ ᠪᠡᠶᠡᠯᠡᠭᠦᠯᠬᠦ  ᠶᠢᠨ ᠬᠠᠮᠲᠤ ᠬᠢᠨᠠᠨ ᠬᠠᠷᠭᠤᠭᠤᠯᠤᠭᠰᠠᠨ ᠰᠠᠨᠠᠯ ᠢᠶᠠᠨ ᠳᠣᠷᠠᠳᠣᠨ᠂ ᠳᠠᠬᠢᠨ ᠬᠢᠨᠠᠭᠠᠳ ᠬᠢᠷᠢ ᠲᠡᠩᠴᠡᠭᠰᠡᠨ ᠢ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠲᠤ ᠵᠠᠷᠯᠠᠨ ᠨᠡᠶᠢᠲᠡᠯᠡᠨ᠎ᠡ᠂ ᠵᠠᠷᠯᠠᠨ  ᠨᠡᠶᠢᠲᠡᠯᠡᠬᠦ ᠬᠤᠭᠤᠴᠠᠭ᠎ᠠ ᠨᠢ 7 ᠡᠳᠦᠷ ᠪᠣᠯᠤᠨ᠎ᠠ᠃ ᠲᠠᠬᠢᠨ ᠬᠢᠨᠠᠭᠠᠳ ᠬᠢᠷᠢ ᠲᠡᠩᠴᠡᠭᠰᠡᠨ ᠦᠭᠡᠢ ᠪᠤᠶᠤ ᠵᠠᠷᠯᠠᠨ ᠨᠠᠶᠢᠳᠡᠯᠡᠭᠰᠡᠨ ᠳᠤ ᠣᠨᠳᠣᠣ ᠰᠠᠨᠠᠯ ᠲᠠᠢ ᠪᠠᠶᠢᠪᠠᠯ᠂ ᠭᠤᠶᠤᠴᠢᠯᠠᠭᠴᠢ ᠳᠤ ᠪᠢᠴᠢᠭ ᠢᠶᠠᠷ ᠮᠡᠳᠡᠭᠳᠡᠬᠦ ᠶᠢᠨ ᠬᠠᠮᠲᠤ ᠤᠴᠢᠷ ᠰᠢᠯᠲᠠᠭᠠᠨ ᠢᠶᠠᠨ ᠲᠣᠳᠣᠷᠬᠠᠶᠢᠯᠠᠨ᠎ᠠ᠃ ᠳᠠᠬᠢᠨ ᠬᠢᠨᠠᠭᠠᠳ ᠬᠢᠷᠢ ᠲᠡᠩᠴᠡᠭᠰᠡᠨ ᠮᠥᠷᠲᠡᠭᠡᠨ ᠵᠠᠷᠯᠠᠨ ᠨᠡᠶᠢᠲᠡᠯᠡᠬᠦ ᠬᠤᠭᠤᠴᠠᠭᠠᠨ ᠳᠤ ᠣᠨᠳᠣᠤ ᠰᠠᠨᠠᠯ ᠥᠬᠡᠶ ᠪᠤᠶᠤ ᠣᠨᠳᠣᠤ ᠰᠠᠨᠠᠯ ᠨᠢ ᠵᠦᠢ ᠶᠣᠰᠣᠨ ᠳᠤ ᠨᠡᠶᠢᠴᠡᠬᠦ ᠦᠭᠡᠢ ᠪᠠᠶᠢᠪᠠᠯ ᠂  ᠵᠠᠷᠯᠠᠨ ᠨᠡᠶᠢᠲᠡᠯᠡᠭᠰᠡᠨ ᠦᠷ᠎ᠡ ᠳ᠋ᠦᠩ ᠢ ᠭᠤᠶᠤᠴᠢᠯᠠᠭᠴᠢ ᠳᠤ ᠬᠠᠷᠢᠭᠤ ᠲᠤᠰᠬᠠᠵᠤ᠂ ᠭᠤᠶᠤᠴᠢᠯᠠᠭᠴᠢ ᠪᠦᠷᠢᠨ ᠪᠦᠲᠦᠨ ᠭᠤᠶᠤᠴᠢᠯᠠᠯ ᠤᠨ ᠮᠠᠲ᠋ᠧᠷᠢᠶᠠᠯ ᠢ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠳᠤ ᠮᠡᠳᠡᠭᠦᠯᠦᠨ ᠬᠦᠷᠭᠡᠵᠦ ᠬᠢᠨᠠᠨ ᠬᠠᠷᠭᠤᠭᠤᠯᠤᠭᠤᠯᠬᠤ ᠬᠡᠷᠡᠭᠲᠡᠶ᠃        ᠭᠤᠷᠪᠠ᠂  ᠡᠷᠭᠡ ᠳᠣᠰᠢᠶᠠᠯᠳᠣ ᠰᠠᠯᠠᠭ᠎ᠠ ᠮᠥᠴᠢᠷ ᠬᠢᠨᠠᠨ ᠬᠠᠷᠭᠤᠭᠤᠯᠬᠤ᠃ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ  ᠭᠤᠶᠤᠴᠢᠯᠠᠭᠴᠢ ᠶᠢᠨ ᠲᠤᠰᠢᠶᠠᠭᠰᠠᠨ ᠭᠤᠶᠤᠴᠢᠯᠠᠯ ᠤᠨ ᠮᠠᠲ᠋ᠧᠷᠢᠶᠠᠯ ᠢ ᠬᠢᠨᠠᠨ ᠬᠠᠷᠭᠤᠭᠤᠯᠵᠤ᠂ 5 ᠠᠵᠢᠯᠯᠠᠬᠤ ᠡᠳᠦᠷ ᠤᠨ ᠳᠣᠲᠣᠷ᠎ᠠ ᠬᠢᠨᠠᠨ ᠬᠠᠷᠭᠤᠭᠤᠯᠬᠤ ᠶᠢ ᠪᠡᠶᠡᠯᠡᠭᠦᠯᠬᠦ ᠶᠢᠨ ᠬᠠᠮᠲᠤ ᠬᠢᠨᠠᠨ ᠬᠠᠷᠭᠤᠭᠤᠯᠤᠭᠰᠠᠨ ᠰᠠᠨᠠᠯ ᠢᠶᠠᠨ ᠳᠣᠷᠠᠳᠣᠨ᠂ ᠬᠢᠨᠠᠨ ᠬᠠᠷᠭᠤᠭᠤᠯᠤᠭᠠᠳ ᠬᠢᠷᠢ ᠳᠡᠩᠴᠡᠭᠰᠡᠨ ᠭᠤᠶᠤᠴᠢᠯᠠᠭᠴᠢ ᠶᠢ ᠬᠢᠶ᠎ᠠ ᠪᠠᠭᠰᠢ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ ᠳᠤ ᠵᠠᠷᠯᠠᠨ ᠨᠡᠶᠢᠲᠡᠯᠡᠨ᠎ᠡ᠂ ᠵᠠᠷᠯᠠᠨ ᠨᠡᠶᠢᠲᠡᠯᠡᠬᠦ ᠬᠤᠭᠤᠴᠠᠭ᠎ᠠ ᠨᠢ 7 ᠡᠳᠦᠷ ᠪᠣᠯᠤᠨ᠎ᠠ᠃ ᠵᠠᠷᠯᠠᠨ ᠨᠡᠶᠢᠲᠡᠯᠡᠬᠦ ᠬᠤᠭᠤᠴᠠᠭᠠᠨ ᠳᠤ ᠭᠤᠶᠤᠴᠢᠯᠠᠭᠰᠠᠨ ᠡᠲᠡᠭᠡᠳ ᠲᠤ ᠣᠨᠳᠣᠤ ᠰᠠᠨᠠᠯ ᠲᠠᠢ ᠪᠠᠶᠢᠪᠠᠯ᠂ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠨᠢ ᠬᠤᠯᠪᠣᠭᠳᠠᠯ ᠪᠥᠬᠦᠶ ᠰᠠᠯᠠᠭ᠎ᠠ ᠮᠥᠴᠢᠷ ᠲᠠᠢ ᠬᠠᠮᠲᠤᠷᠠᠨ ᠳᠠᠬᠢᠨ ᠬᠢᠨᠠᠵᠤ᠂ 5 ᠠᠵᠢᠯᠯᠠᠬᠤ ᠡᠳᠦᠷ ᠤᠨ ᠳᠣᠲᠣᠷ᠎ᠠ ᠬᠢᠨᠠᠨ ᠪᠠᠶᠢᠴᠠᠭᠠᠬᠤ ᠶᠢ ᠪᠡᠶᠡᠯᠡᠭᠦᠯᠬᠦ ᠬᠡᠷᠡᠭᠲᠡᠶ᠃ ᠬᠢᠨᠠᠨ ᠪᠠᠶᠢᠴᠠᠭᠠᠭᠠᠳ ᠣᠨᠳᠣᠣ ᠰᠠᠨᠠᠯ ᠨᠢ ᠵᠦᠢ ᠶᠣᠰᠣᠨ ᠳᠤ ᠨᠡᠶᠢᠴᠡᠬᠦ ᠳᠤ ᠬᠦᠷᠪᠡᠯ᠂ ᠳᠠᠬᠢᠨ ᠬᠢᠨᠠᠭᠰᠠᠨ ᠦᠷ᠎ᠡ ᠳ᠋ᠦᠩ ᠢᠶᠠᠨ ᠭᠤᠶᠤᠴᠢᠯᠠᠭᠴᠢ ᠳᠤ ᠪᠢᠴᠢᠭ ᠢᠶᠠᠷ ᠮᠡᠳᠡᠭᠳᠡᠬᠦ ᠶᠢᠨ ᠬᠠᠮᠲᠤ ᠤᠴᠢᠷ ᠰᠢᠯᠲᠠᠭᠠᠨ ᠢᠶᠠᠨ ᠲᠣᠳᠣᠷᠬᠠᠶᠢᠯᠠᠬᠤ ᠬᠡᠷᠡᠭᠲᠡᠶ᠃       ᠲᠦᠷᠪᠡ᠂ ᠡᠭᠡᠯᠵᠢᠯᠡᠨ ᠬᠦᠯᠢᠶᠡᠬᠦ᠃ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠠᠴᠠ ᠬᠢᠨᠠᠨ ᠬᠠᠷᠭᠤᠭᠤᠯᠵᠤ ᠵᠠᠷᠯᠠᠨ ᠨᠡᠶᠢᠲᠡᠯᠡᠬᠦ ᠪᠠᠷ ᠳᠡᠮᠵᠢᠨ ᠣᠨᠳᠣᠤ ᠰᠠᠨᠠᠯ ᠥᠬᠡᠶ ᠪᠠᠶᠢᠪᠠᠯ᠂ ᠭᠤᠶᠤᠴᠢᠯᠠᠭᠴᠢ ᠰᠠᠶᠢᠨ ᠳᠤᠷ᠎ᠠ ᠠᠴᠠ ᠪᠠᠨ ᠡᠭᠡᠯᠵᠢᠯᠡᠨ ᠬᠦᠯᠢᠶᠡᠬᠦ ᠬᠥᠮᠥᠷᠭᠡ ᠳᠤ ᠣᠷᠣᠨ᠎ᠠ᠃ ᠡᠭᠡᠯᠵᠢᠯᠡᠨ ᠬᠦᠯᠢᠶᠡᠬᠦ ᠬᠤᠭᠤᠴᠠᠭᠠᠨ ᠳᠤ᠂ ᠭᠤᠶᠤᠴᠢᠯᠠᠭᠴᠢ ᠶᠢᠨ ᠠᠵᠢᠯ᠂ ᠣᠷᠣᠯᠭ᠎ᠠ᠂ ᠣᠷᠣᠨ ᠰᠠᠭᠤᠴᠠ ᠵᠢᠴᠢ ᠬᠡᠷ ᠪᠦᠯᠢ ᠶᠢᠨ ᠬᠥᠮᠦᠨ ᠤ ᠲᠤᠭ᠎ᠠ ᠵᠡᠷᠭᠡ ᠪᠠᠶᠢᠳᠠᠯ ᠳᠤ ᠬᠤᠪᠢᠷᠠᠯᠲᠠ ᠭᠠᠷᠪᠠᠯ᠂ ᠴᠠᠭ ᠲᠤᠬᠠᠶ ᠳᠤᠨᠢ ᠰᠠᠨᠠᠭᠠᠴᠢᠯᠠᠭ᠎ᠠ ᠠᠴᠠ ᠪᠠᠨ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠳᠤ ᠪᠢᠴᠢᠭ ᠤᠨ ᠮᠠᠲ᠋ᠧᠷᠢᠶᠠᠯ ᠢᠶᠠᠨ ᠦᠨᠡᠨ ᠢᠶᠠᠷ ᠨᠢ ᠳᠣᠰᠢᠶᠠᠨ᠂ ᠬᠢᠷᠢ ᠬᠡᠮ ᠢ ᠳᠠᠬᠢᠨ ᠰᠢᠨ᠎ᠡ ᠪᠠᠷ ᠬᠢᠨᠠᠨ ᠬᠠᠷᠭᠤᠭᠤᠯᠵᠤ᠂ ᠡᠭᠡᠯᠵᠢᠯᠡᠨ ᠬᠦᠯᠢᠶᠡᠬᠦ ᠬᠥᠮᠥᠷᠭᠡ ᠳᠤ ᠤᠷᠤᠭᠰᠠᠨ ᠭᠤᠶᠤᠴᠢᠯᠠᠭᠴᠢ ᠶᠢ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠶᠢᠨ ᠬᠡᠷ ᠪᠠᠶᠢᠰᠢᠩ ᠤᠨ ᠬᠤᠪᠢᠶᠠᠷᠢᠯᠠᠯᠲᠠ ᠶᠢᠨ ᠦᠷ᠎ᠡ ᠳ᠋ᠦᠩ ᠢ ᠳᠠᠭᠠᠭᠰᠠᠨ ᠢᠶᠠᠷ ᠦᠵᠡᠨ᠎ᠡ᠃            ᠲᠦᠷᠢᠶᠡᠰᠦ ᠲᠣᠬᠢᠷᠠᠭᠤᠯᠬᠤ ᠠᠴᠠ ᠡᠮᠦᠨ᠎ᠡ᠂ ᠭᠤᠶᠤᠴᠢᠯᠠᠬᠤ ᠨᠥᠬᠦᠴᠡᠯ ᠳᠤ ᠨᠡᠶᠢᠴᠡᠬᠦ ᠥᠬᠡᠶ ᠮᠥᠷᠲᠡᠭᠡᠨ ᠲᠣᠭᠲᠠᠭᠠᠯ ᠶᠣᠰᠣᠭᠠᠷ ᠡᠭᠡᠯᠵᠢᠯᠡᠨ ᠬᠦᠯᠢᠶᠡᠬᠦ ᠠᠴᠠ ᠭᠠᠷᠬᠤ ᠪᠠᠷ ᠭᠤᠶᠤᠴᠢᠯᠠᠭᠰᠠᠨ ᠥᠬᠡᠶ ᠪᠠᠶᠢᠪᠠᠯ᠂ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠠᠴᠠ ᠲᠦᠷᠢᠶᠡᠰᠦ ᠲᠣᠬᠢᠷᠠᠭᠤᠯᠬᠤ ᠬᠢᠷᠢ ᠬᠡᠮ ᠢ ᠨᠢ ᠬᠦᠴᠦᠨ ᠥᠬᠡᠶ ᠪᠣᠯᠭᠠᠬᠤ ᠬᠡᠷᠡᠭᠲᠡᠶ᠃        ᠲᠠᠪᠤᠳᠤᠭᠠᠷ ᠪᠦᠯᠦᠭ     ᠲᠦᠷᠢᠶᠡᠰᠦᠯᠡᠯ ᠤᠨ ᠨᠥᠬᠦᠪᠥᠷᠢ ᠪᠠ ᠪᠣᠳᠠᠲᠤ ᠶᠠᠭᠤᠮ᠎ᠠ ᠪᠠᠷ ᠲᠦᠷᠢᠶᠡᠰᠦ  ᠲᠣᠬᠢᠷᠠᠭᠤᠯᠬᠤ            ᠠᠷᠪᠠᠨ ᠬᠤᠶᠠᠳᠤᠭᠠᠷ ᠵᠦᠢᠯ    ᠪᠠᠲᠤᠯᠠᠭ᠎ᠠ ᠶᠢᠨ ᠠᠷᠭ᠎ᠠ ᠮᠠᠶ᠋ᠢᠭ᠃ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠪᠠᠲᠤᠯᠠᠭ᠎ᠠ ᠶᠢᠨ ᠠᠷᠭ᠎ᠠ ᠮᠠᠶ᠋ᠢᠭ ᠲᠤ ᠲᠦᠷᠢᠶᠡᠰᠦᠯᠡᠯ ᠤᠨ   ᠨᠥᠬᠦᠪᠥᠷᠢ᠂ ᠪᠣᠳᠠᠲᠤ ᠶᠠᠭᠤᠮ᠎ᠠ ᠪᠠᠷ ᠲᠦᠷᠢᠶᠡᠰᠦ ᠳᠣᠭᠢᠷᠠᠭᠤᠯᠬᠤ ᠠᠷᠭ᠎ᠠ ᠮᠠᠶ᠋ᠢᠭ ᠢ ᠬᠠᠷᠢᠯᠴᠠᠨ ᠤᠶᠠᠯᠳᠣᠭᠤᠯᠣᠨ᠎ᠠ᠃           ᠠᠷᠪᠠᠨ ᠭᠤᠷᠪᠠᠳᠤᠭᠠᠷ ᠵᠦᠢᠯ    ᠲᠦᠷᠢᠶᠡᠰᠦᠯᠡᠯ ᠤᠨ ᠨᠥᠬᠦᠪᠥᠷᠢ ᠤᠯᠬᠤ ᠡᠲᠡᠭᠡᠳ᠃  ᠲᠤᠭᠤᠷᠢᠭ ᠤᠨ ᠵᠠᠰᠠᠭ ᠤᠨ ᠣᠷᠳᠣᠨ ᠲᠣᠭᠤᠷᠢᠭ ᠤᠨ ᠠᠷᠠᠳ ᠤᠨ ᠶᠠᠪᠤᠳᠠᠯ ᠤᠨ ᠰᠠᠯᠠᠭ᠎ᠠ ᠮᠥᠴᠢᠷ ᠠᠴᠠ ᠣᠯᠠᠨ ᠨᠡᠶᠢᠲᠡ ᠶᠢᠨ ᠲᠦᠷᠢᠶᠠᠰᠦᠨ ᠣᠷᠣᠨ ᠰᠠᠭᠤᠴᠠ ᠶᠢᠨ ᠪᠠᠲᠤᠯᠠᠭ᠎ᠠ ᠳᠤ ᠨᠡᠶᠢᠴᠡᠬᠦ ᠪᠠᠷ ᠳᠣᠭᠳᠠᠭᠠᠭᠰᠠᠨ ᠲᠣᠭᠤᠷᠢᠭ ᠤᠨ ᠬᠤᠲᠠ ᠪᠠᠯᠭᠠᠰᠣᠨ ᠤ ᠨᠠᠭᠠᠳᠤ ᠵᠠᠬ᠎ᠠ ᠶᠢᠨ   ᠪᠠᠳᠣᠯᠠᠭᠠᠳᠣ ᠡᠷᠦᠬᠡ᠂ ᠲᠠᠷᠠᠬᠠᠶ ᠠᠰᠠᠷᠠᠨ ᠲᠡᠵᠢᠭᠡᠵᠦ ᠪᠠᠶᠢᠭ᠎ᠠ ᠣᠨᠴᠠ ᠬᠦᠴᠢᠷᠳᠡᠯᠲᠡᠶ ᠬᠥᠮᠦᠰ ᠲᠤ ᠲᠦᠷᠢᠶᠡᠰᠦᠨ ᠣᠷᠣᠨ ᠰᠠᠭᠤᠴᠠ ᠶᠢᠨ ᠨᠥᠬᠦᠪᠥᠷᠢ ᠣᠯᠭᠤᠵᠤ᠂  ᠳᠡᠳᠡ ᠥᠪᠡᠰᠦᠪᠡᠨ ᠲᠦᠷᠢᠶᠡᠰᠦᠨ ᠣᠷᠣᠨ ᠰᠠᠭᠤᠴᠠ ᠶᠢ ᠲᠦᠷᠢᠶᠡᠰᠦᠯᠡᠨ᠎ᠡ᠃            ᠠᠷᠪᠠᠨ ᠳᠥᠷᠪᠡᠳᠦᠭᠡᠷ ᠵᠦᠢᠯ   ᠲᠦᠷᠢᠶᠡᠰᠦᠯᠡᠯ ᠤᠨ  ᠨᠥᠬᠦᠪᠥᠷᠢ ᠶᠢᠨ ᠪᠠᠷᠢᠮᠵᠢᠶ᠎ᠠ᠃ ᠲᠣᠰ ᠲᠣᠭᠤᠷᠢᠭ ᠤᠨ ᠬᠤᠲᠠ ᠪᠠᠯᠭᠠᠰᠤᠨ ᠤ ᠨᠠᠭᠠᠳᠤ ᠵᠠᠬ᠎ᠠ ᠶᠢᠨ ᠪᠠᠳᠣᠯᠠᠭᠠᠳᠣ ᠡᠷᠦᠬᠡ᠂ ᠲᠠᠷᠠᠬᠠᠶ ᠠᠰᠠᠷᠠᠨ ᠲᠡᠵᠢᠭᠡᠵᠦ ᠪᠠᠶᠢᠭ᠎ᠠ ᠣᠨᠴᠠ ᠬᠦᠴᠢᠷᠳᠡᠯᠲᠡᠶ ᠬᠥᠮᠦᠰ ᠤᠨ ᠲᠦᠷᠢᠶᠡᠰᠦᠯᠡᠯ ᠤᠨ ᠨᠥᠬᠦᠪᠥᠷᠢ ᠶᠢ ᠡᠷᠦᠬᠡ ᠪᠠᠷ ᠮᠡᠳᠡᠭᠦᠯᠬᠦ᠂ ᠬᠥᠮᠦᠨ ᠢᠶᠠᠷ ᠨᠢ ᠨᠥᠬᠦᠪᠥᠷᠢ ᠥᠭᠬᠦ ᠠᠷᠭ᠎ᠠ ᠶᠢ ᠠᠪᠴᠤ᠂ ᠨᠠᠭᠠᠳᠤ ᠵᠠᠬ᠎ᠠ ᠶᠢᠨ ᠪᠠᠲᠤᠯᠠᠭ᠎ᠠ ᠶᠢ ᠭᠥᠷᠳᠡᠵᠦ ᠪᠠᠶᠢᠭ᠎ᠠ ᠬᠡᠷ ᠪᠦᠯᠢ ᠶᠢᠨ ᠪᠦᠷᠢᠯᠳᠦᠬᠦᠨ ᠤ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠲᠠᠯᠠᠪᠠᠶ ᠬᠥᠮᠦᠨ ᠪᠦᠷᠢ ᠳᠤ 15 ᠲᠡᠭᠰᠢ ᠳᠥᠷᠪᠡᠯᠵᠢᠨ ᠮᠧᠲᠷ ᠤᠨ ᠪᠠᠷᠢᠮᠵᠢᠶ᠎ᠡ ᠪᠠᠷ ᠨᠥᠬᠦᠪᠥᠷᠢ ᠥᠭᠴᠦ᠂ ᠰᠠᠷ᠎ᠠ ᠪᠦᠷᠢ ᠬᠥᠮᠦᠨ ᠪᠦᠷᠢ ᠳᠤ ᠲᠡᠭᠰᠢ ᠳᠥᠷᠪᠡᠯᠵᠢᠨ ᠮᠧᠲᠷ ᠲᠤ  10 ᠲᠥᠭᠦᠷᠢᠭ  ᠤᠨ ᠨᠥᠬᠦᠪᠥᠷᠢ ᠥᠭᠭᠦᠨ᠎ᠡ᠃           ᠠᠷᠪᠠᠨ ᠲᠠᠪᠤᠳᠤᠭᠠᠷ ᠵᠦᠢᠯ   ᠲᠦᠷᠢᠶᠡᠰᠦᠯᠡᠯ ᠤᠨ ᠨᠥᠬᠦᠪᠥᠷᠢ ᠶᠢ ᠤᠯᠭᠤᠬᠤ᠃ ᠬᠢᠨᠠᠨ ᠬᠠᠷᠭᠤᠭᠤᠯᠤᠭᠠᠳ ᠲᠦᠷᠢᠶᠡᠰᠦᠯᠡᠯ ᠤᠨ ᠨᠥᠬᠦᠪᠥᠷᠢ ᠣᠯᠭᠤᠬᠤ ᠪᠠᠷᠢᠮᠵᠢᠶ᠎ᠠ ᠳᠤ ᠨᠡᠶᠢᠴᠡᠭᠰᠡᠨ ᠬᠡᠷ ᠪᠦᠯᠢ ᠬᠢᠨᠠᠨ ᠬᠠᠷᠭᠤᠭᠤᠯᠵᠤ ᠪᠠᠲᠤᠯᠠᠭᠰᠠᠨ ᠤ ᠳᠠᠷᠠᠭ᠎ᠠ ᠰᠠᠷ᠎ᠠ ᠠᠴᠠ ᠡᠬᠢᠯᠡᠨ ᠤᠯᠠᠷᠢᠯ ᠢᠶᠠᠷ ᠲᠦᠷᠢᠶᠡᠰᠦᠯᠡᠯ ᠤᠨ ᠨᠥᠬᠦᠪᠥᠷᠢ ᠣᠯᠭᠤᠨ᠎ᠠ᠃        ᠠᠷᠪᠠᠨ ᠵᠢᠷᠭᠤᠳᠤᠭᠠᠷ ᠵᠦᠢᠯ    ᠲᠦᠷᠢᠶᠡᠰᠦᠯᠡᠯ ᠤᠨ ᠨᠥᠬᠦᠪᠥᠷᠢ ᠶᠢ ᠨᠢᠭᠡᠨᠲᠡ ᠭᠥᠷᠳᠡᠭᠰᠡᠨ ᠬᠡᠷ ᠪᠦᠯᠢ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠭᠤᠶᠤᠴᠢᠯᠠᠭᠰᠠᠨ ᠤ ᠳᠠᠷᠠᠭ᠎ᠠ᠂ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠲᠤᠰᠢᠶᠠᠨ ᠥᠭᠴᠦ ᠬᠡᠷᠡᠭᠯᠡᠭᠦᠯᠦᠭᠰᠡᠨ ᠲᠣᠰ ᠰᠠᠷ᠎ᠠ ᠠᠴᠠ ᠡᠬᠢᠯᠡᠨ ᠲᠦᠷᠢᠶᠡᠰᠦᠨ ᠣᠷᠣᠨ ᠰᠠᠭᠤᠴᠠ ᠶᠢᠨ ᠨᠥᠬᠦᠪᠥᠷᠢ ᠣᠯᠭᠤᠬᠤ ᠶᠢ ᠵᠣᠭᠰᠣᠭᠠᠨ᠎ᠠ᠃            ᠠᠷᠪᠠᠨ ᠳᠣᠯᠣᠳᠤᠭᠠᠷ ᠵᠦᠢᠯ   ᠪᠣᠳᠠᠲᠤ ᠶᠠᠭᠤᠮ᠎ᠠ ᠪᠠᠷ ᠲᠦᠷᠢᠶᠡᠰᠦ ᠳᠣᠭᠢᠷᠠᠭᠤᠯᠬᠤ᠃ ᠲᠦᠷᠢᠶᠡᠰᠦᠯᠡᠨ ᠰᠠᠭᠤᠬᠤ ᠬᠠᠮᠲᠤᠯᠢᠭ ᠤᠨ ᠵᠥᠷᠢᠶ᠎ᠡ ᠳᠤ ᠴᠢᠭᠯᠡᠭᠦᠯᠦᠨ᠂ ᠲᠦᠷᠢᠶᠡᠰᠦᠯᠡᠬᠦ ᠶᠢ ᠡᠭᠡᠯᠵᠢᠯᠡᠨ ᠬᠦᠯᠢᠶᠡᠬᠦ᠂ ᠢᠯᠡ ᠪᠠᠷ ᠳ᠋ᠣᠭᠠᠷ ᠡᠷᠬᠢᠭᠦᠯᠬᠦ ᠵᠡᠷᠭᠡ ᠠᠷᠭ᠎ᠠ ᠮᠠᠶ᠋ᠢᠭ ᠢᠶᠠᠷ ᠶᠠᠪᠤᠭᠳᠠᠭᠤᠯᠤᠨ᠎ᠠ᠃            ᠠᠷᠪᠠᠨ ᠨᠠᠢᠮᠠᠳᠤᠭᠠᠷ ᠵᠦᠢᠯ    ᠭᠡᠷ ᠪᠠᠶᠢᠰᠢᠩ ᠢ ᠲᠣᠬᠢᠷᠠᠭᠤᠯᠤᠨ ᠲᠦᠷᠢᠶᠡᠰᠦᠯᠡᠭᠦᠯᠬᠦ ᠵᠠᠷᠴᠢᠮ᠃ ᠲᠦᠷᠢᠶᠡᠰᠦᠯᠡᠭᠦᠯᠬᠦ ᠪᠣᠯᠬᠤ ᠬᠡᠷ ᠪᠠᠶᠢᠰᠢᠩ ᠤᠨ ᠢᠷᠡᠯᠲᠡ᠂ ᠭᠤᠶᠤᠴᠢᠯᠠᠭᠴᠢ ᠶᠢᠨ ᠰᠠᠨᠠᠭ᠎ᠠ᠂ ᠭᠤᠶᠤᠴᠢᠯᠠᠬᠤ ᠨᠥᠬᠦᠴᠡᠯ ᠳᠤ ᠨᠡᠶᠢᠴᠡᠬᠦ ᠬᠠᠮᠲᠤ ᠶᠢᠨ ᠭᠤᠶᠤᠴᠢᠯᠠᠭᠴᠢ ᠶᠢᠨ ᠬᠥᠮᠦᠨ ᠤ ᠲᠤᠭ᠎ᠠ ᠵᠡᠷᠭᠡ ᠪᠠᠶᠢᠳᠠᠯ ᠢ ᠦᠨᠳᠦᠰᠦᠯᠡᠨ ᠬᠤᠪᠢᠶᠠᠷᠢᠯᠠᠨ᠎ᠠ᠂ 2 ᠬᠥᠮᠦᠨ ᠠᠴᠠ ᠳᠣᠷᠣᠭᠰᠢ ︵2 ᠬᠥᠮᠦᠨ ᠢ ᠪᠠᠭᠲᠠᠭᠠᠨ᠎ᠠ︶ ᠳᠤ 35 ᠲᠡᠭᠰᠢ ᠳᠥᠷᠪᠡᠯᠵᠢᠨ ᠮᠧᠲᠷ ᠠᠴᠠ ᠳᠣᠷᠣᠭᠰᠢ ᠳᠠᠯᠪᠠᠢ  ᠲᠠᠢ ᠬᠡᠷ ᠪᠠᠶᠢᠰᠢᠩ ᠳᠣᠭᠢᠷᠠᠭᠤᠯᠤᠨ ᠲᠦᠷᠢᠶᠡᠰᠦᠯᠡᠭᠦᠯᠵᠦ᠂ 3 ᠬᠥᠮᠦᠨ ᠳᠤ 35 — 60 ᠲᠡᠭᠰᠢ ᠳᠥᠷᠪᠡᠯᠵᠢᠨ ᠮᠧᠲᠷ ᠳᠠᠯᠪᠠᠢ ᠲᠠᠢ ᠬᠡᠷ ᠪᠠᠶᠢᠰᠢᠩ ᠳᠣᠭᠢᠷᠠᠭᠤᠯᠤᠨ ᠲᠦᠷᠢᠶᠡᠰᠦᠯᠡᠭᠦᠯᠵᠦ᠂ 4 ᠠᠴᠠ ᠳᠡᠭᠡᠭᠰᠢ ᠬᠡᠷ ᠪᠦᠯᠢ ᠳᠤ 60 ᠲᠡᠭᠰᠢ ᠳᠥᠷᠪᠡᠯᠵᠢᠨ ᠮᠧᠲᠷ ᠠᠴᠠ ᠳᠡᠭᠡᠭᠰᠢ ᠳᠠᠯᠪᠠᠢ ᠲᠠᠢ ᠬᠡᠷ ᠪᠠᠶᠢᠰᠢᠩ ᠳᠣᠭᠢᠷᠠᠭᠤᠯᠤᠨ ᠲᠦᠷᠢᠶᠡᠰᠦᠯᠡᠭᠦᠯᠵᠦ᠂ ᠬᠡᠷ ᠪᠦᠯᠢ ᠶᠢᠨ ᠪᠦᠷᠢᠯᠳᠦᠬᠦᠨ ᠳᠤ ᠵᠥᠪᠬᠡᠨ ᠡᠴᠢᠭᠡ ᠥᠬᠢᠨ ᠪᠤᠶᠤ ᠡᠬᠡ ᠬᠦᠤ ᠬᠤᠶᠠᠭᠤᠯᠠᠬᠠᠨ ᠪᠠᠶᠢᠪᠠᠯ᠂ 3 ᠬᠥᠮᠦᠨ ᠤ ᠪᠠᠷᠢᠮᠵᠢᠶ᠎ᠠ ᠪᠠᠷ ᠳᠣᠭᠢᠷᠠᠭᠤᠯᠤᠨ ᠲᠦᠷᠢᠶᠡᠰᠦᠯᠡᠭᠦᠯᠵᠦ ᠪᠣᠯᠤᠨ᠎ᠠ᠃ ᠪᠣᠳᠠᠲᠠᠶ ᠳᠤᠬᠢᠷᠠᠭᠤᠯᠤᠨ ᠲᠦᠷᠢᠶᠡᠰᠦᠯᠡᠭᠦᠯᠬᠦ ᠶᠠᠪᠤᠴᠠ ᠳᠤ᠂ ᠳᠤᠬᠢᠷᠠᠭᠤᠯᠤᠨ ᠲᠦᠷᠢᠶᠡᠰᠦᠯᠡᠭᠦᠯᠵᠦ ᠪᠣᠯᠬᠤ ᠣᠲᠣ ᠶᠢᠨ ᠪᠠᠶᠢᠭ᠎ᠠ ᠬᠡᠷ ᠪᠠᠶᠢᠰᠢᠩ ᠤᠨ ᠢᠷᠡᠯᠲᠡ ᠶᠢ ᠠᠮᠢᠳᠤᠯᠢᠭ ᠢᠶᠠᠷ ᠳᠣᠭᠢᠷᠠᠭᠤᠯᠤᠨ᠎ᠠ᠃ ᠳ᠋ᠣᠭᠠᠷ ᠡᠷᠬᠢᠭᠦᠯᠵᠦ ᠳᠤᠬᠢᠷᠠᠭᠤᠯᠤᠨ ᠲᠦᠷᠢᠶᠡᠰᠦᠯᠡᠭᠦᠯᠬᠦ ᠶᠢ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠠᠴᠠ ᠵᠣᠬᠢᠶᠠᠨ ᠪᠠᠶᠢᠭᠤᠯᠵᠤ᠂ ᠬᠡᠷ ᠪᠠᠶᠢᠰᠢᠩ ᠤᠨ ᠢᠷᠡᠯᠲᠡ ᠶᠢᠨ ᠬᠠᠩᠭᠠᠯᠭ᠎ᠠ ᠶᠢᠨ ᠪᠠᠶᠢᠳᠠᠯ ᠪᠠ ᠭᠤᠶᠤᠴᠢᠯᠠᠭᠴᠢ ᠶᠢᠨ ᠭᠤᠶᠤᠴᠢᠯᠠᠭᠰᠠᠨ ᠰᠠᠭᠤᠭᠠᠯᠢ ᠲᠣᠭᠤᠷᠢᠭ ᠵᠢᠴᠢ ᠬᠡᠷ ᠤᠨ ᠬᠡᠯᠪᠡᠷᠢ ᠲᠠᠯᠠᠪᠠᠶ ᠶᠢ ᠦᠨᠳᠦᠰᠦᠯᠡᠨ᠂ ᠡᠯᠧᠺᠲᠷᠣᠨ ᠳ᠋ᠣᠭᠠᠷ ᠡᠷᠬᠢᠭᠦᠯᠬᠦ ᠰᠢᠰᠲ᠋ᠧᠮ ᠢᠶᠠᠷ ᠳᠠᠮᠵᠢᠭᠤᠯᠤᠨ ᠳ᠋ᠣᠭᠠᠷ ᠡᠷᠬᠢᠭᠦᠯᠵᠦ ᠲᠦᠷᠢᠶᠡᠰᠦ ᠳᠣᠬᠢᠷᠠᠭᠤᠯᠤᠨ᠎ᠠ᠂  ᠲᠦᠷᠢᠶᠠᠰᠦ ᠳᠣᠬᠢᠷᠠᠭᠤᠯᠬᠤ ᠶᠠᠪᠤᠴᠠ ᠳᠤ ᠲᠣᠭᠤᠷᠢᠭ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ᠂ ᠰᠣᠨᠢᠨ ᠮᠡᠳᠡᠭᠡ ᠵᠠᠭᠤᠴᠢᠯᠠᠭᠴᠢ᠂ ᠭᠤᠶᠤᠴᠢᠯᠠᠭᠴᠢ ᠶᠢᠨ ᠲᠥᠯᠥᠭᠡᠯᠡᠭᠴᠢ᠂ ᠨᠡᠶᠢᠭᠡᠮ ᠤᠨ ᠬᠢᠨᠠᠯᠲᠠ ᠶᠢ ᠬᠦᠯᠢᠶᠡᠨ᠎ᠡ᠃        ᠠᠷᠪᠠ ᠶᠢᠰᠦᠳᠦᠭᠡᠷ ᠵᠦᠢᠯ    ᠣᠷᠣᠵᠤ ᠰᠠᠭᠤᠬᠤ ᠭᠠᠷᠳᠠᠮ ᠭᠦᠢᠴᠡᠳᠬᠡᠬᠦ᠃  ᠲᠦᠷᠢᠶᠡᠰᠦ  ᠳᠣᠬᠢᠷᠠᠭᠤᠯᠤᠭᠰᠠᠨ ᠭᠤᠶᠤᠴᠢᠯᠠᠭᠴᠢ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠠᠴᠠ ᠶᠠᠪᠤᠭᠤᠯᠤᠭᠰᠠᠨ ᠣᠷᠣᠵᠤ ᠰᠠᠭᠤᠬᠤ ᠮᠡᠳᠡᠭᠳᠡᠯ ᠢ ᠣᠯᠤᠭᠰᠠᠨ ᠤ ᠳᠠᠷᠠᠭ᠎ᠠ 5 ᠡᠳᠦᠷ ᠤᠨ ᠳᠣᠲᠣᠷ᠎ᠠ᠂ ᠲᠣᠰ ᠬᠥᠮᠦᠨ ᠨᠢ ᠪᠡᠶ᠎ᠡ ᠶᠢᠨ ᠦᠨᠡᠮᠯᠡᠯ᠂ ᠲᠦᠷᠢᠶᠡᠰᠦ ᠳᠣᠬᠢᠷᠠᠭᠤᠯᠵᠤ ᠨᠤᠳᠠᠯᠠᠭᠰᠠᠨ ᠮᠡᠳᠡᠭᠳᠡᠯ ᠤᠨ ᠪᠢᠴᠢᠭ ᠢᠶᠠᠨ ᠠᠪᠴᠤ ᠲᠣᠭᠲᠠᠭᠠᠭᠰᠠᠨ ᠭᠠᠵᠠᠷ ᠲᠤ ᠬᠦᠷᠴᠦ ᠳᠣᠤᠷᠠᠬᠢ ᠭᠠᠷᠳᠠᠮ ᠢ ᠭᠦᠢᠴᠡᠳᠬᠡᠬᠦ ᠬᠡᠷᠡᠭᠲᠡᠶ᠄        ︵ᠨᠢᠭᠡ︶ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠬᠢᠭᠡᠳ ᠭᠤᠶᠤᠴᠢᠯᠠᠭᠴᠢ ᠨᠢ ᠳᠣᠭᠢᠷᠠᠭᠤᠯᠤᠨ ᠲᠦᠷᠢᠶᠡᠰᠦᠯᠡᠭᠦᠯᠬᠦ ᠪᠠᠷ ᠪᠠᠶᠢᠭ᠎ᠠ ᠬᠡᠷ ᠪᠠᠶᠢᠰᠢᠩ ᠤᠨ ᠪᠠᠶᠢᠳᠠᠯ ᠢ ᠬᠠᠮᠲᠤᠪᠠᠷ ᠪᠠᠶᠢᠴᠠᠭᠠᠨ ᠰᠢᠯᠭᠠᠬᠤ ᠶᠢᠨ ᠬᠠᠮᠲᠤ ᠪᠠᠶᠢᠴᠠᠭᠠᠨ ᠰᠢᠯᠭᠠᠭᠰᠠᠨ ᠦᠷ᠎ᠡ ᠳ᠋ᠦᠩ ᠢ ᠲᠤᠬᠠᠶ ᠶᠢᠨ ᠲᠠᠯᠠᠪᠤᠷ  ᠲᠤ ᠭᠠᠷ ᠤᠨ ᠥᠰᠥᠭ ᠵᠢᠷᠤᠵᠤ ᠨᠤᠲᠠᠯᠠᠨ᠎ᠠ᠃            ︵ᠬᠤᠶᠠᠷ︶ ᠭᠤᠶᠤᠴᠢᠯᠠᠭᠴᠢ ᠲᠣᠭᠲᠠᠭᠠᠭᠰᠠᠨ ᠭᠠᠵᠠᠷ ᠲᠤ ᠬᠦᠷᠴᠦ ᠲᠣᠬᠢᠷᠠᠭᠤᠯᠤᠨ ᠲᠦᠷᠢᠶᠡᠰᠦᠯᠡᠭᠦᠯᠬᠦ ᠭᠡᠷ ᠪᠠᠶᠢᠰᠢᠩ ᠤᠨ ᠡᠯ᠎ᠡ ᠵᠦᠢᠯ ᠤᠨ ᠵᠠᠷᠤᠳᠠᠯ ᠢ ᠳᠣᠰᠢᠶᠠᠨ᠎ᠠ᠃            ︵ᠭᠤᠷᠪᠠ︶ ᠭᠤᠶᠤᠴᠢᠯᠠᠭᠴᠢ ᠲᠣᠭᠲᠠᠭᠠᠭᠰᠠᠨ ᠭᠠᠵᠠᠷ ᠲᠤ ᠬᠦᠷᠴᠦ ︽ᠬᠢᠶ᠎ᠠ ᠪᠠᠭᠰᠢ ᠲᠣᠭᠤᠷᠢᠭ ᠤᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠲᠦᠷᠢᠶᠡᠰᠦᠯᠡᠬᠦ ᠭᠡᠷ᠎ᠡ︾ ︵ᠳᠣᠷᠣᠭᠰᠢ ︽ᠲᠦᠷᠢᠶᠡᠰᠦᠯᠡᠬᠦ ᠭᠡᠷ᠎ᠡ︾ ᠭᠡᠵᠦ ᠲᠣᠪᠴᠢᠯᠠᠨ᠎ᠠ︶ ᠳᠤ ᠭᠠᠷ ᠤᠨ ᠥᠰᠥᠭ ᠵᠢᠷᠤᠵᠤ᠂ ᠲᠦᠷᠢᠶᠡᠰᠦᠯᠡᠭᠦᠯᠦᠭᠴᠢ ᠬᠢᠭᠡᠳ ᠲᠦᠷᠢᠶᠡᠰᠦᠯᠡᠭᠴᠢ ᠶᠢᠨ ᠡᠷᠬᠡ ᠪᠠ ᠡᠭᠦᠷᠭᠡ ᠶᠢ ᠲᠣᠳᠣᠷᠬᠠᠶᠢᠯᠠᠨ᠎ᠠ᠃        ᠵᠢᠷᠭᠤᠳᠤᠭᠠᠷ ᠪᠦᠯᠦᠭ    ᠲᠦᠷᠢᠶᠡᠰᠦᠯᠡᠯ ᠤᠨ ᠬᠠᠮᠢᠶᠠᠷᠤᠯᠲᠠ            ᠬᠤᠷᠢᠳᠤᠭᠠᠷ ᠵᠦᠢᠯ    ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠲᠦᠷᠢᠶᠡᠰᠦᠨ ᠮᠥᠩᠭᠦ ᠶᠢᠨ ᠪᠠᠷᠢᠮᠵᠢᠶ᠎ᠠ ᠶᠢ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ ᠲᠣᠭᠤᠷᠢᠭ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ᠂ ᠲᠣᠭᠤᠷᠢᠭ ᠤᠨ ᠡᠳ᠋ ᠤᠨ ᠵᠠᠰᠠᠭ ᠤᠨ ᠲᠣᠪᠴᠢᠶ᠎ᠠ ᠲᠠᠢ ᠬᠠᠮᠲᠤᠷᠠᠨ᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠦᠨ᠎ᠡ ᠲᠣᠭᠲᠠᠭᠠᠬᠤ ᠭᠠᠷᠴᠠᠭ︾ ᠤᠨ ᠶᠣᠰᠣᠭᠠᠷ ᠦᠨ᠎ᠡ ᠬᠠᠩᠰᠢ ᠶᠢᠨ ᠡᠷᠬᠡ ᠮᠡᠳᠡᠯ ᠤᠨ ᠬᠡᠪᠴᠢᠶ᠎ᠡ ᠶᠢ ᠲᠣᠭᠲᠠᠭᠠᠵᠤ᠂ ᠠᠳᠠᠯᠢ ᠭᠠᠵᠠᠷ ᠤᠨ ᠣᠷᠣᠨ ᠰᠠᠭᠤᠴᠠ ᠶᠢᠨ ᠵᠠᠬ᠎ᠠ ᠳᠡᠯᠭᠡᠭᠦᠷ ᠤᠨ ᠲᠦᠷᠢᠶᠡᠰᠦᠨ ᠮᠥᠩᠭᠦ ᠶᠢᠨ ᠬᠢᠷᠢ ᠬᠡᠮᠵᠢᠶ᠎ᠡ ᠠᠴᠠ ᠳᠣᠤᠷ᠎ᠠ ᠪᠠᠶᠢᠯᠭᠠᠬᠤ ᠵᠠᠷᠴᠢᠮ ᠶᠣᠰᠣᠭᠠᠷ ᠲᠣᠰ ᠲᠤᠭᠤᠷᠢᠭ ᠤᠨ ᠪᠠᠯᠠ ᠣᠷᠣᠭᠤᠯᠵᠤ ᠪᠥᠲᠥᠭᠡᠨ ᠪᠠᠶᠢᠭᠤᠯᠤᠭᠰᠠᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠲᠦᠷᠢᠶᠡᠰᠦᠨ ᠮᠥᠩᠭᠦ ᠶᠢᠨ ᠪᠠᠷᠢᠮᠵᠢᠶ᠎ᠠ ᠶᠢ ᠳᠣᠭᠳᠠᠭᠠᠨ᠂ ᠲᠤᠭᠤᠷᠢᠭ ᠤᠨ ᠠᠷᠠᠳ ᠤᠨ ᠵᠠᠰᠠᠭ ᠤᠨ ᠣᠷᠳᠣᠨ ᠳᠤ ᠮᠡᠳᠡᠭᠦᠯᠦᠨ ᠵᠥᠪᠰᠢᠶᠡᠷᠡᠭᠦᠯᠦᠭᠰᠡᠨ ᠤ ᠳᠠᠷᠠᠭ᠎ᠠ ᠬᠡᠷᠡᠭᠵᠢᠭᠦᠯᠦᠨ᠎ᠡ᠃ ᠲᠣᠭᠤᠷᠢᠭ ᠤᠨ ᠠᠷᠠᠳ ᠤᠨ ᠶᠠᠪᠤᠳᠠᠯ ᠤᠨ ᠰᠠᠯᠠᠭ᠎ᠠ ᠮᠥᠴᠢᠷ ᠤᠨ ᠮᠠᠭᠠᠳᠯᠠᠨ ᠲᠣᠭᠲᠠᠭᠠᠭᠰᠠᠨ ᠲᠣᠭᠤᠷᠢᠭ ᠤᠨ ᠡᠷᠦᠬᠡ ᠠᠮᠠ ᠲᠠᠢ ᠬᠤᠲᠠ ᠪᠠᠯᠭᠠᠰᠤᠨ ᠤ ᠨᠠᠭᠠᠳᠤ ᠵᠠᠬ᠎ᠠ ᠶᠢᠨ ᠪᠠᠲᠤᠯᠠᠭᠠᠲᠤ ᠡᠷᠦᠬᠡ᠂ ᠲᠣᠰ ᠲᠣᠭᠤᠷᠢᠭ ᠤᠨ ᠲᠠᠷᠠᠬᠠᠶ ᠠᠰᠠᠷᠠᠨ ᠲᠡᠵᠢᠭᠡᠵᠦ ᠪᠠᠶᠢᠭ᠎ᠠ ᠲᠣᠭᠤᠷᠢᠭ ᠤᠨ ᠡᠷᠦᠬᠡ ᠠᠮᠠ ᠲᠠᠢ ᠣᠨᠴᠠ ᠬᠦᠴᠢᠷᠳᠡᠯᠲᠡᠶ ᠬᠥᠮᠦᠰ ᠤᠨ ᠬᠡᠷ ᠪᠠᠶᠢᠰᠢᠩ ᠤᠨ ᠲᠦᠷᠢᠶᠡᠰᠦᠨ ᠮᠥᠩᠭᠦ ᠳᠤ ᠲᠣᠭᠤᠷᠢᠭ ᠤᠨ ᠬᠢᠮᠳᠠ ᠲᠦᠷᠢᠶᠡᠰᠦᠨ ᠬᠡᠷ ᠪᠠᠶᠢᠰᠢᠩ ᠤᠨ ᠲᠦᠷᠢᠶᠡᠰᠦᠨ ᠮᠥᠩᠭᠦ ᠶᠢᠨ ᠪᠠᠷᠢᠮᠵᠢᠶ᠎ᠠ ᠶᠢ ᠬᠡᠷᠡᠭᠵᠢᠭᠦᠯᠵᠦ᠂ ᠲᠦᠷᠢᠶᠡᠰᠦᠨ ᠮᠥᠩᠭᠦ ᠳᠤ ᠬᠥᠳᠡᠯᠦᠩᠭᠦᠶ ᠲᠣᠬᠢᠷᠠᠭᠤᠯᠤᠯᠲᠠ ᠬᠢᠵᠦ᠂ ᠬᠤᠶᠠᠷ ᠵᠢᠯ ᠳᠤ ᠨᠢᠭᠡ ᠤᠳᠠᠭ᠎ᠠ ᠨᠡᠶᠢᠭᠡᠮ ᠳᠤ ᠨᠡᠶᠢᠲᠡᠯᠡᠨ᠎ᠡ᠃ ᠲᠦᠷᠢᠶᠡᠰᠦᠨ ᠮᠥᠩᠭᠦ ᠶᠢᠨ ᠣᠷᠣᠯᠭ᠎ᠠ ᠵᠠᠷᠤᠯᠭ᠎ᠠ ᠶᠢ ︽ᠬᠢᠶ᠎ᠠ ᠪᠠᠭᠰᠢ ᠲᠣᠭᠤᠷᠢᠭ ᠤᠨ ᠪᠠᠲᠤᠯᠠᠭ᠎ᠠ ᠶᠢᠨ ᠴᠢᠨᠠᠷᠲᠠᠶ ᠣᠷᠣᠨ ᠰᠠᠭᠤᠴᠠ ᠶᠢᠨ ᠲᠦᠷᠢᠶᠡᠰᠦᠨ ᠮᠥᠩᠭᠦ ᠶᠢᠨ ᠣᠷᠣᠯᠭ᠎ᠠ ᠵᠠᠷᠤᠯᠭ᠎ᠠ ᠶᠢᠨ ᠬᠠᠮᠢᠶᠠᠷᠤᠯᠲᠠ ᠶᠢᠨ ᠲᠦᠷ ᠬᠡᠷᠡᠭᠵᠢᠭᠦᠯᠬᠦ ᠠᠷᠭ᠎ᠠ︾ ᠶᠣᠰᠣᠭᠠᠷ ᠬᠡᠷᠡᠭᠵᠢᠭᠦᠯᠦᠨ᠎ᠡ᠃        ᠬᠤᠷᠢᠨ ᠨᠢᠭᠡᠳᠦᠭᠡᠷ ᠵᠦᠢᠯ    ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠲᠦᠷᠢᠶᠡᠰᠦᠯᠡᠬᠦ ᠭᠡᠷ᠎ᠡ ᠶᠢᠨ ᠬᠤᠭᠤᠴᠠᠭ᠎ᠠ ᠨᠢ 1 ᠵᠢᠯ ᠪᠣᠯᠤᠨ᠎ᠠ᠃ ᠬᠡᠷᠪᠡ ᠦᠷᠭᠦᠯᠵᠢᠯᠡᠨ ᠲᠦᠷᠢᠶᠡᠰᠦᠯᠡᠬᠦ ᠭᠠᠷ ᠭᠦᠢᠴᠡᠳᠬᠡᠯ ᠬᠢᠬᠦ ᠴᠢᠬᠤᠯᠠᠲᠠᠢ ᠪᠣᠯ ᠲᠦᠷᠢᠶᠡᠰᠦᠯᠡᠬᠦ ᠭᠡᠷ᠎ᠡ ᠶᠢᠨ ᠬᠤᠭᠤᠴᠠᠭ᠎ᠠ  ᠬᠦᠷᠬᠦ ᠠᠴᠠ 3 ᠰᠠᠷ᠎ᠠ ᠶᠢᠨ ᠡᠮᠦᠨ᠎ᠡ ᠪᠢᠴᠢᠭ ᠤᠨ ᠭᠤᠶᠤᠴᠢᠯᠠᠯ ᠭᠠᠷᠭᠠᠬᠤ ᠶᠢᠨ ᠬᠠᠮᠲᠤ ᠳᠣᠣᠷᠠᠬᠢ ᠮᠠᠲ᠋ᠧᠷᠢᠶᠠᠯ ᠤᠳ ᠢ ᠬᠠᠩᠭᠠᠬᠤ ᠬᠡᠷᠡᠭᠲᠡᠢ᠄            ︵ᠨᠢᠭᠡ︶ ᠭᠤᠶᠤᠴᠢᠯᠠᠭᠴᠢ ᠵᠢᠴᠢ ᠬᠠᠮᠲᠤ ᠶᠢᠨ ᠭᠤᠶᠤᠴᠢᠯᠠᠭᠴᠢ ᠶᠢᠨ  ᠰᠠᠭᠤᠬᠤ  ᠦᠨᠡᠮᠯᠡᠯ  ︵ᠬᠢᠶ᠎ᠠ ᠪᠠᠭᠰᠢ ᠪᠤᠰᠤ ᠡᠷᠦᠬᠡ ᠠᠮᠠ︶᠃            ︵ᠬᠤᠶᠠᠷ︶ ᠭᠤᠶᠤᠴᠢᠯᠠᠭᠴᠢ ᠶᠢᠨ ᠠᠵᠢᠯ ᠤᠨ ᠭᠡᠷᠡᠴᠢᠯᠡᠬᠦ ᠮᠠᠲ᠋ᠧᠷᠢᠶᠠᠯ᠄            1᠂ ᠲᠣᠰ ᠲᠣᠭᠤᠷᠢᠭ ᠤᠨ ᠬᠥᠮᠦᠨ ᠬᠡᠷᠡᠭᠯᠡᠬᠦ ᠨᠢᠭᠡᠴᠡ ᠲᠠᠢ ᠬᠥᠳᠡᠯᠮᠦᠷᠢ ᠶᠢᠨ ᠭᠡᠷ᠎ᠡ ︵ᠨᠢᠭᠡ ᠵᠢᠯ ᠵᠢᠴᠢ ᠨᠢᠭᠡ ᠵᠢᠯ ᠠᠴᠠ ᠳᠡᠭᠡᠭᠰᠢ︶ ᠲᠣᠭᠲᠠᠭᠰᠠᠨ ᠪᠠᠶᠢᠪᠠᠯ ᠬᠥᠳᠡᠯᠮᠦᠷᠢ ᠶᠢᠨ ᠭᠡᠷ᠎ᠡ ᠬᠠᠩᠭᠠᠵᠤ᠂ ᠲᠥᠷᠥ ᠶᠢᠨ ᠪᠠᠶᠢᠭᠤᠯᠭ᠎ᠠ ᠶᠢᠨ ᠵᠢᠩᠬᠢᠨᠢ ᠠᠵᠢᠯᠲᠠᠨ ︵ᠠᠵᠢᠯᠯᠠᠵᠤ ᠪᠠᠶᠢᠭ᠎ᠠ ᠨᠢᠭᠡᠴᠡ ᠲᠣᠰ ᠲᠣᠭᠤᠷᠢᠭ ᠲᠤ ᠪᠠᠶᠢᠭ᠎ᠠ︶ ᠣᠷᠣᠨ ᠲᠤᠭ᠎ᠠ ᠶᠢᠨ ᠦᠨᠡᠮᠯᠡᠯ ᠪᠤᠶᠤ ᠠᠳᠠᠯᠢ ᠱᠠᠲᠤᠨ ᠤ ᠣᠷᠣᠨ ᠲᠤᠭ᠎ᠠ ᠶᠢᠨ ᠰᠠᠯᠠᠭ᠎ᠠ ᠮᠥᠴᠢᠷ ᠤᠨ ᠣᠷᠣᠨ ᠲᠤᠭ᠎ᠠ ᠶᠢᠨ ᠪᠢᠴᠢᠭ ᠮᠠᠲ᠋ᠧᠷᠢᠶᠠᠯ ᠢ ᠬᠠᠩᠭᠠᠬᠤ ᠪᠤᠶᠤ ᠲᠣᠰ ᠲᠣᠭᠤᠷᠢᠭ ᠤᠨ ᠨᠡᠶᠢᠭᠡᠮ ᠤᠨ ᠳᠠᠭᠠᠳᠬᠠᠯ ᠤᠨ ᠪᠠᠶᠢᠭᠤᠯᠤᠮᠵᠢ ᠠᠴᠠ ᠭᠠᠷᠭᠠᠭᠰᠠᠨ ᠲᠣᠰ ᠲᠣᠭᠤᠷᠢᠭ ᠲᠤ 6 ᠰᠠᠷ᠎ᠠ ᠦᠷᠭᠦᠯᠵᠢᠯᠡᠨ ᠨᠡᠶᠢᠭᠡᠮ ᠤᠨ ᠳᠠᠭᠠᠳᠬᠠᠯ ᠲᠤᠰᠢᠶᠠᠭᠰᠠᠨ ᠰᠦᠢᠳᠬᠡᠯ ᠲᠤᠰᠢᠶᠠᠭᠰᠠᠨ ᠭᠡᠷᠡᠴᠢ ᠶᠢ ᠬᠠᠩᠭᠠᠨ᠎ᠠ︔        2᠂ ᠲᠤᠰ ᠲᠣᠭᠤᠷᠢᠭ ᠲᠤ ᠳᠠᠩᠰᠠᠯᠠᠭᠤᠯᠤᠭᠰᠠᠨ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠨᠢ ᠡᠵᠡᠩᠨᠡᠯᠲᠡ ᠶᠢᠨ ᠦᠨᠡᠮᠯᠡᠯ᠂  ᠭᠠᠶᠢᠯᠢ ᠲᠠᠲᠠᠪᠤᠷᠢᠯᠠᠬᠤ ᠴᠡᠭ ᠲᠤ ᠬᠦᠷᠦᠭᠰᠡᠨ ᠦᠭᠡᠢ ᠮᠡᠳᠡᠭᠳᠡᠯ ᠤᠨ ᠪᠢᠴᠢᠭ᠂ ᠭᠤᠶᠤᠴᠢᠯᠠᠭᠰᠠᠨ ᠡᠳᠦᠷ ᠠᠴᠠ ᠡᠮᠦᠨ᠎ᠡ ᠵᠠᠯᠭᠠᠭ᠎ᠠ ᠪᠠᠷ 6 ᠰᠠᠷ᠎ᠠ ᠭᠠᠶᠢᠯᠢ ᠲᠤᠰᠢᠶᠠᠭᠰᠠᠨ ᠭᠡᠷᠡᠴᠢ ᠪᠠᠨ ᠬᠠᠩᠭᠠᠨ᠎ᠠ︔            3᠂ ᠲᠣᠭᠤᠷᠢᠭ ᠤᠨ ᠠᠵᠢᠯ ᠠᠴᠠ ᠪᠠᠭᠤᠭᠰᠠᠨ ᠬᠦᠮᠦᠰ᠂ ᠤᠤᠯ ᠤᠨ ᠠᠵᠢᠯᠯᠠᠵᠤ ᠪᠠᠶᠢᠭᠰᠠᠨ ᠨᠢᠭᠡᠴᠡ ᠠᠴᠠ ᠭᠠᠷᠭᠠᠭᠰᠠᠨ ᠠᠵᠢᠯ ᠠᠴᠠ ᠪᠠᠭᠤᠭᠰᠠᠨ ᠪᠠᠶᠢᠳᠠᠯ ᠤᠨ ᠭᠡᠷᠡᠴᠢ ᠪᠤᠶᠤ ᠲᠣᠭᠤᠷᠢᠭ ᠤᠨ ᠨᠡᠶᠢᠭᠡᠮ ᠤᠨ ᠳᠠᠭᠠᠳᠬᠠᠯ ᠤᠨ ᠪᠠᠶᠢᠭᠤᠯᠤᠮᠵᠢ ᠠᠴᠠ ᠭᠠᠷᠭᠠᠭᠰᠠᠨ ᠰᠠᠷ᠎ᠠ ᠪᠠᠷ ᠨᠠᠰᠤᠵᠢᠯ ᠤᠨ ᠬᠠᠷᠠᠭᠠᠯᠵᠠᠯ  ᠭᠦᠷᠳᠡᠵᠦ ᠪᠠᠶᠢᠭ᠎ᠠ ᠭᠡᠷᠡᠴᠢ ᠪᠠᠷᠢᠮᠳᠠ ᠪᠤᠶᠤ ᠭᠡᠷᠡᠴᠢ ᠶᠢ ᠬᠠᠩᠭᠠᠨ᠎ᠠ︔            4᠂ ᠲᠤᠰ ᠲᠤᠭᠤᠷᠢᠭ ᠤᠨ ᠲᠣᠭᠲᠠᠪᠤᠷᠢᠲᠠᠶ ᠣᠷᠣᠯᠭ᠎ᠠ ᠲᠠᠢ ᠪᠤᠰᠤᠳ ᠨᠥᠬᠦᠴᠡᠯ ᠳᠤ ᠨᠡᠶᠢᠴᠡᠬᠦ ᠬᠥᠮᠦᠰ ᠂ ᠪᠠᠶᠢᠳᠠᠯ ᠢ ᠨᠢ ᠭᠡᠷᠡᠴᠢᠯᠡᠵᠦ ᠳᠡᠶᠢᠯᠬᠦ ᠪᠠᠶᠢᠭᠤᠯᠤᠮᠵᠢ ᠠᠴᠠ ᠬᠦᠴᠦᠨ ᠪᠥᠬᠦᠢ ᠭᠡᠷᠡᠴᠢ ᠬᠠᠩᠭᠠᠨ᠎ᠠ᠃            ︵ᠭᠤᠷᠪᠠ︶ ᠭᠤᠶᠤᠴᠢᠯᠠᠭᠴᠢ ᠵᠢᠴᠢ ᠬᠠᠮᠲᠤ ᠶᠢᠨ ᠭᠤᠶᠤᠴᠢᠯᠠᠭᠴᠢ ᠶᠢᠨ ᠬᠠᠩᠭᠠᠭᠰᠠᠨ ᠣᠷᠣᠯᠭ᠎ᠠ ᠶᠢᠨ ᠪᠠᠶᠢᠳᠠᠯ ᠤᠨ ᠭᠡᠷᠡᠴᠢ᠃            ︵ᠳᠥᠷᠪᠡ︶ ᠭᠤᠶᠤᠴᠢᠯᠠᠭᠴᠢ ᠵᠢᠴᠢ ᠬᠠᠮᠲᠤ ᠶᠢᠨ ᠭᠤᠶᠤᠴᠢᠯᠠᠭᠴᠢ ᠶᠢᠨ ᠬᠡᠷ ᠪᠠᠶᠢᠰᠢᠩ ᠤᠨ ᠡᠷᠬᠡ ᠮᠡᠳᠡᠯ ᠤᠨ ᠬᠠᠷᠢᠶᠠᠯᠠᠯ ᠤᠨ ᠰᠠᠯᠠᠭ᠎ᠠ ᠮᠥᠴᠢᠷ ᠠᠴᠠ ᠭᠠᠷᠭᠠᠭᠰᠠᠨ ᠨᠢᠭᠡ ᠭᠠᠷᠠᠭ ᠤᠨ ᠳᠣᠲᠣᠷᠠᠬᠢ ᠬᠢᠶ᠎ᠠ ᠪᠠᠭᠰᠢ ᠲᠣᠭᠤᠷᠢᠭ᠂ ᠡᠵᠡᠨ ᠬᠤᠷᠤᠭ᠎ᠠ ᠬᠤᠰᠢᠭᠤᠨ ᠤ ᠠᠯᠳᠠᠨᠰᠢᠷᠡᠭᠡᠳᠦ ᠪᠠᠯᠭᠠᠰᠤᠨ ᠳᠤ ᠬᠡᠷ ᠬᠥᠷᠥᠩᠭᠡ ᠪᠠᠶᠢᠬᠤ ᠦᠭᠡᠢ ᠭᠡᠷᠡᠴᠢ ᠬᠠᠩᠭᠠᠨ᠎ᠠ᠃        ︵ᠲᠠᠪᠤ︶ ᠲᠦᠷᠢᠶᠡᠰᠦᠯᠡᠨ ᠰᠠᠭᠤᠵᠤ ᠪᠠᠶᠢᠭ᠎ᠠ ᠬᠡᠷ ᠪᠠᠶᠢᠰᠢᠩ ᠤᠨ ᠳᠡᠭᠡᠷ᠎ᠡ ᠨᠢᠭᠡ ᠵᠢᠯ ᠤᠨ ᠳᠤᠯᠠᠭᠠᠯᠠᠭ᠎ᠠ ᠶᠢᠨ ᠰᠦᠢᠳᠬᠡᠯ ᠤᠨ  ᠰᠦᠢᠳᠬᠡᠯ ᠲᠤᠰᠢᠶᠠᠭᠰᠠᠨ ᠭᠡᠷᠡᠴᠢ ᠪᠠᠷᠢᠮᠲᠠ᠃            ︵ᠵᠢᠷᠭᠤᠭ᠎ᠠ︶ ᠬᠠᠩᠭᠠᠬᠤ ᠴᠢᠬᠤᠯᠠᠲᠠᠶ ᠪᠤᠰᠤᠳ ᠮᠠᠲ᠋ᠧᠷᠢᠶᠠᠯ᠃            ᠬᠤᠷᠢᠨ ᠬᠤᠶᠠᠳᠤᠭᠠᠷ ᠵᠦᠢᠯ    ᠭᠡᠷ ᠪᠠᠶᠢᠰᠢᠩ ᠲᠦᠷᠢᠶᠡᠰᠦᠯᠡᠬᠦ ᠭᠡᠷ᠎ᠡ ᠶᠢᠨ ᠬᠤᠭᠤᠴᠠᠭ᠎ᠠ  ᠬᠦᠷᠦᠭᠰᠡᠨ᠂ ᠲᠦᠷᠢᠶᠡᠰᠦᠯᠡᠭᠴᠢ ᠶᠢ ᠬᠤᠪᠢᠷᠠᠭᠤᠯᠤᠭᠰᠠᠨ ᠪᠠᠶᠢᠳᠠᠯ            ᠤᠤᠯ ᠤᠨ ᠲᠦᠷᠢᠶᠡᠰᠦᠯᠡᠭᠴᠢ ᠨᠢ ᠦᠷᠭᠦᠯᠵᠢᠯᠡᠨ ᠲᠦᠷᠢᠶᠡᠰᠦᠯᠡᠬᠦ ᠥᠭᠡᠢ ᠪᠤᠶᠤ ᠤᠤᠯ  ᠤᠨ ᠲᠦᠷᠢᠶᠡᠰᠦᠯᠡᠭᠴᠢ ᠨᠢ ᠥᠬᠦᠭᠰᠡᠨ ᠪᠤᠶᠤ ᠬᠦᠨᠳᠦ ᠡᠪᠡᠳᠴᠢᠨ ᠣᠯᠤᠭᠠᠳ ᠠᠵᠢᠯᠯᠠᠬᠤ ᠴᠢᠳᠠᠪᠤᠷᠢ ᠪᠠᠨ ᠠᠯᠳᠠᠭᠰᠠᠨ᠂ ᠡᠰᠡᠬᠦᠯ᠎ᠡ ᠬᠢᠶ᠎ᠠ ᠪᠠᠭᠰᠢ ᠲᠣᠭᠤᠷᠢᠭ ᠲᠤ ᠶᠠᠮᠠᠷ ᠴᠤ ᠣᠷᠣᠯᠭ᠎ᠠ ᠥᠭᠡᠢ ᠂ ᠬᠠᠮᠲᠤ ᠶᠢᠨ ᠭᠤᠶᠤᠴᠢᠯᠠᠭᠴᠢ ᠶᠢᠨ ᠨᠡᠷ᠎ᠡ ᠪᠠᠷ ᠦᠷᠭᠦᠯᠵᠢᠯᠡᠨ ᠲᠦᠷᠢᠶᠡᠰᠦᠯᠡᠨ ᠰᠠᠭᠤᠵᠤ ᠪᠣᠯᠬᠤ ᠪᠠᠶᠢᠳᠠᠯ ᠳᠤ ᠳᠣᠣᠷᠠᠬᠢ ᠨᠥᠬᠦᠴᠡᠯ ᠢ ᠬᠠᠩᠭᠠᠭᠰᠠᠨ ᠦᠶ᠎ᠡ ᠳᠤ ᠬᠠᠮᠲᠤ ᠶᠢᠨ ᠭᠤᠶᠤᠴᠢᠯᠠᠭᠴᠢ ᠠᠴᠠ ᠦᠷᠭᠦᠯᠵᠢᠯᠡᠨ ᠲᠦᠷᠢᠶᠡᠰᠦᠯᠡᠬᠦ ᠭᠠᠷᠳᠠᠮ ᠭᠦᠢᠴᠡᠳᠬᠡᠵᠦ ᠪᠣᠯᠤᠨ᠎ᠠ᠃        ︵ᠨᠢᠭᠡ︶ ᠦᠷᠭᠦᠯᠵᠢᠯᠡᠨ ᠲᠦᠷᠢᠶᠡᠰᠦᠯᠡᠬᠦ ᠭᠠᠷᠳᠠᠮ ᠢ ᠬᠦᠢᠴᠡᠳᠬᠡᠬᠦ ᠪᠠᠷ ᠪᠠᠶᠢᠭ᠎ᠠ ᠬᠠᠮᠲᠤ ᠶᠢᠨ ᠭᠤᠶᠤᠴᠢᠯᠠᠭᠴᠢ ᠨᠢ ᠭᠤᠶᠤᠴᠢᠯᠠᠭᠴᠢ ᠲᠠᠢ ᠬᠠᠮᠲᠤ ᠪᠠᠷ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠳᠤ ᠰᠠᠭᠤᠵᠤ ᠪᠠᠶᠢᠬᠤ ᠮᠥᠷᠲᠡᠭᠡᠨ ᠤᠳᠠᠭ᠎ᠠ ᠪᠦᠷᠢ ᠶᠢᠨ ᠦᠷᠭᠦᠯᠵᠢᠯᠡᠨ ᠲᠦᠷᠢᠶᠡᠰᠦᠯᠡᠬᠦ  ᠳᠤ ᠴᠥᠮ ᠱᠠᠭᠠᠷᠳᠠᠯᠭ᠎ᠠ ᠶᠣᠰᠣᠭᠠᠷ ᠬᠢᠨᠠᠨ ᠬᠠᠷᠭᠤᠭᠤᠯᠤᠭᠰᠠᠨ ᠮᠠᠲ᠋ᠧᠷᠢᠶᠠᠯ ᠢᠶᠠᠨ ᠬᠠᠩᠭᠠᠭᠰᠠᠨ᠃           ︵ᠬᠤᠶᠠᠷ︶ ᠦᠷᠭᠦᠯᠵᠢᠯᠡᠨ ᠲᠦᠷᠢᠶᠡᠰᠦᠯᠡᠬᠦ ᠭᠠᠷᠳᠠᠮ ᠢ ᠬᠦᠢᠴᠡᠳᠬᠡᠬᠦ ᠪᠠᠷ ᠪᠠᠶᠢᠭ᠎ᠠ ᠬᠠᠮᠲᠤ ᠶᠢᠨ ᠭᠤᠶᠤᠴᠢᠯᠠᠭᠴᠢ ᠨᠢ ᠲᠣᠰ ᠨᠠᠷᠢᠨ ᠲᠦᠷᠢᠮ ᠤᠨ ᠵᠢᠷᠭᠤᠳᠤᠭᠠᠷ ᠵᠦᠢᠯ ᠤᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠪᠠᠲᠤᠯᠠᠭ᠎ᠠ ᠶᠢᠨ ᠡᠲᠡᠭᠡᠳ ᠪᠠ ᠨᠥᠬᠦᠴᠡᠯ ᠤᠨ ᠬᠠᠮᠢᠶ᠎ᠠ ᠪᠥᠬᠦᠶ ᠱᠠᠭᠠᠷᠳᠠᠯᠭ᠎ᠠ ᠶᠢ ᠬᠠᠩᠭᠠᠬᠤ ᠶᠢᠨ ᠬᠠᠮᠲᠤ᠂ ᠲᠣᠰ ᠨᠠᠷᠢᠨ ᠲᠦᠷᠢᠮ ᠤᠨ ᠠᠷᠪᠠᠳᠤᠭᠠᠷ  ᠵᠦᠢᠯ ᠤᠨ ᠬᠠᠮᠢᠶ᠎ᠠ ᠪᠥᠬᠦᠶ ᠱᠠᠭᠠᠷᠳᠠᠯᠭ᠎ᠠ ᠶᠣᠰᠣᠭᠠᠷ ᠮᠠᠲ᠋ᠧᠷᠢᠶᠠᠯ ᠬᠠᠩᠭᠠᠨ᠎ᠠ ᠃            ᠬᠤᠷᠢᠨ ᠭᠤᠷᠪᠠᠳᠤᠭᠠᠷ ᠵᠦᠢᠯ    ᠬᠠᠮᠲᠤ ᠶᠢᠨ ᠭᠤᠶᠤᠴᠢᠯᠠᠭᠴᠢ ᠨᠡᠮᠡᠬᠦ ᠪᠠᠶᠢᠳᠠᠯ        ︵ᠨᠢᠭᠡ︶ ᠭᠤᠶᠤᠴᠢᠯᠠᠭᠴᠢ ᠨᠢ ᠲᠦᠷᠢᠶᠡᠰᠦᠯᠡᠭᠰᠡᠨ ᠬᠤᠭᠤᠴᠠᠭᠠᠨ ᠳᠤ ᠬᠠᠮᠲᠤ  ᠶᠢᠨ ᠭᠤᠶᠤᠴᠢᠯᠠᠭᠴᠢ ᠨᠡᠮᠡᠬᠦ ᠪᠠᠶᠢᠪᠠᠯ᠂ ᠵᠥᠪᠬᠡᠨ ᠲᠤᠰ ᠨᠠᠷᠢᠨ ᠳᠦᠷᠢᠮ ᠤᠨ ᠲᠠᠪᠤᠳᠤᠭᠠᠷ ᠵᠦᠢᠯ ᠤᠨ ᠭᠤᠶᠤᠴᠢᠯᠠᠬᠤ ᠬᠡᠯᠪᠡᠷᠢ ᠶᠢᠨ ᠳᠣᠲᠣᠷᠠᠬᠢ ᠭᠡᠷ ᠪᠦᠯᠢ ᠶᠢᠨ ᠭᠤᠶᠤᠴᠢᠯᠠᠯ ᠳᠤ ᠬᠢᠵᠠᠭᠠᠷᠯᠠᠭᠳᠠᠵᠤ᠂ ᠡᠭᠦᠨ ᠤ ᠬᠠᠮᠲᠤ ᠲᠣᠰ ᠨᠠᠷᠢᠨ ᠲᠦᠷᠢᠮ ᠳᠠᠬᠢ ᠪᠤᠰᠤᠳ ᠬᠠᠮᠢᠶ᠎ᠠ ᠪᠥᠬᠦᠶ ᠲᠣᠭᠲᠠᠭᠠᠯ ᠢ ᠬᠠᠩᠭᠠᠵᠤ᠂ ᠬᠡᠷ ᠪᠠᠶᠢᠰᠢᠩ ᠲᠦᠷᠢᠶᠡᠰᠦᠯᠡᠬᠦ ᠭᠡᠷ᠎ᠡ ᠶᠢᠨ ᠬᠤᠭᠤᠴᠠᠭ᠎ᠠ ᠬᠦᠷᠬᠦ ᠠᠴᠠ 3 ᠰᠠᠷ᠎ᠠ ᠶᠢᠨ ᠡᠮᠦᠨ᠎ᠡ᠂ ᠭᠤᠶᠤᠴᠢᠯᠠᠭᠴᠢ ᠨᠢ ᠭᠤᠶᠤᠴᠢᠯᠠᠯ ᠤᠨ ᠮᠠᠲ᠋ᠧᠷᠢᠶᠠᠯ ᠢᠶᠠᠨ ᠳᠠᠭᠢᠵᠤ ᠲᠤᠰᠢᠶᠠᠵᠤ᠂ ᠨᠡᠶᠢᠭᠡᠮ ᠲᠣᠭᠤᠷᠢᠭ᠂ ᠵᠡᠭᠡᠯᠢ ᠭᠤᠳᠤᠮᠵᠢ ᠪᠠᠷ ᠬᠢᠨᠠᠨ ᠬᠠᠷᠭᠤᠭᠤᠯᠵᠤ ᠪᠠᠲᠤᠯᠠᠭᠤᠯᠤᠭᠰᠠᠨ ᠤ ᠳᠠᠷᠠᠭ᠎ᠠ ᠪᠦᠷᠢᠨ ᠪᠦᠲᠦᠨ ᠭᠤᠶᠤᠴᠢᠯᠠᠯ ᠤᠨ ᠮᠠᠲ᠋ᠧᠷᠢᠶᠠᠯ ᠵᠢᠴᠢ ᠬᠠᠮᠲᠤ ᠶᠢᠨ ᠭᠤᠶᠤᠴᠢᠯᠠᠭᠴᠢ ᠨᠡᠮᠡᠬᠦ ᠭᠤᠶᠤᠴᠢᠯᠠᠯ ᠤᠨ ᠪᠢᠴᠢᠭ ᠢᠶᠠᠨ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠳᠤ ᠲᠤᠰᠢᠶᠠᠵᠤ᠂ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠳᠣᠪᠴᠢᠶᠠᠨ ᠤ ᠳᠠᠷᠤᠭ᠎ᠠ ᠶᠢᠨ ᠠᠯᠪᠠᠨ ᠠᠵᠢᠯ ᠤᠨ ᠬᠤᠷᠠᠯ ᠢᠶᠠᠷ ᠰᠤᠳᠤᠯᠤᠨ ᠪᠠᠲᠤᠯᠠᠭᠰᠠᠨ ᠤ ᠳᠠᠷᠠᠭ᠎ᠠ ᠰᠠᠶ᠋ᠢ ᠬᠠᠮᠲᠤ ᠶᠢᠨ ᠭᠤᠶᠤᠴᠢᠯᠠᠭᠴᠢ ᠶᠢ ᠨᠡᠮᠡᠵᠦ ᠪᠣᠯᠤᠨ᠎ᠠ᠃        ︵ᠬᠤᠶᠠᠷ︶ ᠭᠤᠶᠤᠴᠢᠯᠠᠭᠴᠢ ᠶᠢᠨ ᠦᠷ᠎ᠡ ᠬᠡᠤᠬᠡᠳ ᠪᠣᠯᠬᠤ ᠮᠥᠷᠲᠡᠭᠡᠨ ᠪᠦᠬᠦᠯᠢ 18 ᠨᠠᠰᠤ ᠬᠦᠷᠦᠭᠡᠳᠦᠢ ᠪᠠᠶᠢᠬᠤ ᠬᠦᠮᠦᠨ ᠢ ᠬᠠᠮᠲᠤ ᠶᠢᠨ ᠭᠤᠶᠤᠴᠢᠯᠠᠭᠴᠢ ᠳᠤ ᠨᠡᠮᠡᠬᠦ ᠦᠶᠡᠰ᠂ ᠲᠣᠰ ᠨᠠᠷᠢᠨ ᠲᠦᠷᠢᠮ ᠳᠠᠬᠢ ᠬᠠᠮᠢᠶ᠎ᠠ ᠪᠥᠬᠦᠶ ᠲᠣᠭᠲᠠᠭᠠᠯ ᠢ ᠬᠠᠩᠭᠠᠭᠰᠠᠨ ᠪᠠᠶᠢᠪᠠᠯ᠂ ᠦᠷᠭᠦᠯᠵᠢᠯᠡᠨ ᠲᠦᠷᠢᠶᠡᠰᠦᠯᠡᠬᠦ ᠭᠠᠷᠳᠠᠮ ᠢ ᠭᠦᠢᠴᠡᠳᠬᠡᠬᠦ ᠳᠡᠭᠡᠨ ᠬᠠᠮᠲᠤ ᠶᠢᠨ ᠭᠤᠶᠤᠴᠢᠯᠠᠭᠴᠢ ᠶᠢᠨ ᠮᠠᠲ᠋ᠧᠷᠢᠶᠠᠯ ᠢᠶᠠᠨ ᠬᠠᠮᠲᠤ ᠳᠤᠨᠢ ᠲᠤᠰᠢᠶᠠᠪᠠᠯ ᠳᠠᠷᠤᠶ ᠬᠠᠮᠲᠤ ᠶᠢᠨ ᠭᠤᠶᠤᠴᠢᠯᠠᠭᠴᠢ ᠪᠤᠯᠵᠤ  ᠪᠣᠯᠤᠨ᠎ᠠ᠃            ᠬᠤᠷᠢᠨ ᠳᠥᠷᠪᠡᠳᠦᠭᠡᠷ ᠵᠦᠢᠯ    ᠭᠡᠷ ᠪᠠᠶᠢᠰᠢᠩ ᠢ ᠰᠣᠯᠢᠬᠤ ᠪᠠᠶᠢᠳᠠᠯ        ︵ᠨᠢᠭᠡ︶ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠲᠦᠷᠢᠶᠡᠰᠦᠯᠡᠨ ᠰᠠᠭᠤᠵᠤ ᠪᠠᠶᠢᠭ᠎ᠠ ᠬᠤᠭᠤᠴᠠᠭᠠᠨ ᠳᠤ᠂ ᠬᠡᠷᠪᠡ ᠬᠡᠷ ᠪᠠᠶᠢᠰᠢᠩ ᠳᠤ ᠰᠠᠭᠤᠬᠤ ᠪᠠ ᠠᠮᠢᠳᠤᠷᠠᠯ ᠤᠨ ᠶᠠᠰᠤ ᠴᠢᠨᠠᠷ ᠢ ᠬᠦᠨᠳᠦ ᠨᠣᠴᠢᠲᠠᠶ ᠨᠥᠯᠥᠭᠡᠯᠡᠬᠦ ᠠᠰᠠᠭᠤᠳᠠᠯ ︵ᠬᠡᠷ ᠳᠣᠲᠣᠷᠠᠬᠢ ᠳᠤᠯᠠᠭᠠᠨ ᠤ ᠬᠡᠮᠵᠢᠶ᠎ᠡ ᠪᠠ ᠬᠡᠷᠡᠯ ᠲᠤᠰᠤᠯᠲᠠ ᠶᠢ ᠬᠡᠷ ᠪᠠᠶᠢᠰᠢᠩ ᠢ ᠰᠣᠯᠢᠬᠤ ᠨᠥᠬᠦᠴᠡᠯ ᠪᠣᠯᠭᠠᠬᠤ ᠥᠬᠡᠶ︶ ᠭᠠᠷᠪᠠᠯ᠂ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ  ᠳᠣᠪᠴᠢᠶᠠᠨ ᠤ ᠳᠠᠷᠤᠭ᠎ᠠ ᠶᠢᠨ ᠠᠯᠪᠠᠨ ᠠᠵᠢᠯ ᠤᠨ ᠬᠤᠷᠠᠯ ᠢᠶᠠᠷ ᠰᠤᠳᠤᠯᠤᠨ ᠪᠠᠲᠤᠯᠠᠭᠰᠠᠨ ᠤ ᠳᠠᠷᠠᠭ᠎ᠠ᠂ ᠰᠣᠯᠢᠵᠤ ᠪᠣᠯᠬᠤ ᠬᠡᠷ ᠪᠠᠶᠢᠰᠢᠩ ᠪᠠᠶᠢᠪᠠᠯ ᠰᠣᠯᠢᠵᠤ ᠥᠭᠭᠦᠨ᠎ᠡ᠃            ︵ᠬᠤᠶᠠᠷ︶ ᠠᠵᠢᠯ ᠣᠯᠤᠭᠰᠠᠨ᠂ ᠦᠷ᠎ᠡ ᠬᠡᠤᠬᠡᠳ ᠨᠢ ᠰᠤᠷᠭᠠᠭᠤᠯᠢ ᠳᠤ ᠤᠷᠤᠭᠰᠠᠨ᠂ ᠨᠠᠰᠤᠲᠠᠨ ᠨᠢ ᠡᠪᠡᠳᠴᠢᠨ ᠢᠶᠠᠷ ᠨᠠᠰᠤ ᠪᠠᠷᠠᠭᠰᠠᠨ᠂ ᠲᠦᠷᠢᠶᠡᠰᠦᠯᠡᠭᠴᠢ ᠪᠤᠶᠤ ᠬᠠᠮᠲᠤ  ᠶᠢᠨ ᠭᠤᠶᠤᠴᠢᠯᠠᠭᠴᠢ ᠶᠢᠨ ᠨᠡᠮᠡᠭᠳᠡᠯ ᠬᠠᠰᠤᠭᠳᠠᠯ ᠵᠡᠷᠭᠡ ᠰᠢᠯᠲᠠᠭᠠᠨ ᠠᠴᠠ ᠪᠣᠯᠵᠣ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠰᠣᠯᠢᠬᠤ ᠳᠤ ᠭᠦᠷᠪᠡᠯ᠂ ᠲᠦᠷᠢᠶᠡᠰᠦᠯᠡᠭᠴᠢ ᠬᠤᠶᠠᠷ ᠲᠠᠯ᠎ᠠ ᠪᠠᠷ ᠢᠶᠠᠨ ᠬᠡᠷ ᠪᠠᠶᠢᠰᠢᠩ ᠢᠶᠠᠨ ᠰᠣᠯᠢᠯᠴᠠᠬᠤ ᠪᠢᠴᠢᠭ ᠤᠨ ᠬᠡᠯᠪᠡᠷᠢ ᠶᠢᠨ ᠭᠤᠶᠤᠴᠢᠯᠠᠯ ᠤᠨ ᠪᠢᠴᠢᠭ ᠳᠤᠷᠠᠳᠴᠤ᠂ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠳᠣᠪᠴᠢᠶᠠᠨ ᠤ ᠳᠠᠷᠤᠭ᠎ᠠ ᠶᠢᠨ ᠠᠯᠪᠠᠨ ᠠᠵᠢᠯ ᠤᠨ ᠬᠤᠷᠠᠯ ᠢᠶᠠᠷ ᠰᠤᠳᠤᠯᠤᠨ ᠪᠠᠲᠤᠯᠠᠭᠰᠠᠨ ᠤ ᠳᠠᠷᠠᠭ᠎ᠠ᠂ ᠲᠦᠷᠢᠶᠡᠰᠦᠯᠡᠭᠴᠢ ᠶᠢᠨ ᠬᠤᠭᠤᠷᠣᠨᠳᠣ ᠪᠠᠨ ᠲᠦᠷᠢᠶᠡᠰᠦᠯᠡᠭᠰᠡᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠪᠠᠨ ᠬᠠᠷᠢᠯᠴᠠᠨ ᠰᠣᠯᠢᠵᠤ ᠪᠣᠯᠤᠨ᠎ᠠ᠃            ︵ᠭᠤᠷᠪᠠ︶ ᠬᠡᠷ ᠪᠠᠶᠢᠰᠢᠩ ᠢ ᠰᠣᠯᠢᠬᠤ ᠴᠢᠬᠤᠯᠠᠲᠠᠶ ᠪᠤᠰᠤᠳ ᠣᠨᠴᠠᠭᠠᠢ ᠪᠠᠶᠢᠳᠠᠯ ᠲᠣᠬᠢᠶᠠᠯᠳᠤᠪᠠᠯ᠂ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠳᠣᠪᠴᠢᠶᠠᠨ ᠤ ᠳᠠᠷᠤᠭ᠎ᠠ ᠶᠢᠨ ᠠᠯᠪᠠᠨ ᠠᠵᠢᠯ ᠤᠨ ᠬᠤᠷᠠᠯ ᠢᠶᠠᠷ ᠰᠤᠳᠤᠯᠵᠤ ᠪᠠᠲᠤᠯᠠᠭᠰᠠᠨ ᠤ ᠳᠠᠷᠠᠭ᠎ᠠ᠂ ᠰᠣᠯᠢᠵᠤ ᠪᠣᠯᠬᠤ ᠬᠡᠷ ᠪᠠᠶᠢᠰᠢᠩ ᠪᠠᠶᠢᠪᠠᠯ ᠰᠣᠯᠢᠵᠤ ᠥᠭᠭᠦᠨ᠎ᠡ᠃        ᠬᠤᠷᠢᠨ ᠲᠠᠪᠤᠳᠤᠭᠠᠷ ᠵᠦᠢᠯ    ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠲᠦᠷᠢᠶᠡᠰᠦᠯᠡᠭᠴᠢ ᠨᠢ ᠲᠣᠭᠤᠷᠢᠭ ᠤᠨ ᠣᠷᠣᠨ ᠰᠠᠭᠤᠴᠠ ᠪᠠ ᠬᠤᠳᠠ ᠬᠥᠳᠡᠭᠡ ᠶᠢᠨ ᠪᠥᠳᠥᠭᠡᠨ ᠪᠠᠶᠢᠭᠤᠯᠤᠯᠲᠠ ᠶᠢᠨ ᠳᠣᠪᠴᠢᠶᠠᠨ ᠤ ᠠᠵᠢᠯᠳᠠᠨ ᠤ ᠡᠷᠥᠭᠡ ᠳᠤ ᠣᠷᠣᠵᠣ ᠪᠠᠶᠢᠴᠠᠭᠠᠬᠤ ᠳᠤ ᠬᠠᠮᠵᠢᠯᠴᠠᠬᠤ ᠶᠢᠨ ᠬᠠᠮᠲᠤ ᠲᠦᠷᠢᠶᠡᠰᠦᠯᠡᠨ ᠰᠠᠭᠤᠵᠤ ᠪᠠᠶᠢᠭ᠎ᠠ ᠪᠠᠶᠢᠳᠠᠯ ᠢᠶᠠᠨ ᠦᠨᠡᠨ ᠢᠶᠠᠷ ᠲᠤᠰᠬᠠᠵᠤ᠂ ᠬᠢᠨᠠᠨ ᠪᠠᠶᠢᠴᠠᠭᠠᠭᠠᠳ ᠨᠥᠬᠦᠴᠡᠯ ᠳᠤ ᠨᠡᠶᠢᠴᠡᠬᠦ ᠥᠭᠡᠢ ᠪᠤᠶᠤ ᠲᠣᠭᠲᠠᠭᠠᠯ ᠠᠴᠠ ᠵᠥᠷᠢᠴᠡᠭᠰᠡᠨ ᠪᠣᠯ ᠲᠦᠷᠢᠶᠡᠰᠦᠯᠡᠨ ᠰᠠᠭᠤᠬᠤ ᠬᠢᠷᠢ ᠬᠡᠮ ᠢ ᠨᠢ ᠬᠦᠴᠦᠨ ᠥᠭᠡᠢ ᠪᠤᠯᠭᠠᠨ᠎ᠠ᠃ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠲᠦᠷᠢᠶᠡᠰᠦᠯᠡᠭᠴᠢ ᠵᠢᠴᠢ ᠬᠠᠮᠲᠤ ᠶᠢᠨ ᠭᠤᠶᠤᠴᠢᠯᠠᠭᠴᠢ ᠨᠢ ᠲᠣᠬᠢᠷᠠᠭᠤᠯᠤᠨ ᠲᠦᠷᠢᠶᠡᠰᠦᠯᠡᠭᠦᠯᠦᠭᠰᠡᠨ ᠣᠷᠣᠨ ᠰᠠᠭᠤᠴᠠ ᠳᠤ ᠠᠰᠢᠭ ᠤᠯᠬᠤ ᠡᠷᠬᠡ᠂  ᠰᠢᠢᠳᠪᠦᠷᠢᠯᠡᠬᠦ ᠡᠷᠬᠡ᠂ ᠡᠵᠡᠮᠰᠢᠬᠦ ᠡᠷᠬᠡ ᠶᠢ ᠡᠳ᠋ᠯᠡᠬᠦ ᠦᠭᠡᠢ ᠪᠥᠭᠡᠳ ᠬᠡᠷᠡᠭᠯᠡᠬᠦ ᠡᠷᠬᠡ ᠪᠠᠨ ᠰᠢᠯᠵᠢᠭᠦᠯᠦᠨ ᠥᠭᠴᠦ ᠪᠣᠯᠬᠤ ᠦᠭᠡᠢ᠃ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠵᠠᠷᠴᠢᠮ ᠳᠡᠭᠡᠷ᠎ᠡ ᠪᠠᠨ ᠲᠦᠭᠦᠮ ᠢᠶᠠᠷ ᠵᠠᠰᠠᠵᠤ ᠴᠢᠮᠡᠭᠯᠡᠬᠦ ᠶᠢᠨ ᠬᠠᠮᠲᠤ ᠵᠣᠬᠢᠴᠠᠩᠭᠤᠶ ᠠᠮᠢᠳᠤᠷᠠᠯ ᠤᠨ ᠲᠥᠬᠦᠭᠡᠷᠦᠮᠵᠢ ᠶᠢ ᠲᠣᠬᠢᠷᠠᠭᠤᠯᠤᠨ᠎ᠠ᠂ ᠭᠡᠷ ᠪᠠᠶᠢᠰᠢᠩ ᠢ ᠬᠤᠶᠠᠳᠠᠬᠢ ᠤᠳᠠᠭ᠎ᠠ ᠵᠠᠰᠠᠵᠤ ᠴᠢᠮᠡᠭᠯᠡᠬᠦ᠂  ᠳᠠᠮ ᠲᠦᠷᠢᠶᠡᠰᠦᠯᠡᠬᠦ᠂  ᠵᠢᠭᠡᠯᠡᠭᠦᠯᠦᠨ ᠬᠡᠷᠡᠭᠯᠡᠭᠦᠯᠭᠦ᠂ ᠰᠢᠯᠵᠢᠭᠦᠯᠦᠨ ᠥᠭᠬᠦ᠂  ᠬᠡᠷᠡᠭᠴᠡᠭᠡ ᠶᠢ ᠨᠢ ᠬᠤᠪᠢᠷᠠᠭᠤᠯᠬᠤ ᠶᠢ ᠴᠠᠭᠠᠵᠠᠯᠠᠨ᠎ᠠ︔ ᠳᠠᠪᠬᠤᠷᠭ᠎ᠠ ᠨᠡᠮᠡᠬᠦ᠂ ᠥᠭᠡᠷᠡᠴᠢᠯᠡᠨ ᠪᠠᠶᠢᠭᠤᠯᠬᠤ᠂ ᠥᠷᠭᠡᠳᠬᠡᠨ ᠪᠠᠶᠢᠭᠤᠯᠬᠤ ᠶᠢ ᠴᠠᠭᠠᠵᠠᠯᠠᠨ᠎ᠠ︔ ᠣᠷᠣᠨ ᠰᠠᠭᠤᠴᠠ ᠶᠢᠨ ᠪᠦᠲᠦᠴᠡ ᠪᠠ ᠲᠥᠬᠦᠭᠡᠷᠦᠮᠵᠢ ᠶᠢ ᠡᠪᠳᠡᠬᠦ ᠶᠢ ᠴᠠᠭᠠᠵᠠᠯᠠᠨ᠎ᠠ᠃ ᠲᠦᠷᠢᠶᠡᠰᠦᠯᠡᠭᠴᠢ ᠠᠴᠠ ᠭᠡᠷ ᠪᠠᠶᠢᠰᠢᠩ ᠢ ᠵᠦᠢ ᠵᠣᠬᠢᠰᠲᠠᠶ ᠠᠰᠢᠭᠯᠠᠭᠰᠠᠨ ᠠᠴᠠ ᠪᠤᠢ ᠪᠣᠯᠤᠭᠰᠠᠨ ᠨᠤᠷᠠᠭᠠᠬᠤ ᠶᠢᠨ ᠠᠷᠭ᠎ᠠ ᠦᠭᠡᠢ ᠲᠠᠭᠠᠯᠳᠠ ᠪᠣᠳᠠᠰ ᠢ ᠲᠦᠷᠢᠶᠡᠰᠦᠯᠡᠬᠦ ᠶᠢ ᠪᠤᠴᠠᠭᠠᠬᠤ ᠦᠶ᠎ᠡ ᠳᠤ ᠲᠥᠯᠥᠪᠦᠷᠢ ᠥᠭᠬᠦ ᠦᠭᠡᠢ᠃            ᠬᠤᠷᠢᠨ ᠵᠢᠷᠭᠤᠳᠤᠭᠠᠷ ᠵᠦᠢᠯ      ᠡᠰᠡᠷᠭᠦᠴᠡᠭᠳᠡᠰᠢ ᠥᠬᠡᠶ ᠬᠦᠴᠦᠨ ᠠᠴᠠ ᠭᠠᠳᠠᠨ᠎ᠠ᠂ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠲᠦᠷᠢᠶᠡᠰᠦᠯᠡᠬᠦ ᠨᠥᠬᠦᠴᠡᠯ ᠳᠤ ᠨᠡᠶᠢᠴᠡᠬᠦ ᠭᠤᠶᠤᠴᠢᠯᠠᠭᠴᠢ ᠳᠤ ᠳᠣᠤᠷᠠᠬᠢ ᠪᠠᠶᠢᠳᠠᠯ ᠤᠨ ᠨᠢᠭᠡ ᠨᠢ ᠪᠠᠶᠢᠪᠠᠯ᠂ ᠲᠣᠰ ᠤᠳᠠᠭᠠᠨ ᠤ ᠲᠦᠷᠢᠶᠡᠰᠦᠯᠡᠨ ᠰᠠᠭᠤᠬᠤ ᠬᠢᠷᠢ ᠬᠡᠮ ᠢᠶᠠᠨ ᠬᠠᠶᠠᠭᠰᠠᠨ ᠢᠶᠠᠷ ᠦᠵᠡᠵᠦ᠂ ᠨᠢᠭᠡ ᠤᠳᠠᠭ᠎ᠠ ᠲᠦᠷᠢᠶᠡᠰᠦᠯᠡᠨ ᠰᠠᠭᠤᠬᠤ ᠡᠷᠬᠡ ᠪᠠᠨ ᠬᠠᠶᠠᠭᠰᠠᠨ ᠭᠤᠶᠤᠴᠢᠯᠠᠭᠴᠢ ᠭᠡᠷ ᠪᠦᠯᠢ᠂ ᠨᠢᠭᠡ ᠵᠢᠯ ᠤᠨ ᠳᠠᠷᠠᠭ᠎ᠠ ᠬᠠᠮᠢᠶ᠎ᠠ ᠪᠥᠬᠦᠶ ᠭᠤᠶᠤᠴᠢᠯᠠᠯ ᠤᠨ ᠮᠠᠲ᠋ᠧᠷᠢᠶᠠᠯ ᠢᠶᠠᠨ ᠳᠡᠬᠢᠨ ᠲᠤᠰᠢᠶᠠᠵᠤ᠂ ᠨᠥᠬᠦᠴᠡᠯ ᠳᠤ ᠨᠡᠶᠢᠴᠡᠬᠦ ᠶᠢ ᠬᠢᠨᠠᠨ ᠬᠠᠷᠭᠤᠭᠤᠯᠤᠭᠰᠠᠨ ᠤ ᠳᠠᠷᠠᠭ᠎ᠠ ᠳᠠᠬᠢᠨ ᠡᠭᠡᠯᠵᠢᠯᠡᠨ ᠬᠦᠯᠢᠶᠡᠬᠦ ᠬᠥᠮᠥᠷᠭᠡ ᠳᠤ ᠣᠷᠣᠵᠤ ᠲᠦᠷᠢᠶᠡᠰᠦ ᠳᠣᠬᠢᠷᠠᠭᠤᠯᠬᠤ ᠶᠢ ᠬᠦᠯᠢᠶᠡᠬᠦ ᠬᠡᠷᠡᠭᠲᠡᠶ᠃ ᠲᠦᠷᠢᠶᠡᠰᠦᠯᠡᠨ ᠰᠠᠭᠤᠬᠤ ᠡᠷᠬᠡ ᠪᠠᠨ ᠨᠡᠶᠢᠲᠡ ᠬᠤᠶᠠᠷ ᠤᠳᠠᠭ᠎ᠠ ᠬᠠᠶᠠᠭᠰᠠᠨ ᠪᠠᠶᠢᠪᠠᠯ᠂ 3 ᠵᠢᠯ ᠤᠨ ᠳᠣᠲᠣᠷ᠎ᠠ ᠣᠷᠣᠨ ᠰᠠᠭᠤᠴᠠ ᠶᠢᠨ ᠪᠠᠲᠤᠯᠠᠭ᠎ᠠ ᠶᠢᠨ ᠭᠤᠶᠤᠴᠢᠯᠠᠯ ᠢ ᠳᠠᠭᠢᠵᠤ ᠳᠤᠷᠠᠳᠴᠤ ᠪᠣᠯᠬᠤ ᠥᠬᠡᠶ᠄           ︵ᠨᠢᠭᠡ︶ ᠲᠣᠭᠲᠠᠭᠠᠭᠰᠠᠨ ᠴᠠᠭ᠂ ᠭᠠᠵᠠᠷ ᠲᠤ ᠭᠡᠷ ᠰᠣᠩᠭᠤᠬᠤ ᠳᠤ ᠦᠯᠦ ᠣᠷᠣᠯᠴᠠᠭᠰᠠᠨ᠃            ︵ᠬᠤᠶᠠᠷ︶ ᠭᠡᠷ ᠰᠣᠩᠭᠤᠬᠤ ᠳᠤ ᠣᠷᠣᠯᠴᠠᠭᠰᠠᠨ ᠪᠣᠯᠪᠠᠴᠤ ᠰᠣᠩᠭᠤᠭᠰᠠᠨ ᠭᠡᠷ ᠢᠶᠠᠨ ᠲᠠᠶᠠᠭᠳᠠᠭᠰᠠᠨ᠃            ︵ᠭᠤᠷᠪᠠ︶ ᠭᠡᠷ ᠰᠣᠩᠭᠤᠬᠤ ᠳᠤ ᠣᠷᠣᠯᠴᠠᠭᠰᠠᠨ ᠪᠣᠯᠪᠠᠴᠤ ᠲᠣᠭᠲᠠᠭᠰᠠᠨ ᠴᠠᠭ ᠬᠤᠭᠤᠴᠠᠭᠠᠨ ᠳᠤ ᠣᠷᠣᠵᠤ ᠰᠠᠭᠤᠬᠤ ᠬᠠᠮᠢᠶ᠎ᠠ ᠪᠥᠬᠦᠢ ᠭᠠᠷᠳᠠᠮ ᠢ ᠥᠯᠥ ᠭᠦᠢᠴᠡᠳᠬᠡᠭᠰᠡᠨ᠃           ︵ᠲᠦᠷᠪᠡ︶ ᠲᠦᠷᠢᠶᠡᠰᠦᠯᠡᠨ ᠰᠠᠭᠤᠬᠤ ᠬᠢᠷᠢ ᠬᠡᠮ ᠢᠶᠠᠨ ᠬᠠᠶᠠᠭᠰᠠᠨ ᠪᠤᠰᠤᠳ ᠪᠠᠶᠢᠳᠠᠯ ᠤᠳ᠃        ᠳᠣᠯᠣᠳᠤᠭᠠᠷ ᠪᠦᠯᠦᠭ      ᠬᠠᠮᠢᠶᠠᠷᠣᠯᠳᠠ ᠠᠴᠠ ᠭᠠᠷᠬᠤ       ᠬᠤᠷᠢᠨ ᠳᠣᠯᠣᠳᠤᠭᠠᠷ ᠵᠦᠢᠯ    ᠲᠦᠷᠢᠶᠡᠰᠦᠯᠡᠬᠦ ᠭᠡᠷ᠎ᠡ ᠶᠢᠨ ᠬᠤᠭᠤᠴᠠᠭ᠎ᠠ ᠨᠢ ᠬᠦᠷᠪᠡᠯ᠂ ᠲᠦᠷᠢᠶᠡᠰᠦᠯᠡᠭᠴᠢ ᠨᠢ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠠᠴᠠ ᠭᠠᠷᠬᠤ ᠬᠡᠷᠡᠭᠲᠡᠶ ᠪᠥᠭᠡᠳ ᠲᠣᠭᠤᠷᠢᠭ ᠤᠨ ᠣᠷᠣᠨ ᠰᠠᠭᠤᠴᠠ ᠪᠠ ᠬᠤᠳᠠ ᠬᠥᠳᠡᠭᠡ ᠶᠢᠨ ᠪᠦᠳᠦᠭᠡᠨ ᠪᠠᠶᠢᠭᠤᠯᠤᠯᠲᠠ ᠶᠢᠨ ᠲᠣᠪᠴᠢᠶ᠎ᠠ ᠳᠤ ᠬᠦᠷᠴᠦ ᠭᠡᠷ ᠪᠤᠴᠠᠭᠠᠬᠤ ᠭᠠᠷ ᠭᠦᠢᠴᠡᠳᠬᠡᠯ ᠬᠢᠬᠦ ᠬᠡᠷᠡᠭᠲᠡᠶ᠃ ᠦᠷᠭᠦᠯᠵᠢᠯᠡᠨ ᠲᠦᠷᠢᠶᠡᠰᠦᠯᠡᠬᠦ ᠴᠢᠬᠤᠯᠠᠲᠠᠶ ᠪᠠᠶᠢᠪᠠᠯ᠂ ᠲᠦᠷᠢᠶᠡᠰᠦᠯᠡᠬᠦ ᠭᠡᠷ᠎ᠡ ᠶᠢᠨ ᠬᠤᠭᠤᠴᠠᠭ᠎ᠠ ᠭᠦᠷᠬᠦ ᠠᠴᠠ 3 ᠰᠠᠷ᠎ᠠ ᠶᠢᠨ ᠡᠮᠦᠨ᠎ᠡ ᠭᠤᠶᠤᠴᠢᠯᠠᠯ ᠭᠠᠷᠭᠠᠬᠤ ᠬᠡᠷᠡᠭᠲᠡᠶ᠂ ᠬᠢᠨᠠᠨ ᠬᠠᠷᠭᠤᠭᠤᠯᠤᠭᠠᠳ ᠨᠥᠬᠦᠴᠡᠯ ᠳᠤ ᠨᠡᠶᠢᠴᠡᠭᠰᠡᠨ ᠪᠠᠶᠢᠪᠠᠯ᠂ ᠲᠦᠷᠢᠶᠡᠰᠦᠯᠡᠬᠦ ᠭᠡᠷ᠎ᠡ ᠶᠢ ᠲᠠᠬᠢᠵᠦ ᠳᠣᠭᠳᠠᠭᠠᠨ᠂ ᠤᠤᠯ ᠤᠨ ᠲᠦᠷᠢᠶᠡᠰᠦᠯᠡᠭᠰᠡᠨ ᠣᠷᠣᠨ ᠰᠠᠭᠤᠴᠠ ᠳᠠᠭᠠᠨ ᠲᠡᠷᠢᠭᠦᠯᠡᠬᠦ ᠡᠷᠬᠡ ᠶᠢ ᠡᠳ᠋ᠯᠡᠵᠦ ᠪᠣᠯᠤᠨ᠎ᠠ᠃        ᠬᠤᠷᠢᠨ ᠨᠠᠢᠮᠠᠳᠣᠭᠠᠷ ᠵᠦᠢᠯ      ᠤᠷᠢᠳᠴᠢᠯᠠᠨ ᠪᠠᠳᠣᠯᠠᠭᠰᠠᠨ ᠣᠨᠴᠠᠭᠠᠢ ᠤᠷᠤᠭᠤᠯᠣᠨ  ᠠᠪᠴᠢᠷᠠᠭᠰᠠᠨ ᠲᠤᠰᠬᠠᠶ ᠮᠡᠷᠭᠡᠵᠢᠯ ᠤᠨ ᠴᠢᠳᠠᠪᠤᠷᠢᠲᠠᠨ᠂ ᠪᠥᠬᠦ ᠤᠯᠤᠰ ᠮᠤᠵᠢ ᠶᠠᠮᠤᠨ ᠤ ᠲᠠᠰ ᠤᠨ ᠬᠥᠳᠡᠯᠮᠦᠷᠢ ᠶᠢᠨ ᠵᠢᠱᠢᠶᠡᠴᠢ᠂ ᠪᠥᠬᠦ ᠤᠯᠤᠰ ᠤᠨ ᠪᠠᠭᠠᠲᠤᠷ ᠵᠢᠱᠢᠶᠡᠴᠢ᠂ ᠴᠡᠷᠢᠭ ᠤᠨ ᠠᠯᠪᠠ  ᠠᠴᠠ ᠬᠠᠯᠠᠭᠳᠠᠭᠰᠠᠳ᠂ ᠭᠠᠯ ᠤᠨᠲᠠᠷᠠᠭᠠᠵᠤ ᠠᠪᠤᠷᠠᠨ ᠲᠤᠰᠠᠯᠠᠬᠤ ᠬᠥᠮᠦᠰ᠂ ᠦᠨᠡᠨ ᠶᠣᠰᠣᠨ ᠤ ᠲᠥᠯᠥᠭᠡ  ᠡᠷᠡᠯᠭᠡᠭ ᠢᠶᠠᠷ ᠲᠡᠮᠡᠴᠡᠭᠰᠡᠨ ᠬᠥᠮᠦᠰ ᠵᠡᠷᠭᠡ  ᠶᠢᠨ ᠲᠦᠷᠢᠶᠡᠰᠦᠯᠡᠬᠦ ᠬᠤᠭᠤᠴᠠᠭ᠎ᠠ ᠶᠢ ᠵᠠᠷᠴᠢᠮ ᠳᠡᠭᠡᠷ᠎ᠡ ᠪᠠᠨ 5 ᠵᠢᠯ ᠠᠴᠠ ᠬᠡᠲᠦᠷᠡᠭᠦᠯᠬᠦ ᠥᠬᠡᠶ᠃ ᠬᠤᠭᠤᠴᠠᠭ᠎ᠠ ᠨᠢ ᠲᠤᠯᠤᠭᠰᠠᠨ ᠤ ᠳᠠᠷᠠᠭ᠎ᠠ ᠦᠷᠭᠦᠯᠵᠢᠯᠡᠨ ᠲᠦᠷᠢᠶᠡᠰᠦᠯᠡᠬᠦ ᠴᠢᠬᠤᠯᠠ ᠲᠠᠢ ᠪᠣᠯ᠂ ᠲᠣᠭᠤᠷᠢᠭ ᠤᠨ ᠳᠠᠷᠤᠭ᠎ᠠ ᠶᠢᠨ ᠲᠤᠰᠬᠠᠶ ᠰᠡᠳᠦᠪᠲᠦ ᠬᠤᠷᠠᠯ ᠪᠤᠶᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠪᠠᠶᠢᠩᠭᠤ ᠶᠢᠨ ᠬᠤᠷᠠᠯ ᠢᠶᠠᠷ ᠰᠤᠳᠤᠯᠵᠤ᠂ ᠬᠤᠷᠠᠯ ᠢᠶᠠᠷ ᠪᠠᠲᠤᠯᠠᠭᠰᠠᠨ ᠤ ᠳᠠᠷᠠᠭ᠎ᠠ᠂ ︽ᠭᠤᠷᠪᠠᠨ ᠱᠠᠲᠤ ᠪᠠᠷ ᠬᠢᠨᠠᠨ ᠬᠠᠷᠭᠤᠭᠤᠯᠵᠤ᠂ ᠭᠤᠷᠪᠠᠨ ᠱᠠᠲᠤ ᠪᠠᠷ ᠵᠠᠷᠯᠠᠨ ᠨᠡᠶᠢᠲᠡᠯᠡᠬᠦ︾ ᠪᠠᠷ ᠬᠢᠨᠠᠨ ᠬᠠᠷᠭᠤᠭᠤᠯᠵᠤ ᠪᠠᠲᠤᠯᠠᠭᠰᠠᠨ ᠤ ᠳᠠᠷᠠᠭ᠎ᠠ᠂ ᠤᠤᠯ ᠤᠨ ᠬᠡᠷ ᠪᠠᠶᠢᠰᠢᠩ ᠢ ᠦᠷᠭᠦᠯᠵᠢᠯᠡᠨ ᠲᠦᠷᠢᠶᠡᠰᠦᠯᠡᠵᠦ ᠪᠣᠯᠤᠨ᠎ᠠ᠃ ᠪᠤᠰᠤᠳ ᠲᠦᠷᠢᠶᠡᠰᠦᠯᠡᠭᠴᠢ ᠨᠢ 5 ᠵᠢᠯ ᠲᠦᠷᠢᠶᠡᠰᠦᠯᠡᠭᠰᠡᠨ ᠤ ᠳᠠᠷᠠᠭ᠎ᠠ᠂ ᠲᠦᠷᠢᠶᠡᠰᠦᠯᠡᠭᠴᠢ ᠨᠢ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠠᠴᠠ ᠭᠠᠷᠴᠤ᠂ ᠦᠷᠭᠦᠯᠵᠢᠯᠡᠨ ᠲᠦᠷᠢᠶᠡᠰᠦᠯᠡᠬᠦ ᠴᠢᠬᠤᠯᠠ ᠲᠠᠢ ᠪᠣᠯ᠂ 3 ᠰᠠᠷ᠎ᠠ ᠶᠢᠨ ᠡᠮᠦᠨ᠎ᠡ ᠭᠤᠶᠤᠴᠢᠯᠠᠯ ᠤᠨ ᠮᠠᠲ᠋ᠧᠷᠢᠶᠠᠯ ᠢᠶᠠᠨ ᠳᠠᠭᠢᠵᠤ ᠲᠤᠰᠢᠶᠠᠵᠤ᠂ ︽ᠭᠤᠷᠪᠠᠨ ᠱᠠᠲᠤ ᠪᠠᠷ ᠬᠢᠨᠠᠨ ᠬᠠᠷᠭᠤᠭᠤᠯᠵᠤ᠂ ᠭᠤᠷᠪᠠᠨ ᠱᠠᠲᠤ ᠪᠠᠷ ᠵᠠᠷᠯᠠᠨ ᠨᠡᠶᠢᠲᠡᠯᠡᠬᠦ︾ ᠪᠠᠷ ᠬᠢᠨᠠᠨ ᠬᠠᠷᠭᠤᠭᠤᠯᠵᠤ ᠪᠠᠲᠤᠯᠠᠭᠰᠠᠨ ᠤ ᠳᠠᠷᠠᠭ᠎ᠠ᠂ ᠤᠤᠯ ᠤᠨ ᠬᠡᠷ ᠪᠠᠶᠢᠰᠢᠩ ᠢ ᠦᠷᠭᠦᠯᠵᠢᠯᠡᠨ ᠲᠦᠷᠢᠶᠡᠰᠦᠯᠡᠵᠦ ᠪᠣᠯᠤᠨ᠎ᠠ᠃        ᠬᠤᠷᠢ ᠶᠢᠰᠦᠳᠦᠭᠡᠷ ᠵᠦᠢᠯ    ᠲᠦᠷᠢᠶᠡᠰᠦᠯᠡᠭᠴᠢ ᠳᠤ ᠳᠣᠣᠷ᠎ᠠ ᠵᠢᠭᠰᠠᠭᠠᠭᠰᠠᠨ ᠪᠠᠶᠢᠳᠠᠯ ᠤᠳ ᠤᠨ ᠨᠢᠭᠡ ᠨᠢ ᠪᠠᠶᠢᠪᠠᠯ᠂  ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ  ᠰᠤᠯᠠᠯᠠᠵᠤ ᠥᠭᠬᠦ ᠬᠡᠷᠡᠭᠲᠡᠶ᠄            ︵ᠨᠢᠭᠡ︶ ᠲᠦᠷᠢᠶᠡᠰᠦᠯᠡᠬᠦ ᠬᠤᠭᠤᠴᠠᠭ᠎ᠠ ᠨᠢ ᠬᠦᠷᠦᠭᠰᠡᠨ ᠪᠠᠶᠢᠲᠠᠯ᠎ᠠ ᠲᠦᠷᠢᠶᠡᠰᠦᠯᠡᠭᠴᠢ ᠨᠢ ᠲᠦᠷᠢᠶᠡᠰᠦᠯᠡᠬᠦ ᠬᠤᠭᠤᠴᠠᠭ᠎ᠠ ᠬᠦᠷᠬᠦ ᠠᠴᠠ 3 ᠰᠠᠷ᠎ᠠ ᠶᠢᠨ ᠡᠮᠦᠨ᠎ᠡ ᠦᠷᠭᠦᠯᠵᠢᠯᠡᠨ ᠲᠦᠷᠢᠶᠡᠰᠦᠯᠡᠭᠦᠯᠬᠦ ᠪᠠᠷ ᠭᠤᠶᠤᠴᠢᠯᠠᠭᠰᠠᠨ ᠦᠭᠡᠢ︔            ︵ᠬᠤᠶᠠᠷ︶ ᠦᠷᠭᠦᠯᠵᠢᠯᠡᠨ ᠲᠦᠷᠢᠶᠡᠰᠦᠯᠡᠬᠦ ᠪᠠᠷ ᠭᠤᠶᠤᠴᠢᠯᠠᠭᠰᠠᠨ ᠪᠣᠯᠪᠠᠴᠤ ᠬᠢᠨᠠᠨ ᠬᠠᠷᠭᠤᠭᠤᠯᠤᠭᠠᠳ ᠦᠷᠭᠦᠯᠵᠢᠯᠡᠨ ᠲᠦᠷᠢᠶᠡᠰᠦᠯᠡᠬᠦ ᠨᠥᠬᠦᠴᠡᠯ ᠳᠤ ᠦᠯᠦ ᠨᠡᠶᠢᠴᠡᠭᠰᠡᠨ︔            ︵ᠭᠤᠷᠪᠠ︶ ᠲᠦᠷᠢᠶᠡᠰᠦᠯᠡᠭᠰᠡᠨ ᠬᠤᠭᠤᠴᠠᠭᠠᠨ ᠳᠤ ᠬᠤᠳᠠᠯᠳᠤᠨ ᠠᠪᠬᠤ᠂ ᠬᠦᠯᠢᠶᠡᠠ ᠠᠪᠬᠤ᠂ ᠵᠠᠯᠭᠠᠮᠵᠢᠯᠠᠬᠤ ᠵᠡᠷᠭᠡ ᠠᠷᠭ᠎ᠠ ᠮᠠᠶ᠋ᠢᠭ ᠢᠶᠠᠷ ᠪᠤᠰᠤᠳ ᠣᠷᠣᠨ ᠰᠠᠭᠤᠴᠠ  ᠤᠯᠤᠭᠰᠠᠨ ᠪᠦᠭᠡᠳ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠲᠦᠷᠢᠶᠡᠰᠦ ᠳᠣᠬᠢᠷᠠᠭᠤᠯᠬᠤ ᠨᠥᠬᠦᠴᠡᠯ ᠳᠤ ᠨᠡᠶᠢᠴᠡᠬᠦ ᠦᠭᠡᠢ ᠪᠣᠯᠤᠭᠰᠠᠨ︔           ︵ᠲᠦᠷᠪᠡ︶ ᠲᠦᠷᠢᠶᠡᠰᠦᠯᠡᠭᠰᠡᠨ ᠬᠤᠭᠤᠴᠠᠭᠠᠨ ᠳᠠᠬᠢ ᠣᠷᠣᠯᠭ᠎ᠠ ᠨᠢ ᠲᠣᠭᠲᠠᠭᠠᠭᠰᠠᠨ ᠪᠠᠷᠢᠮᠵᠢᠶ᠎ᠠ ᠠᠴᠠ ᠬᠡᠲᠦᠷᠡᠭᠰᠡᠨ︔            ︵ᠲᠠᠪᠤ︶ ᠲᠦᠷᠢᠶᠡᠰᠦᠯᠡᠭᠰᠡᠨ ᠬᠤᠭᠤᠴᠠᠭᠠᠨ ᠳᠠᠭᠠᠨ ᠪᠤᠰᠤᠳ ᠪᠠᠲᠤᠯᠠᠭ᠎ᠠ ᠶᠢᠨ ᠴᠢᠨᠠᠷᠲᠠᠶ ᠣᠷᠣᠨ ᠰᠠᠭᠤᠴᠠ ᠶᠢ ᠲᠦᠷᠢᠶᠡᠰᠦᠯᠡᠭᠰᠡᠨ ᠪᠤᠶᠤ ᠬᠤᠳᠠᠯᠳᠤᠨ ᠠᠪᠤᠭᠰᠠᠨ᠃            ᠳᠡᠭᠡᠷ᠎ᠡ ᠳᠤᠷᠠᠳᠤᠭᠰᠠᠨ ᠪᠠᠶᠢᠳᠠᠯ ᠳᠤ ᠨᠡᠶᠢᠴᠡᠭᠰᠡᠨ ᠲᠦᠷᠢᠶᠡᠰᠦᠯᠡᠭᠴᠢ ᠳᠣᠣᠷ᠎ᠠ ᠵᠢᠭᠰᠠᠭᠠᠭᠰᠠᠨ ᠵᠢᠷᠤᠮ ᠢᠶᠠᠷ ᠲᠦᠷᠢᠶᠡᠰᠦ ᠶᠢ ᠪᠤᠴᠠᠭᠠᠬᠤ ᠭᠠᠷ ᠭᠦᠢᠴᠡᠳᠬᠡᠯ ᠬᠢᠬᠦ ᠬᠡᠷᠡᠭᠲᠡᠶ᠄            1᠂ ᠳᠡᠭᠡᠷ᠎ᠡ ᠳᠤᠷᠠᠳᠤᠭᠰᠠᠨ ᠪᠠᠶᠢᠳᠠᠯ ᠳᠤ  ᠨᠡᠶᠢᠴᠡᠭᠰᠡᠨ ᠲᠦᠷᠢᠶᠡᠰᠦᠯᠡᠭᠴᠢ ᠡᠷᠬᠡᠪᠰᠢ ᠲᠣᠭᠤᠷᠢᠭ ᠤᠨ ᠣᠷᠣᠨ ᠰᠠᠭᠤᠴᠠ ᠪᠠ ᠬᠤᠳᠠ ᠬᠥᠳᠡᠭᠡ ᠶᠢᠨ ᠪᠦᠳᠦᠭᠡᠨ ᠪᠠᠶᠢᠭᠤᠯᠤᠯᠲᠠ ᠶᠢᠨ  ᠳᠣᠪᠴᠢᠶᠠᠨ ᠤ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠰᠤᠯᠠᠯᠠᠵᠤ ᠥᠭᠬᠦ ᠮᠡᠳᠡᠭᠳᠡᠯ ᠢ ᠣᠯᠤᠭᠰᠠᠨ ᠡᠳᠦᠷ ᠠᠴᠠ ᠡᠬᠢᠯᠡᠨ ᠬᠤᠶᠠᠷ ᠰᠠᠷ᠎ᠠ ᠶᠢᠨ ᠳᠣᠲᠣᠷ᠎ᠠ ᠲᠦᠷᠢᠶᠡᠰᠦᠯᠡᠭᠰᠡᠨ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠰᠤᠯᠠᠯᠠᠵᠤ ᠥᠭᠬᠦ ᠶᠢᠨ ᠬᠠᠮᠲᠤ ᠲᠦᠷᠢᠶᠡᠰᠦᠯᠡᠨ ᠰᠠᠭᠤᠭᠰᠠᠨ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠤᠤᠯ ᠤᠨ ᠪᠠᠶᠢᠳᠠᠯ ᠢ ᠰᠡᠷᠭᠦᠭᠡᠬᠦ ᠶᠢᠨ ᠬᠠᠮᠲᠤ ᠲᠦᠢᠯᠪᠤᠷᠢᠲᠠᠶ ᠴᠡᠪᠡᠷᠯᠡᠵᠦ᠂ ᠲᠦᠢᠯᠪᠤᠷᠢᠲᠠᠶ ᠴᠡᠪᠡᠷᠯᠡᠭᠰᠡᠨ ᠦᠭᠡᠢ ᠪᠠᠶᠢᠪᠠᠯ ᠳᠡᠨᠵᠢ ᠶᠢᠨ ᠮᠥᠩᠭᠦ ᠠᠴᠠ ᠠᠷᠢᠭᠤᠨ ᠴᠡᠪᠡᠷ ᠤᠨ ᠵᠠᠷᠤᠳᠠᠯ ᠢ  ᠬᠠᠰᠣᠵᠣ ᠪᠣᠯᠤᠨ᠎ᠠ᠃        2᠂ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠳᠣᠪᠴᠢᠶᠠᠨ ᠤ ᠬᠠᠮᠢᠶ᠎ᠠ ᠪᠥᠬᠦᠶ ᠠᠵᠢᠯᠲᠠᠨ ᠲᠦᠷᠢᠶᠡᠰᠦᠯᠡᠭᠴᠢ ᠲᠠᠢ ᠬᠠᠮᠲᠤ ᠪᠠᠷ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠬᠡᠷ ᠪᠠᠶᠢᠰᠢᠩ ᠢ ᠪᠤᠴᠠᠭᠠᠬᠤ ᠪᠠᠶᠢᠴᠠᠭᠠᠨ ᠰᠢᠯᠭᠠᠯᠲᠠ ᠬᠢᠵᠦ᠂ ᠬᠤᠶᠠᠷ ᠲᠠᠯ᠎ᠠ ᠪᠠᠷ ᠢᠶᠠᠨ ᠪᠠᠶᠢᠴᠠᠭᠠᠨ ᠰᠢᠯᠭᠠᠭᠰᠠᠨ ᠦᠷ᠎ᠡ ᠳ᠋ᠦᠩ ᠢ ᠲᠤᠬᠠᠶ ᠶᠢᠨ ᠲᠠᠯᠠᠪᠤᠷ ᠲᠤ ᠭᠠᠷ ᠤᠨ ᠥᠰᠥᠭ ᠵᠢᠷᠤᠵᠤ ᠨᠤᠲᠠᠯᠠᠬᠤ ᠶᠢᠨ ᠬᠠᠮᠲᠤ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠳᠣᠪᠴᠢᠶᠠᠨ ᠤ ᠠᠵᠢᠯᠲᠠᠨ ᠲᠣᠰ ᠬᠡᠷ ᠪᠠᠶᠢᠰᠢᠩ ᠤᠨ ᠪᠥᠬᠦ ᠲᠦᠯᠬᠢᠭᠦᠷ ᠢ ᠬᠤᠷᠢᠶᠠᠨ ᠠᠪᠤᠨ᠎ᠠ᠃            3᠂ ᠭᠡᠷ ᠪᠤᠴᠠᠭᠠᠬᠤ ᠶᠢ ᠪᠠᠶᠢᠴᠠᠭᠠᠨ ᠰᠢᠯᠭᠠᠭᠰᠠᠨ ᠡᠳᠦᠷ ᠠᠴᠠ ᠡᠬᠢᠯᠡᠨ 7 ᠠᠵᠢᠯᠯᠠᠬᠤ ᠡᠳᠦᠷ ᠤᠨ ᠳᠣᠲᠣᠷ᠎ᠠ ᠲᠦᠷᠢᠶᠡᠰᠦᠯᠡᠭᠴᠢ ᠲᠣᠭᠲᠠᠭᠠᠭᠰᠠᠨ ᠭᠠᠵᠠᠷ ᠲᠤ ᠣᠴᠢᠵᠤ ᠭᠡᠷ ᠪᠤᠴᠠᠭᠠᠬᠤ ᠭᠠᠷ ᠭᠦᠢᠴᠡᠳᠬᠡᠯ ᠬᠢᠵᠦ᠂ ᠬᠤᠯᠪᠣᠭᠳᠠᠯ ᠪᠦᠬᠦᠢ ᠵᠠᠷᠤᠳᠠᠯ ᠢ ᠲᠤᠰᠢᠶᠠᠵᠤ ᠳᠠᠭᠤᠰᠬᠠᠬᠤ ᠬᠡᠷᠡᠭᠲᠡᠶ᠃        ᠰᠤᠯᠠᠯᠠᠵᠤ ᠥᠭᠬᠦ ᠬᠤᠭᠤᠴᠠᠭᠠᠨ ᠳᠤ ᠲᠦᠷᠢᠶᠡᠰᠦᠨ ᠮᠥᠩᠭᠦ ᠶᠢ ᠭᠡᠷ᠎ᠡ ᠳᠤ ᠪᠣᠯᠵᠣᠨ ᠲᠣᠭᠲᠠᠭᠰᠠᠨ ᠲᠦᠷᠢᠶᠡᠰᠦᠨ ᠮᠥᠩᠭᠦ ᠶᠢᠨ ᠲᠤᠭ᠎ᠠ ᠶᠣᠰᠣᠭᠠᠷ ᠲᠤᠰᠢᠶᠠᠨ᠎ᠠ᠃ ᠰᠤᠯᠠᠯᠠᠵᠤ ᠥᠭᠬᠦ ᠬᠤᠭᠤᠴᠠᠭ᠎ᠠ ᠬᠦᠷᠦᠭᠰᠡᠨ ᠪᠠᠶᠢᠲᠠᠯ᠎ᠠ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠰᠤᠯᠠᠯᠠᠵᠤ ᠥᠭᠬᠦ ᠦᠭᠡᠢ᠂ ᠲᠦᠷᠢᠶᠡᠰᠦᠯᠡᠭᠴᠢ ᠨᠢ ᠦᠨᠡᠬᠡᠷ ᠥᠭᠡᠷ᠎ᠡ ᠣᠷᠣᠨ ᠰᠠᠭᠤᠴᠠ ᠪᠠᠶᠢᠬᠤ ᠦᠭᠡᠢ ᠪᠣᠯ ᠵᠠᠬ᠎ᠠ ᠳᠡᠯᠭᠡᠭᠦᠷ ᠤᠨ ᠦᠨ᠎ᠡ ᠪᠠᠷ ᠲᠦᠷᠢᠶᠡᠰᠦᠨ ᠮᠥᠩᠭᠦ ᠲᠤᠰᠢᠶᠠᠬᠤ ᠬᠡᠷᠡᠭᠲᠡᠶ᠃            ᠭᠤᠴᠢᠳᠤᠭᠠᠷ ᠵᠦᠢᠯ     ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠲᠦᠷᠢᠶᠡᠰᠦᠯᠡᠨ ᠰᠠᠭᠤᠵᠤ ᠪᠠᠶᠢᠭ᠎ᠠ ᠭᠤᠶᠤᠴᠢᠯᠠᠭᠴᠢ ᠪᠤᠶᠤ ᠬᠠᠮᠲᠤ  ᠶᠢᠨ ᠭᠤᠶᠤᠴᠢᠯᠠᠭᠴᠢ ᠳᠣᠣᠷ᠎ᠠ ᠵᠢᠭᠰᠠᠭᠠᠭᠰᠠᠨ ᠦᠢᠯᠡ ᠠᠵᠢᠯᠯᠠᠭ᠎ᠠ ᠶᠢᠨ ᠨᠢᠭᠡ ᠶᠢ ᠬᠢᠭᠰᠡᠨ ᠪᠠᠶᠢᠪᠠᠯ᠂ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠪᠤᠴᠠᠭᠠᠬᠤ ᠬᠡᠷᠡᠭᠲᠡᠶ᠄        ︵ᠨᠢᠭᠡ︶  ᠬᠤᠳᠠᠯ ᠬᠠᠭᠤᠷᠮᠠᠭ ᠭᠤᠶᠤᠴᠢᠯᠠᠯ ᠤᠨ ᠮᠠᠲ᠋ᠧᠷᠢᠶᠠᠯ ᠬᠠᠩᠭᠠᠬᠤ ᠵᠡᠷᠭᠡ ᠲᠥᠪ ᠪᠤᠰᠤ ᠠᠷᠭ᠎ᠠ ᠪᠠᠷᠢᠯ ᠢᠶᠠᠷ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠣᠯᠤᠭᠰᠠᠨ︔            ︵ᠬᠤᠶᠠᠷ︶ ᠲᠦᠷᠢᠶᠡᠰᠦᠯᠡᠭᠰᠡᠨ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ  ᠵᠢᠭᠡᠯᠡᠭᠦᠯᠦᠨ ᠬᠡᠷᠡᠭᠯᠡᠭᠦᠯᠦᠭᠰᠡᠨ᠂ ᠳᠡᠮ ᠳᠦᠷᠢᠶᠠᠰᠦᠯᠡᠭᠰᠡᠨ᠂ ᠳᠤᠷ᠎ᠠ ᠪᠠᠷ ᠢᠶᠠᠨ ᠰᠣᠯᠢᠭᠰᠠᠨ᠂ ᠳᠤᠷ᠎ᠠ ᠪᠠᠷ ᠢᠶᠠᠨ ᠬᠠᠮᠳᠤ ᠲᠦᠷᠢᠶᠡᠰᠦᠯᠡᠭᠰᠡᠨ︔            ︵ᠭᠤᠷᠪᠠ︶ ᠲᠦᠷᠢᠶᠡᠰᠦᠯᠡᠵᠦ ᠪᠠᠶᠢᠭ᠎ᠠ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠬᠡᠷᠡᠭᠴᠡᠭᠡ ᠶᠢ ᠬᠤᠪᠢᠷᠠᠭᠤᠯᠤᠭᠰᠠᠨ︔            ︵ᠲᠦᠷᠪᠡ︶ ᠲᠤᠰ ᠭᠡᠷ ᠪᠠᠶᠢᠰᠢᠩ ᠢ ᠲᠦᠷᠢᠶᠡᠰᠦᠯᠡᠨ ᠰᠠᠭᠤᠵᠤ ᠪᠠᠶᠢᠬᠤ ᠬᠤᠭᠤᠴᠠᠭᠠᠨ ᠳᠤ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠳᠣᠲᠣᠷ᠎ᠠ ᠬᠠᠤᠯᠢ ᠶᠢ ᠵᠥᠷᠢᠴᠡᠭᠰᠡᠨ ᠠᠵᠢᠯᠯᠠᠭ᠎ᠠ ᠬᠢᠭᠰᠡᠨ︔            ︵ᠲᠠᠪᠤ︶ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠵᠦᠢ ᠶᠣᠰᠣᠨ ᠤ ᠰᠢᠯᠲᠠᠭᠠᠨ ᠥᠭᠡᠢ ᠪᠠᠷ ᠵᠠᠯᠭᠠᠭ᠎ᠠ ᠪᠠᠷ 6 ᠰᠠᠷ᠎ᠠ ᠠᠴᠠ ᠳᠡᠭᠡᠭᠰᠢ ᠰᠤᠯᠠ ᠲᠠᠯᠪᠢᠭᠰᠠᠨ ᠪᠠᠶᠢᠬᠤ︔         ︵ᠵᠢᠷᠭᠤᠭ᠎ᠠ︶ ᠲᠦᠷᠢᠶᠡᠰᠦᠯᠡᠵᠦ ᠪᠠᠶᠢᠭ᠎ᠠ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠡᠪᠳᠡᠭᠰᠡᠨ ᠪᠤᠶᠤ ᠳᠤᠷ᠎ᠠ ᠪᠠᠷ ᠢᠶᠠᠨ ᠵᠠᠰᠠᠵᠤ ᠴᠢᠮᠡᠭᠯᠡᠭᠡᠳ᠂ ᠤᠤᠯ ᠤᠨ ᠪᠠᠶᠢᠳᠠᠯ ᠢ ᠨᠢ ᠰᠡᠷᠭᠦᠭᠡᠬᠦ ᠶᠢ ᠲᠡᠪᠴᠢᠭᠰᠡᠨ︔           ︵ᠲᠤᠯᠤᠭ᠎ᠠ︶ ᠲᠦᠷᠢᠶᠡᠰᠦᠯᠡᠭᠰᠡᠨ ᠬᠤᠭᠤᠴᠠᠭᠠᠨ ᠳᠠᠬᠢ ᠬᠡᠷᠡᠭᠯᠡᠭᠡ ᠠᠴᠠ ᠪᠣᠯᠤᠭᠰᠠᠨ ᠬᠤᠯᠪᠣᠭᠳᠠᠯ ᠪᠦᠬᠦᠢ ᠪᠤᠰᠤᠳ ᠵᠠᠷᠤᠳᠠᠯ ᠢ ᠴᠠᠭ ᠲᠤᠬᠠᠶ ᠳᠤᠨᠢ ᠦᠯᠦ ᠲᠤᠰᠢᠶᠠᠭᠰᠠᠨ︔            ︵ᠨᠠᠢᠮᠠ︶ ᠭᠡᠷ᠎ᠡ ᠶᠢᠨ ᠬᠤᠭᠤᠴᠠᠭᠠᠨ ᠳᠤ ᠭᠤᠶᠤᠴᠢᠯᠠᠭᠴᠢ ᠪᠤᠶᠤ ᠬᠠᠮᠲᠤ  ᠶᠢᠨ ᠭᠤᠶᠤᠴᠢᠯᠠᠭᠴᠢ ᠨᠢ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠨᠢᠭᠡ ᠠᠴᠠ ᠳᠡᠭᠡᠭᠰᠢ ᠲᠦᠷᠢᠶᠡᠰᠦᠯᠡᠵᠦ ᠥᠩᠭᠡᠷᠡᠭᠰᠡᠨ︔            ︵ᠶᠢᠰᠦ︶  ᠳᠡᠮ ᠲᠦᠷᠢᠶᠡᠰᠦᠯᠡᠭᠰᠡᠨ᠂  ᠵᠢᠭᠡᠯᠡᠭᠦᠯᠦᠨ ᠬᠡᠷᠡᠭᠯᠡᠭᠦᠯᠦᠭᠰᠡᠨ ᠵᠡᠷᠭᠡ ᠲᠣᠭᠲᠠᠭᠠᠯ ᠠᠴᠠ ᠵᠥᠷᠢᠴᠡᠭᠰᠡᠨ ᠠᠷᠭ᠎ᠠ ᠪᠠᠷᠢᠯ ᠢᠶᠠᠷ ᠳᠠᠮᠵᠢᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠲᠦᠷᠢᠶᠡᠰᠦᠯᠡᠨ ᠰᠠᠭᠤᠬᠤ ᠡᠷᠬᠡ ᠶᠢ ᠣᠯᠤᠭᠰᠠᠨ ᠣᠷᠣᠰᠢᠨ ᠰᠠᠭᠤᠭᠴᠢ ᠪᠤᠶᠤ ᠬᠠᠮᠲᠤ  ᠶᠢᠨ ᠣᠷᠣᠰᠢᠨ ᠰᠠᠭᠤᠭᠴᠢ︔        ︵ᠠᠷᠪᠠ︶ ᠵᠢᠭᠡᠯᠡᠭᠦᠯᠦᠨ ᠬᠡᠷᠡᠭᠯᠡᠭᠦᠯᠭᠦ᠂ ᠳᠠᠮ ᠲᠦᠷᠢᠶᠡᠰᠦᠯᠡᠬᠦ ᠵᠠᠷ ᠨᠡᠶᠢᠲᠡᠯᠡᠬᠦ ᠵᠡᠷᠭᠡ ᠲᠣᠭᠲᠠᠭᠠᠯ ᠢ ᠵᠥᠷᠢᠴᠡᠭᠰᠡᠨ ᠦᠢᠯᠡ ᠠᠵᠢᠯᠯᠠᠭ᠎ᠠ ᠶᠢ ᠪᠠᠶᠢᠴᠠᠭᠠᠨ ᠲᠤᠳᠤᠯᠠᠭᠰᠠᠨ︔        ︵ᠠᠷᠪᠠᠨ ᠨᠢᠭᠡ︶ ᠲᠦᠷᠢᠶᠡᠰᠦᠨ ᠮᠥᠩᠭᠦ ᠶᠢ ᠨᠡᠶᠢᠳᠡ 6 ᠰᠠᠷ᠎ᠠ ᠥᠷᠢᠲᠦᠭᠰᠡᠨ︔  ᡾        ︵ᠠᠷᠪᠠᠨ ᠬᠤᠶᠠᠷ︶ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠬᠡᠷᠡᠭᠯᠡᠵᠦ ᠪᠠᠶᠢᠭ᠎ᠠ ᠪᠠᠶᠢᠳᠠᠯ ᠢ ᠪᠠᠶᠢᠴᠠᠭᠠᠬᠤ ᠳᠤ ᠬᠠᠮᠵᠢᠯᠴᠠᠬᠤ ᠥᠭᠡᠢ ᠪᠤᠶᠤ ᠡᠰᠡᠷᠭᠦᠴᠡᠬᠦ︔᡾            ︵ᠠᠷᠪᠠᠨ ᠭᠤᠷᠪᠠ︶ ᠲᠦᠷᠢᠶᠡᠰᠦᠯᠡᠭᠴᠢ ᠣᠷᠣᠰᠢᠨ ᠰᠠᠭᠤᠵᠤ ᠪᠠᠶᠢᠭ᠎ᠠ ᠬᠤᠭᠤᠴᠠᠭᠠᠨ ᠳᠠᠭᠠᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠳᠠᠯ ᠠᠬᠤᠶ ᠶᠢᠨ ᠬᠠᠮᠢᠶᠠᠷᠤᠯᠲᠠ ᠶᠢᠨ ᠲᠦᠷᠢᠮ︾ ᠵᠡᠷᠭᠡ ᠬᠠᠮᠢᠶ᠎ᠠ ᠪᠥᠬᠦᠶ ᠰᠠᠭᠤᠭᠠᠯᠢ ᠲᠣᠭᠤᠷᠢᠭ ᠤᠨ ᠬᠠᠮᠢᠶᠠᠷᠤᠯᠲᠠ ᠶᠢᠨ ᠲᠣᠭᠲᠠᠭᠠᠯ ᠢ ᠵᠥᠷᠢᠴᠡᠵᠦ᠂  ᠰᠠᠭᠤᠭᠠᠯᠢ ᠲᠣᠭᠤᠷᠢᠭ ᠤᠨ ᠬᠡᠪ ᠤᠨ ᠠᠮᠤᠷ ᠲᠦᠪᠰᠢᠨ ᠢᠶᠠᠷ ᠠᠵᠢᠯᠯᠠᠬᠤ ᠶᠢ ᠬᠦᠨᠳᠦ ᠨᠣᠴᠢᠲᠠᠶ ᠨᠥᠯᠥᠭᠡᠯᠡᠭᠰᠡᠨ᠂ ᠣᠯᠠᠨ ᠨᠡᠶᠢᠲᠡ ᠶᠢᠨ ᠪᠡᠯᠡᠳᠬᠡᠮᠵᠢ ᠶᠢ ᠡᠪᠳᠡᠭᠰᠡᠨ ᠵᠡᠷᠭᠡ ᠦᠢᠯᠡ ᠠᠵᠢᠯᠯᠠᠭ᠎ᠠ ᠲᠠᠢ ᠮᠥᠷᠲᠡᠭᠡᠨ ᠴᠡᠭᠴᠡᠯᠡᠨ ᠰᠠᠶᠢᠵᠢᠷᠠᠭᠤᠯᠬᠤ ᠶᠢ ᠲᠡᠪᠴᠢᠭᠰᠡᠨ᠂ ᠪᠤᠰᠤᠳ ᠤᠨ ᠬᠡᠪ ᠤᠨ ᠠᠮᠢᠳᠤᠷᠠᠯ ᠣᠷᠣᠰᠢᠨ ᠰᠠᠭᠤᠬᠤ ᠶᠢ ᠬᠠᠷᠰᠢᠯᠠᠭᠰᠠᠨ ᠵᠡᠷᠭᠡ ᠦᠢᠯᠡ ᠠᠵᠢᠯᠯᠠᠭ᠎ᠠ ᠲᠠᠢ ᠪᠠᠶᠢᠬᠤ︔ ᠥᠨᠳᠥᠷ ᠳᠡᠭᠡᠷ᠎ᠡ ᠠᠴᠠ ᠤᠲᠠᠰᠤ ᠲᠠᠲᠠᠵᠤ ᠴᠠᠬᠢᠯᠭᠠᠨ ᠴᠡᠨᠡᠭᠯᠡᠬᠦ᠂ ᠠᠰᠠᠷ ᠤᠨ ᠬᠤᠩᠭᠢᠯ ᠳᠤ ᠳᠤᠷ᠎ᠠ ᠪᠠᠷ ᠢᠶᠠᠨ ᠣᠪᠣᠭᠠᠯᠠᠵᠤ ᠲᠠᠯᠪᠢᠬᠤ ᠵᠡᠷᠭᠡ ᠦᠢᠯᠡ ᠠᠵᠢᠯᠯᠠᠭ᠎ᠠ ᠶᠢ ᠪᠦᠬᠦ ᠵᠢᠯ ᠳᠤ ᠨᠡᠶᠢᠲᠡ 3 ᠤᠳᠠᠭ᠎ᠠ ᠠᠴᠠ ᠳᠡᠭᠡᠭᠰᠢ ᠪᠠᠶᠢᠴᠠᠭᠠᠵᠤ ᠢᠯᠡᠷᠡᠭᠦᠯᠦᠭᠰᠡᠨ︔ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠠᠴᠠ ᠴᠡᠭᠴᠡᠯᠡᠨ ᠰᠠᠶᠢᠵᠢᠷᠠᠭᠤᠯᠬᠤ ᠮᠡᠳᠡᠭᠳᠡᠯ ᠤᠨ ᠬᠠᠭᠤᠳᠠᠰᠤ ᠪᠠᠭᠤᠯᠭᠠᠭᠰᠠᠨ ᠤ ᠳᠠᠷᠠᠭ᠎ᠠ ᠴᠡᠭᠴᠡᠯᠡᠨ ᠰᠠᠶᠢᠵᠢᠷᠠᠭᠤᠯᠤᠭᠰᠠᠨ ᠥᠬᠡᠶ︔        ︵ᠠᠷᠪᠠᠨ ᠲᠦᠷᠪᠡ︶ ᠲᠦᠷᠢᠶᠡᠰᠦᠯᠡᠯ ᠤᠨ ᠭᠡᠷ᠎ᠡ ᠶᠢ ᠵᠥᠷᠢᠴᠡᠭᠰᠡᠨ ᠪᠤᠰᠤᠳ ᠦᠢᠯᠡ ᠠᠵᠢᠯᠯᠠᠭ᠎ᠠ ᠶᠢᠨ ᠪᠠᠶᠢᠳᠠᠯ᠃          ᠳᠡᠭᠡᠷ᠎ᠡ ᠳᠤᠷᠠᠳᠤᠭᠰᠠᠨ ᠪᠠᠶᠢᠳᠠᠯ ᠳᠤ ᠨᠡᠶᠢᠴᠡᠭᠰᠡᠨ ᠲᠦᠷᠢᠶᠡᠰᠦᠯᠡᠭᠴᠢ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠳᠣᠪᠴᠢᠶᠠᠨ ᠤ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠪᠤᠴᠠᠭᠠᠬᠤ ᠮᠡᠳᠡᠭᠳᠡᠯ ᠢ ᠣᠯᠤᠭᠰᠠᠨ ᠡᠳᠦᠷ ᠠᠴᠠ ᠡᠬᠢᠯᠡᠨ 7 ᠡᠳᠦᠷ ᠤᠨ ᠳᠣᠲᠣᠷ᠎ᠠ ᠲᠦᠷᠢᠶᠡᠰᠦᠯᠡᠭᠰᠡᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠰᠤᠯᠠᠯᠠᠨ ᠥᠭᠬᠦ ᠬᠡᠷᠡᠭᠲᠡᠶ᠂ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠰᠤᠯᠠᠯᠠᠨ ᠥᠭᠬᠦ ᠶᠢ ᠳᠡᠪᠴᠢᠪᠠᠯ ᠬᠠᠤᠯᠢ ᠪᠠᠷᠢᠯᠳᠠ ᠶᠢᠨ ᠵᠢᠷᠤᠮ ᠢ ᠡᠬᠢᠯᠡᠭᠦᠯᠵᠦ᠂ ᠬᠠᠤᠯᠢ ᠪᠠᠷᠢᠯᠳᠠ ᠶᠢᠨ ᠵᠢᠷᠤᠮ ᠳᠠᠭᠤᠰᠤᠭᠰᠠᠨ ᠤ ᠳᠠᠷᠠᠭ᠎ᠠ᠂ ᠲᠦᠷᠢᠶᠡᠰᠦᠯᠡᠭᠴᠢ ᠵᠢᠴᠢ ᠲᠡᠭᠦᠨ ᠤ ᠬᠠᠮᠲᠤ ᠶᠢᠨ ᠭᠤᠶᠤᠴᠢᠯᠠᠭᠴᠢ ᠶᠢ ᠦᠨᠡᠨᠴᠢ ᠢᠲᠡᠭᠡᠮᠵᠢ ᠶᠢᠨ ᠬᠠᠷ᠎ᠠ ᠲᠠᠩᠰᠠᠨ ᠳᠤ ᠲᠡᠮᠳᠡᠭᠯᠡᠵᠦ᠂ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠨᠢ ᠲᠣᠭᠲᠠᠮᠠᠯ ᠬᠤᠭᠤᠴᠠᠭ᠎ᠠ ᠲᠠᠢ ᠪᠠᠷ ᠬᠠᠷ᠎ᠠ ᠲᠠᠩᠰᠠ ᠶᠢ ᠵᠠᠷᠯᠠᠨ ᠨᠡᠶᠢᠲᠡᠯᠡᠬᠦ ᠶᠢᠨ ᠬᠠᠮᠲᠤ᠂ ᠬᠠᠷ᠎ᠠ ᠲᠠᠩᠰᠠᠨ ᠳᠠᠬᠢ ᠬᠥᠮᠦᠰ ᠤᠨ ᠢᠲᠡᠭᠡᠯ ᠠᠯᠳᠠᠭᠰᠠᠨ ᠦᠢᠯᠡ ᠠᠵᠢᠯᠯᠠᠭ᠎ᠠ ᠶᠢ ᠣᠷᠳᠣᠰ ᠬᠤᠲᠠ ᠶᠢᠨ ᠠᠵᠢᠯ ᠲᠥᠷᠥᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠲᠤ ᠮᠡᠳᠡᠭᠦᠯᠦᠨ᠎ᠡ᠃           ᠲᠦᠷᠢᠶᠡᠰᠦᠯᠡᠭᠴᠢ ᠳᠤ ᠲᠤᠰ ᠵᠦᠢᠯ ᠤᠨ ︵ᠨᠢᠭᠡ︶ ᠳ᠋ᠦ᠋ᠭᠡᠷ ᠵᠤᠷᠪᠤᠰ ᠠᠴᠠ ︵ᠵᠢᠷᠭᠤᠭ᠎ᠠ︶ ᠳ᠋ᠤᠭᠠᠷ ᠵᠤᠷᠪᠤᠰ ᠬᠦᠷᠲᠡᠯᠡᠬᠢ ᠪᠠᠶᠢᠳᠠᠯ ᠲᠠᠢ ᠪᠠᠶᠢᠪᠠᠯ᠂ ᠬᠠᠤᠯᠢ ᠶᠢ ᠵᠥᠷᠢᠴᠡᠭᠰᠡᠨ ᠠᠵᠢᠯᠯᠠᠭ᠎ᠠ ᠭᠠᠷᠤᠭᠰᠠᠨ ᠡᠳᠦᠷ ᠠᠴᠠ ᠡᠬᠢᠯᠡᠨ ᠲᠦᠷᠢᠶᠡᠰᠦᠨ ᠮᠥᠩᠭᠦ ᠶᠢ ᠵᠠᠬ᠎ᠠ ᠳᠡᠯᠭᠡᠭᠦᠷ ᠤᠨ ᠦᠨ᠎ᠡ ᠪᠠᠷ ᠨᠥᠬᠦᠵᠦ ᠲᠤᠰᠢᠶᠠᠬᠤ ᠬᠡᠷᠡᠭᠲᠡᠶ᠃         ᠴᠡᠪᠡᠷᠯᠡᠨ ᠪᠤᠴᠠᠭᠠᠯᠭᠠᠭᠰᠠᠨ ᠭᠤᠶᠤᠴᠢᠯᠠᠭᠴᠢ ᠪᠠ ᠬᠠᠮᠲᠤ ᠶᠢᠨ ᠭᠤᠶᠤᠴᠢᠯᠠᠭᠴᠢ᠂  ᠳᠡᠮ ᠲᠦᠷᠢᠶᠡᠰᠦᠯᠡᠵᠦ ᠵᠢᠭᠡᠯᠡᠨ ᠬᠡᠷᠡᠭᠯᠡᠭᠰᠡᠨ ᠣᠷᠣᠰᠢᠨ ᠰᠠᠭᠤᠭᠴᠢ ᠪᠠ ᠬᠠᠮᠲᠤ ᠶᠢᠨ ᠰᠠᠭᠤᠭᠴᠢ 5 ᠵᠢᠯ ᠤᠨ ᠳᠣᠲᠣᠷ᠎ᠠ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢ ᠳᠠᠭᠢᠵᠤ ᠭᠤᠶᠤᠴᠢᠯᠠᠵᠤ ᠪᠣᠯᠬᠤ ᠥᠬᠡᠶ᠃             ᠭᠤᠴᠢᠨ ᠨᠢᠭᠡᠳᠦᠭᠡᠷ ᠵᠦᠢᠯ   ᠲᠦᠷᠢᠶᠡᠰᠦᠯᠡᠭᠴᠢ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠪᠠᠨ ᠰᠤᠯᠠᠯᠠᠵᠤ ᠥᠭᠬᠦ ᠠᠴᠠ ᠡᠮᠦᠨ᠎ᠡ᠂ ᠭᠡᠷ ᠪᠠᠶᠢᠰᠢᠩ ᠤᠨ ᠲᠦᠷᠢᠶᠡᠰᠦᠨ ᠮᠥᠩᠭᠦ᠂ ᠤᠰᠤ᠂ ᠴᠠᠬᠢᠯᠭᠠᠨ᠂ ᠳᠤᠯᠠᠭᠠᠯᠠᠭ᠎ᠠ᠂ ᠬᠡᠢ᠂ ᠠᠳᠠᠯ ᠠᠬᠤᠶ ᠵᠡᠷᠭᠡ ᠶᠢᠨ ᠬᠤᠯᠪᠣᠭᠳᠠᠯ ᠪᠦᠬᠦᠢ ᠵᠠᠷᠤᠳᠠᠯ ᠢ ᠥᠭᠴᠦ ᠳᠠᠭᠤᠰᠬᠠᠭᠰᠠᠨ ᠪᠠᠶᠢᠬᠤ ᠬᠡᠷᠡᠭᠲᠡᠶ᠃ ᠲᠦᠷᠢᠶᠡᠰᠦᠯᠡᠭᠰᠡᠨ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠳᠣᠲᠣᠷᠠᠬᠢ ᠪᠡᠯᠡᠳᠬᠡᠮᠵᠢ᠂ ᠲᠥᠬᠦᠭᠡᠷᠦᠮᠵᠢ ᠶᠢ ᠡᠪᠳᠡᠵᠦ ᠰᠦᠢᠳᠬᠡᠭᠰᠡᠨ᠂ ᠭᠡᠭᠡᠭᠰᠡᠨ ᠪᠠᠶᠢᠪᠠᠯ᠂ ᠲᠦᠷᠢᠶᠡᠰᠦᠯᠡᠭᠴᠢ ᠨᠢ ᠰᠡᠷᠭᠦᠭᠡᠵᠦ᠂ ᠰᠡᠯᠪᠢᠨ ᠵᠠᠰᠠᠬᠤ ᠪᠠ ᠲᠦᠯᠤᠬᠦ ᠬᠡᠷᠡᠭᠲᠡᠶ᠂ ᠲᠦᠷᠢᠶᠡᠰᠦᠯᠡᠭᠴᠢ ᠨᠢ ᠲᠦᠯᠤᠬᠦ ᠦᠭᠡᠢ ᠪᠠᠶᠢᠪᠠᠯ᠂ ᠲᠦᠷᠢᠶᠡᠰᠦᠯᠡᠭᠴᠢ ᠶᠢᠨ ᠲᠤᠰᠢᠶᠠᠭᠰᠠᠨ ᠳᠡᠨᠵᠢ ᠶᠢᠨ ᠮᠥᠩᠭᠦ ᠠᠴᠠ ᠵᠣᠬᠢᠴᠠᠩᠭᠤᠶ ᠲᠥᠯᠥᠪᠦᠷᠢ ᠶᠢᠨ ᠵᠠᠷᠤᠳᠠᠯ ᠢ ᠬᠠᠰᠣᠵᠣ ᠪᠣᠯᠤᠨ᠎ᠠ᠃             ᠨᠠᠢᠮᠠᠳᠤᠭᠠᠷ ᠪᠦᠯᠦᠭ     ᠬᠢᠨᠠᠯᠳᠠ ᠳᠠᠯᠪᠢᠵᠤ ᠬᠠᠮᠢᠶᠠᠷᠬᠤ         ᠭᠤᠴᠢᠨ ᠬᠤᠶᠠᠳᠤᠭᠠᠷ ᠵᠦᠢᠯ   ᠨᠢᠭᠡᠨᠲᠡ ᠲᠦᠷᠢᠶᠡᠰᠦᠯᠡᠭᠰᠡᠨ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠳᠤ ᠵᠢᠯ ᠤᠨ ᠲᠠᠬᠢᠨ ᠬᠢᠨᠠᠯᠲᠠ ᠶᠢᠨ ᠲᠦᠷᠢᠮ ᠢ ᠬᠡᠷᠡᠭᠵᠢᠭᠦᠯᠦᠨ᠎ᠡ᠂ ᠲᠠᠬᠢᠨ ᠬᠢᠨᠠᠭᠠᠳ ᠲᠦᠷᠢᠶᠡᠰᠦᠯᠡᠬᠦ ᠨᠥᠬᠦᠴᠡᠯ ᠳᠤ ᠨᠡᠶᠢᠴᠡᠬᠦ ᠦᠭᠡᠢ ᠪᠣᠯᠤᠭᠰᠠᠨ ᠪᠠᠶᠢᠪᠠᠯ᠂ ᠨᠢᠭᠡᠨᠲᠡ ᠲᠦᠷᠢᠶᠡᠰᠦᠯᠡᠭᠰᠡᠨ ᠤᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠠᠴᠠ ᠲᠣᠭᠲᠠᠭᠠᠯ ᠶᠣᠰᠣᠭᠠᠷ ᠭᠠᠷᠬᠤ ᠬᠡᠷᠡᠭᠲᠡᠶ᠃            ᠭᠤᠴᠢᠨ ᠭᠤᠷᠪᠠᠳᠤᠭᠠᠷ ᠵᠦᠢᠯ   ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠭᠤᠶᠤᠴᠢᠯᠠᠭᠴᠢ ᠨᠢ ᠬᠢᠨᠠᠨ ᠬᠠᠷᠭᠤᠭᠤᠯᠤᠭᠰᠠᠨ ᠦᠷ᠎ᠡ ᠳ᠋ᠦᠩ ᠳᠤ ᠣᠨᠳᠣᠤ ᠰᠠᠨᠠᠯ ᠲᠠᠢ ᠪᠠᠶᠢᠪᠠᠯ᠂ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠳᠤ ᠳᠠᠬᠢᠨ ᠬᠢᠨᠠᠭᠤᠯᠬᠤ ᠪᠠᠷ ᠭᠤᠶᠤᠴᠢᠯᠠᠬᠤ ᠡᠷᠬᠡ ᠲᠠᠢ᠂ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠨᠢ ᠬᠤᠯᠪᠣᠭᠳᠠᠯ ᠪᠥᠬᠦᠶ ᠰᠠᠯᠠᠭ᠎ᠠ ᠮᠥᠴᠢᠷ ᠲᠠᠢ ᠬᠠᠮᠲᠤᠷᠠᠨ ᠳᠠᠬᠢᠨ ᠬᠢᠨᠠᠬᠤ ᠶᠢᠨ ᠬᠠᠮᠲᠤ 15 ᠠᠵᠢᠯᠯᠠᠬᠤ ᠡᠳᠦᠷ ᠤᠨ ᠳᠣᠲᠣᠷ᠎ᠠ ᠳᠠᠬᠢᠨ ᠬᠢᠨᠠᠭᠰᠠᠨ ᠦᠷ᠎ᠡ ᠳ᠋ᠦᠩ ᠢᠶᠠᠨ ᠭᠤᠶᠤᠴᠢᠯᠠᠭᠴᠢ ᠳᠤ ᠪᠢᠴᠢᠭ ᠢᠶᠠᠷ ᠮᠡᠳᠡᠭᠳᠡᠬᠦ ᠬᠡᠷᠡᠭᠲᠡᠶ᠃         ᠭᠤᠴᠢᠨ ᠳᠥᠷᠪᠡᠳᠦᠭᠡᠷ ᠵᠦᠢᠯ   ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠨᠢ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠲᠠᠩᠰᠠ ᠡᠪᠬᠡᠮᠡᠯ ᠤᠨ ᠡᠬᠡ ᠲᠠᠩᠰᠠ ᠶᠢᠨ ᠬᠠᠮᠢᠶᠠᠷᠤᠯᠲᠠ ᠶᠢᠨ ᠲᠦᠷᠢᠮ ᠢ ᠪᠠᠶᠢᠭᠤᠯᠤᠨ ᠳᠡᠭᠦᠯᠳᠡᠷᠵᠢᠭᠦᠯᠵᠦ᠂ ᠲᠠᠩᠰᠠ ᠡᠪᠬᠡᠮᠡᠯ ᠢ ᠴᠤᠭᠯᠠᠭᠤᠯᠬᠤ᠂ ᠬᠠᠳᠠᠭᠠᠯᠠᠬᠤ᠂ ᠬᠡᠷᠡᠭᠯᠡᠬᠦ ᠪᠠ ᠨᠢᠭᠤᠴᠠ ᠶᠢ ᠬᠠᠮᠠᠭᠠᠯᠠᠬᠤ ᠵᠡᠷᠭᠡ ᠠᠵᠢᠯ ᠢ ᠲᠡᠭᠦᠯᠳᠡᠷᠵᠢᠭᠦᠯᠬᠦ ᠶᠢᠨ ᠬᠠᠮᠲᠤ ᠭᠤᠶᠤᠴᠢᠯᠠᠭᠰᠠᠨ ᠬᠡᠷ ᠪᠦᠯᠢ ᠶᠢᠨ ᠭᠥᠷᠳᠡᠬᠦ ᠣᠷᠣᠨ ᠰᠠᠭᠤᠴᠠ ᠶᠢᠨ ᠪᠠᠲᠤᠯᠠᠭ᠎ᠠ ᠶᠢᠨ ᠬᠤᠪᠢᠷᠠᠯᠲᠠ ᠶᠢᠨ ᠪᠠᠶᠢᠳᠠᠯ ᠢ ᠦᠨᠳᠦᠰᠦᠯᠡᠨ᠂ ᠰᠠᠭᠤᠭᠠᠯᠢ ᠡᠷᠦᠬᠡ ᠶᠢᠨ ᠲᠠᠩᠰᠠ ᠡᠪᠬᠡᠮᠡᠯ ᠢ ᠴᠠᠭ ᠲᠤᠬᠠᠶ ᠳᠤᠨᠢ ᠲᠡᠭᠦᠯᠳᠡᠷᠵᠢᠭᠦᠯᠵᠦ᠂ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠲᠠᠩᠰᠠ ᠡᠪᠬᠡᠮᠡᠯ ᠤᠨ ᠬᠥᠳᠡᠯᠦᠩᠭᠦᠶ ᠬᠠᠮᠢᠶᠠᠷᠤᠯᠲᠠ ᠶᠢ ᠪᠡᠶᠡᠯᠡᠭᠦᠯᠬᠦ ᠬᠡᠷᠡᠭᠲᠡᠶ᠃            ᠭᠤᠴᠢᠨ ᠲᠠᠪᠤᠳᠤᠭᠠᠷ ᠵᠦᠢᠯ   ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠨᠢ ᠢᠯᠡᠴᠢᠯᠡᠨ ᠮᠡᠳᠡᠭᠦᠯᠬᠦ ᠳ᠋ᠢᠶᠠᠩᠬᠤᠸᠠ᠂ ᠢᠯᠡᠴᠢᠯᠡᠨ ᠮᠡᠳᠡᠭᠦᠯᠬᠦ ᠵᠠᠬᠢᠳᠠᠯ ᠤᠨ ᠬᠠᠶᠢᠷᠴᠠᠭ ᠳᠣᠭᠢᠷᠠᠭᠤᠯᠵᠤ᠂ ᠨᠡᠶᠢᠭᠡᠮ ᠤᠨ ᠬᠢᠨᠠᠯᠲᠠ ᠲᠠᠯᠪᠢᠯᠲᠠ ᠶᠢ ᠬᠦᠯᠢᠶᠡᠵᠦ᠂ ᠬᠠᠤᠯᠢ ᠰᠠᠬᠢᠯᠭ᠎ᠠ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠢᠯᠡᠴᠢᠯᠡᠨ ᠮᠡᠳᠡᠭᠦᠯᠦᠭᠰᠡᠨ ᠢ ᠴᠠᠭ ᠲᠤᠬᠠᠶ ᠳᠤᠨᠢ ᠬᠢᠨᠠᠨ ᠬᠠᠷᠭᠤᠭᠤᠯᠬᠤ ᠶᠢᠨ ᠬᠠᠮᠲᠤ ᠰᠢᠢᠳᠪᠦᠷᠢᠯᠡᠬᠦ ᠪᠤᠶᠤ ᠬᠠᠮᠢᠶ᠎ᠠ ᠪᠥᠬᠦᠶ ᠰᠠᠯᠠᠭ᠎ᠠ ᠮᠥᠴᠢᠷ ᠲᠤ ᠰᠢᠯᠵᠢᠭᠦᠯᠦᠨ ᠲᠤᠰᠢᠶᠠᠵᠤ ᠰᠢᠢᠳᠪᠦᠷᠢᠯᠡᠬᠦᠯᠬᠦ ᠬᠡᠷᠡᠭᠲᠡᠶ᠃         ᠶᠢᠰᠦᠳᠦᠭᠡᠷ ᠪᠦᠯᠦᠭ       ᠳᠠᠭᠠᠯᠳᠣᠭᠤᠯᠣᠭᠰᠠᠨ  ᠵᠦᠢᠯ            ᠭᠤᠴᠢᠨ ᠵᠢᠷᠭᠤᠳᠤᠭᠠᠷ ᠵᠦᠢᠯ    ᠲᠤᠰ ᠨᠠᠷᠢᠨ ᠳᠦᠷᠢᠮ ᠢ ᠬᠢᠶ᠎ᠠ ᠪᠠᠭᠰᠢ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ ᠠᠴᠠ ᠬᠠᠷᠢᠭᠤᠴᠠᠨ ᠲᠠᠶᠢᠯᠪᠤᠷᠢᠯᠠᠨ᠎ᠠ᠃            ᠭᠤᠴᠢᠨ ᠳᠣᠯᠣᠳᠤᠭᠠᠷ ᠵᠦᠢᠯ    ᠲᠣᠰ ᠨᠠᠷᠢᠨ ᠲᠦᠷᠢᠮ ᠢ ᠳᠠᠷᠤᠮᠠᠯᠯᠠᠨ ᠲᠠᠷᠬᠠᠭᠠᠭᠰᠠᠨ ᠡᠳᠦᠷ ᠠᠴᠠ ᠡᠬᠢᠯᠡᠨ 30 ᠡᠳᠦᠷ ᠤᠨ ᠳᠠᠷᠠᠭ᠎ᠠ ᠬᠡᠷᠡᠭᠵᠢᠭᠦᠯᠦᠨ᠎ᠡ᠂ ᠤᠤᠯ ᠤᠨ ︽ᠬᠢᠶ᠎ᠠ ᠪᠠᠭᠰᠢ ᠲᠣᠭᠤᠷᠢᠭ ᠤᠨ ᠣᠯᠠᠨ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠶᠢᠨ ᠬᠠᠮᠢᠶᠠᠷᠤᠯᠲᠠ ᠶᠢᠨ ᠬᠡᠷᠡᠭᠵᠢᠭᠦᠯᠬᠦ ᠨᠠᠷᠢᠨ ᠲᠦᠷᠢᠮ︾ ︵  ᠣᠷᠳᠣᠰ ᠬᠢᠶ᠎ᠠ ᠵᠠᠰᠠᠭ ᠠᠯᠪᠠᠨ ᠲᠠᠷᠬᠠᠭᠠᠭᠰᠠᠨ 〔 2018  〕153 ᠳ᠋ᠤᠭᠠᠷ ᠲᠣᠭᠠᠲᠤ︶ ᠢ ᠬᠠᠮᠲᠤ ᠳᠤᠨᠢ ᠬᠦᠴᠦᠨ ᠥᠬᠡᠶ ᠪᠣᠯᠭᠠᠨ᠎ᠠ  
ᠢᠷᠡᠯᠲᠡ᠄ ᠳᠣᠰ ᠰᠦᠯᠵᠢᠶ᠎ᠡ