ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠢᠷᠬᠡᠨ ᠤ ᠬᠠᠤᠯᠢ ᠶᠢᠨ ᠪᠢᠴᠢᠭ ︵ᠦᠷᠬᠦᠯᠵᠢᠯᠡᠯ︶
ᠨᠡᠶᠢᠲᠡᠯᠡᠭᠰᠡᠨ ᠴᠠᠭ᠄
2021/9/1
        ᠲᠤᠯᠤᠳᠤᠭᠠᠷ ᠪᠦᠯᠦᠭ ᠬᠦᠷᠰᠢ ᠵᠡᠷᠭᠡᠯᠡᠳᠡᠭᠡ ᠶᠢᠨ ᠬᠠᠷᠢᠴᠠᠭ᠎ᠠ        ᠬᠤᠶᠠᠷ ᠵᠠᠭᠤ ᠨᠠᠶᠠᠨ ᠨᠠᠢᠮᠠᠳᠣᠭᠠᠷ ᠵᠦᠢᠯ ᠦᠯᠦ ᠬᠦᠳᠡᠯᠬᠦ ᠬᠦᠷᠦᠩᠭᠡ ᠶᠢᠨ ᠬᠦᠷᠰᠢ ᠵᠡᠷᠭᠡᠯᠡᠳᠡᠭᠡ ᠶᠢᠨ ᠡᠷᠬᠡᠳᠦ ᠬᠦᠮᠦᠨ ᠦᠢᠯᠡᠳᠪᠦᠷᠢᠯᠡᠯ ᠳᠤ ᠠᠰᠢᠭᠳᠠᠢ ᠂ ᠠᠮᠢᠳᠤᠷᠠᠯ ᠳᠤ ᠲᠦᠬᠦᠮ᠂ ᠪᠦᠯᠬᠦᠮᠳᠡᠨ ᠬᠠᠪᠰᠤᠷᠤᠯᠴᠠᠬᠤ᠂ ᠭᠤᠤᠯᠴᠢ ᠵᠣᠬᠢᠰᠳᠡᠢ ᠪᠠᠶᠢᠬᠤ ᠵᠠᠷᠴᠢᠮ ᠶᠤᠰᠤᠭᠠᠷ ᠬᠦᠷᠰᠢ ᠵᠡᠷᠭᠡᠯᠡᠳᠡᠭᠡ ᠶᠢᠨ ᠬᠠᠷᠢᠴᠠᠭ᠎ᠠ ᠪᠠᠨ ᠵᠦᠪ ᠰᠢᠢᠳᠪᠦᠷᠢᠯᠡᠬᠦ ᠬᠡᠷᠡᠭᠳᠡᠢ᠃        ᠬᠤᠶᠠᠷ ᠵᠠᠭᠤ ᠨᠠᠶᠠ ᠶᠢᠰᠥᠳᠥᠭᠡᠷ ᠵᠦᠢᠯ ᠬᠠᠤᠯᠢ ᠴᠠᠭᠠᠵᠠ᠂ ᠬᠠᠤᠯᠢ ᠲᠤᠭᠳᠠᠭᠠᠯ ᠳᠤ ᠬᠦᠷᠰᠢ ᠵᠡᠷᠭᠡᠯᠡᠳᠡᠭᠡ ᠶᠢᠨ ᠬᠠᠷᠢᠴᠠᠭ᠎ᠠ ᠶᠢ ᠰᠢᠢᠳᠪᠦᠷᠢᠯᠡᠬᠦ ᠲᠤᠬᠠᠢ ᠲᠤᠭᠳᠠᠭᠠᠯ ᠲᠠᠢ ᠪᠠᠶᠢᠪᠠᠯ᠂ ᠲᠡᠷᠡ ᠲᠤᠭᠳᠠᠭᠠᠯ ᠶᠤᠰᠤᠭᠠᠷ ᠶᠠᠪᠤᠭᠤᠯᠤᠨ᠎ᠠ︔ ᠬᠠᠤᠯᠢ ᠴᠠᠭᠠᠵᠠ᠂ ᠬᠠᠤᠯᠢ ᠲᠤᠭᠳᠠᠭᠠᠯ ᠳᠤ ᠲᠤᠭᠳᠠᠭᠠᠯ ᠪᠠᠶᠢᠬᠤ ᠦᠭᠡᠢ ᠪᠣᠯ᠂ ᠲᠣᠬᠠᠢ ᠶᠢᠨ ᠭᠠᠵᠠᠷ ᠤᠨ ᠵᠠᠩᠰᠢᠯ ᠢᠶᠠᠷ ᠰᠢᠢᠳᠪᠦᠷᠢᠯᠡᠵᠦ ᠪᠤᠯᠤᠨ᠎ᠠ᠃        ᠬᠤᠶᠠᠷ ᠵᠠᠭᠤ ᠶᠡᠷᠡᠳᠤᠭᠡᠷ ᠵᠦᠢᠯ ᠦᠯᠦ ᠬᠦᠳᠡᠯᠬᠦ ᠬᠦᠷᠦᠩᠭᠡ ᠶᠢᠨ ᠡᠷᠭᠡᠳᠦ ᠬᠦᠮᠦᠨ ᠬᠦᠷᠰᠢ ᠵᠡᠷᠭᠡᠯᠡᠳᠡᠭᠡ ᠶᠢᠨ ᠡᠷᠬᠡᠳᠦ ᠬᠦᠮᠦᠨ ᠤ ᠤᠰᠤ ᠬᠡᠷᠡᠭᠯᠡᠬᠦ᠂ ᠤᠰᠤ ᠵᠠᠯᠠᠬᠤ ᠳᠤ ᠴᠢᠬᠤᠯᠠ ᠪᠦᠬᠦᠢ ᠲᠦᠬᠦᠮ ᠦᠵᠡᠬᠦᠯᠬᠦ ᠬᠡᠷᠡᠭᠳᠡᠢ᠃        ᠪᠠᠶᠢᠭᠠᠯᠢ ᠶᠢᠨ ᠤᠷᠤᠰᠬᠠᠯ ᠤᠰᠤ ᠶᠢ ᠠᠰᠢᠬᠯᠠᠬᠤ ᠳᠠᠭᠠᠨ ᠦᠯᠦ ᠬᠦᠳᠡᠯᠬᠦ ᠬᠦᠷᠦᠩᠭᠡ ᠶᠢᠨ ᠬᠦᠷᠰᠢ ᠵᠡᠷᠭᠡᠯᠡᠳᠡᠭᠡ ᠶᠢᠨ ᠡᠷᠬᠡᠳᠦ ᠬᠦᠮᠦᠨ ᠤ ᠬᠤᠭᠤᠷᠤᠨᠳᠤ ᠵᠦᠢ ᠵᠤᠬᠢᠰᠳᠠᠢ ᠬᠤᠪᠢᠶᠠᠷᠢᠯᠠᠬᠤ ᠬᠡᠷᠡᠭᠳᠡᠢ᠃ ᠪᠠᠶᠢᠭᠠᠯᠢ ᠶᠢᠨ ᠤᠷᠤᠰᠬᠠᠯ ᠤᠰᠤ ᠶᠢ ᠲᠠᠯᠪᠢᠵᠤ ᠭᠠᠷᠭᠠᠬᠤ ᠳᠠᠭᠠᠨ ᠠᠶᠠᠨᠳᠠᠭᠠᠨ ᠤᠷᠤᠰᠬᠤ ᠴᠢᠭᠯᠡᠯ ᠢᠶᠠᠷ ᠨᠢ ᠭᠠᠷᠭᠠᠬᠤ ᠬᠡᠷᠡᠭᠳᠡᠢ᠃        ᠬᠤᠶᠠᠷ ᠵᠠᠭᠤ ᠶᠡᠷᠡᠨ ᠨᠢᠭᠡᠳᠤᠭᠡᠷ ᠵᠦᠢᠯ ᠬᠦᠷᠰᠢ ᠵᠡᠷᠭᠡᠯᠡᠳᠡᠭᠡ ᠶᠢᠨ ᠡᠷᠬᠡᠳᠦ ᠬᠦᠮᠦᠨ ᠨᠡᠪᠳᠡᠷᠡᠨ ᠦᠡᠭᠭᠡᠷᠡᠬᠦ ᠵᠡᠷᠬᠡ ᠰᠢᠯᠳᠠᠭᠠᠨ ᠠᠴᠠ ᠪᠤᠯᠵᠤ ᠭᠠᠵᠠᠷ ᠰᠢᠷᠤᠢ ᠶᠢ ᠨᠢ ᠵᠠᠪᠠᠯ ᠠᠰᠢᠬᠯᠠᠬᠤ ᠬᠡᠷᠡᠭᠳᠡᠢ ᠪᠠᠶᠢᠪᠠᠯ᠂ ᠦᠯᠦ ᠬᠦᠳᠡᠯᠬᠦ ᠬᠦᠷᠦᠩᠭᠡ ᠶᠢᠨ ᠡᠷᠬᠡᠳᠦ ᠬᠦᠮᠦᠨ ᠴᠢᠬᠤᠯᠠ ᠪᠦᠬᠦᠢ ᠲᠦᠬᠦᠮ ᠦᠵᠡᠬᠦᠯᠬᠦ ᠬᠡᠷᠡᠭᠳᠡᠢ᠃        ᠬᠤᠶᠠᠷ ᠵᠠᠭᠤ ᠶᠡᠷᠡᠨ ᠬᠤᠶᠠᠳᠣᠭᠠᠷ ᠵᠦᠢᠯ ᠦᠯᠦ ᠬᠦᠳᠡᠯᠬᠦ ᠬᠦᠷᠦᠩᠭᠡ ᠶᠢᠨ ᠡᠷᠭᠡᠳᠦ ᠬᠦᠮᠦᠨ ᠪᠠᠷᠢᠯᠭ᠎ᠠ ᠪᠠᠷᠢᠬᠤ᠂ ᠪᠠᠷᠢᠯᠭ᠎ᠠ ᠶᠢ ᠰᠡᠯᠪᠢᠨ ᠵᠠᠰᠠᠬᠤ ᠵᠢᠴᠢ ᠴᠠᠬᠢᠯᠭᠠᠨ ᠤᠳᠠᠰᠤ᠂ ᠴᠠᠬᠢᠯᠭᠠᠨ ᠲᠡᠭᠡᠰᠦ᠂ ᠤᠰᠤᠨ ᠬᠤᠭᠤᠯᠠᠢ᠂ ᠲᠤᠯᠠᠭᠠᠯᠠᠮᠵᠢ ᠪᠠ ᠰᠢᠳᠠᠮᠠᠬᠠᠢ ᠬᠡᠢ ᠶᠢᠨ ᠬᠤᠭᠤᠯᠠᠢ ᠤᠳᠠᠰᠤ ᠵᠡᠷᠭᠡ ᠶᠢ ᠲᠠᠳᠠᠵᠤ ᠲᠠᠭᠠᠷᠠᠭᠤᠯᠬᠤ ᠰᠢᠯᠳᠠᠭᠠᠨ ᠠᠴᠠ ᠪᠤᠯᠵᠥ ᠬᠦᠷᠰᠢ ᠵᠡᠷᠭᠡᠯᠡᠳᠡᠭᠡ ᠭᠠᠵᠠᠷ ᠰᠢᠷᠤᠢ᠂ ᠪᠠᠷᠢᠯᠭ᠎ᠠ ᠶᠢ ᠵᠠᠪᠠᠯ ᠠᠰᠢᠬᠯᠠᠬᠤ ᠭᠡᠷᠡᠭᠳᠠᠢ ᠪᠠᠶᠢᠪᠠᠯ᠂ ᠲᠤᠰ ᠭᠠᠵᠠᠷ ᠰᠢᠷᠤᠢ᠂ ᠪᠠᠷᠢᠯᠭ᠎ᠠ ᠶᠢᠨ ᠡᠷᠬᠡᠳᠦ ᠬᠦᠮᠦᠨ ᠴᠢᠬᠤᠯᠠ ᠪᠦᠬᠦᠢ ᠲᠦᠬᠦᠮ ᠦᠵᠡᠬᠦᠯᠬᠦ ᠬᠡᠷᠡᠭᠳᠡᠢ᠃        ᠬᠤᠶᠠᠷ ᠵᠠᠭᠤ ᠶᠡᠷᠡᠨ ᠭᠤᠷᠪᠠᠳᠣᠭᠠᠷ ᠵᠦᠢᠯ ᠪᠠᠷᠢᠯᠭ᠎ᠠ ᠪᠠᠷᠢᠬᠤ ᠳᠠᠭᠠᠨ ᠤᠯᠤᠰ ᠤᠨ ᠬᠤᠯᠪᠤᠭᠳᠠᠯ ᠪᠦᠬᠦᠢ ᠪᠠᠷᠢᠯᠭ᠎ᠠ ᠶᠢᠨ ᠪᠦᠳᠦᠭᠡᠨ ᠪᠠᠶᠢᠭᠤᠯᠤᠯᠳᠠ ᠶᠢᠨ ᠪᠠᠷᠢᠮᠵᠢᠶ᠎ᠠ ᠠᠴᠠ ᠵᠦᠷᠢᠴᠡᠵᠦ ᠪᠤᠯᠬᠤ ᠦᠬᠡᠢ᠂ ᠬᠦᠷᠰᠢ ᠵᠡᠷᠭᠡᠯᠡᠳᠡᠭᠡ ᠪᠠᠷᠢᠯᠭ᠎ᠠ ᠶᠢᠨ ᠰᠠᠯᠬᠢ ᠨᠡᠪᠳᠡᠷᠡᠬᠦ᠂ ᠬᠡᠷᠡᠯ ᠤᠷᠤᠬᠤ ᠪᠠ ᠨᠠᠷᠠ ᠲᠤᠰᠬᠤ ᠶᠢ ᠬᠠᠷᠰᠢᠯᠠᠵᠤ ᠪᠤᠯᠬᠤ ᠦᠭᠡᠢ᠃        ᠬᠤᠶᠠᠷ ᠵᠠᠭᠤ ᠶᠡᠷᠡᠨ ᠲᠥᠷᠪᠡᠳᠥᠭᠡᠷ ᠵᠦᠢᠯ ᠦᠯᠦ ᠬᠦᠳᠡᠯᠬᠦ ᠬᠦᠷᠦᠩᠭᠡ ᠶᠢᠨ ᠡᠷᠬᠡᠳᠦ ᠬᠦᠮᠦᠨ ᠤᠯᠤᠰ ᠤᠨ ᠲᠤᠭᠳᠠᠭᠠᠯ ᠠᠴᠠ ᠵᠦᠷᠢᠴᠡᠨ ᠬᠠᠳᠠᠭᠤ ᠪᠡᠶᠡᠳᠤ ᠬᠠᠶᠠᠭᠳᠠᠮᠠᠯ ᠪᠤᠳᠠᠰ ᠢ ᠬᠠᠶᠠᠵᠤ᠂ ᠠᠭᠠᠷ ᠮᠠᠨᠳᠠᠯ ᠤᠨ ᠪᠤᠬᠢᠷ ᠪᠤᠳᠠᠰ᠂ ᠤᠰᠤᠨ ᠤ ᠪᠤᠬᠢᠷ ᠪᠤᠳᠠᠰ᠂ ᠬᠦᠷᠦᠰᠦ ᠰᠢᠷᠤᠢ ᠶᠢᠨ ᠪᠤᠬᠢᠷ ᠪᠤᠳᠠᠰ᠂ ᠱᠤᠤᠬᠢᠶᠠᠨ᠂ ᠬᠡᠷᠡᠯ ᠤᠨ ᠰᠠᠴᠤᠷᠠᠯᠳᠠ᠂ ᠴᠠᠬᠢᠯᠭᠠᠨ ᠰᠤᠷᠢᠨᠵᠢᠨ ᠰᠠᠴᠤᠷᠠᠯᠳᠠ ᠵᠡᠷᠭᠡ ᠬᠤᠤᠷᠲᠠᠢ ᠪᠤᠳᠠᠰ ᠢ ᠭᠠᠳᠠᠭᠰᠢᠯᠠᠭᠤᠯᠵᠤ ᠪᠤᠯᠬᠤ ᠦᠭᠡᠢ᠃        ᠬᠤᠶᠠᠷ ᠵᠠᠭᠤ ᠶᠡᠷᠡᠨ ᠲᠠᠪᠣᠳᠣᠭᠠᠷ ᠵᠦᠢᠯ ᠦᠯᠦ ᠬᠦᠳᠡᠯᠬᠦ ᠬᠦᠷᠦᠩᠭᠡ ᠶᠢᠨ ᠡᠷᠭᠡᠳᠦ ᠬᠦᠮᠦᠨ ᠭᠠᠵᠠᠷ ᠰᠢᠷᠤᠢ ᠮᠠᠯᠳᠠᠬᠤ᠂ ᠪᠠᠷᠢᠯᠭ᠎ᠠ ᠪᠠᠷᠢᠬᠤ᠂ ᠬᠤᠭᠤᠯᠠᠢ ᠤᠳᠠᠰᠤ ᠲᠠᠳᠠᠵᠤ ᠲᠠᠭᠠᠷᠠᠭᠤᠯᠬᠤ ᠵᠢᠴᠢ ᠲᠤᠨᠤᠭ ᠲᠦᠬᠦᠭᠡᠷᠦᠮᠵᠢ ᠤᠭᠰᠠᠷᠠᠬᠤ ᠵᠡᠷᠭᠡ ᠠᠵᠢᠯ ᠢ ᠬᠢᠬᠦ ᠲᠡᠭᠡᠨ ᠬᠦᠷᠰᠢ ᠵᠡᠷᠭᠡᠯᠡᠳᠡᠭᠡ ᠦᠯᠦ ᠬᠦᠳᠡᠯᠬᠦ ᠬᠦᠷᠦᠩᠭᠡ ᠶᠢᠨ ᠠᠮᠣᠷ ᠲᠥᠪᠰᠢᠨ ᠳᠤ ᠠᠶᠤᠯ ᠤᠴᠠᠷᠠᠭᠤᠯᠵᠤ ᠪᠤᠯᠬᠤ ᠦᠭᠡᠢ᠃        ᠬᠤᠶᠠᠷ ᠵᠠᠭᠤ ᠶᠡᠷᠡᠨ ᠵᠢᠷᠭᠤᠳᠣᠭᠠᠷ ᠵᠦᠢᠯ ᠦᠯᠦ ᠬᠦᠳᠡᠯᠬᠦ ᠬᠦᠷᠦᠩᠭᠡ ᠶᠢᠨ ᠡᠷᠬᠡᠳᠦ ᠬᠦᠮᠦᠨ ᠤᠰᠤ ᠬᠡᠷᠡᠭᠯᠡᠬᠦ᠂ ᠤᠰᠤ ᠵᠠᠯᠠᠬᠤ᠂ ᠨᠡᠪᠳᠡᠷᠡᠨ ᠦᠡᠭᠭᠡᠷᠡᠬᠦ ᠂ ᠬᠤᠭᠤᠯᠠᠢ ᠤᠳᠠᠰᠤ ᠲᠠᠳᠠᠵᠤ ᠲᠠᠭᠠᠷᠠᠭᠤᠯᠬᠤ ᠵᠡᠷᠭᠡ ᠰᠢᠯᠳᠡᠭᠠᠨ ᠠᠴᠠ ᠪᠤᠯᠵᠤ ᠬᠦᠷᠰᠢ ᠵᠡᠷᠭᠡᠯᠡᠳᠡᠭᠡ ᠦᠯᠦ ᠬᠦᠳᠡᠯᠬᠦ ᠬᠦᠷᠦᠩᠭᠡ ᠶᠢ ᠠᠰᠢᠬᠯᠠᠬᠤ ᠳᠤ ᠬᠦᠷᠪᠡᠯ᠂ ᠬᠦᠷᠰᠢ ᠵᠡᠷᠭᠡᠯᠡᠳᠡᠭᠡ ᠦᠯᠦ ᠬᠦᠳᠡᠯᠬᠦ ᠬᠦᠷᠦᠩᠭᠡ ᠶᠢᠨ ᠡᠷᠬᠡᠳᠦ ᠬᠦᠮᠦᠨ ᠳᠤ ᠬᠤᠬᠢᠷᠠᠯ ᠤᠴᠠᠷᠠᠭᠤᠯᠬᠤ ᠠᠴᠠ ᠠᠯᠢ ᠴᠢᠳᠠᠬᠤ ᠪᠠᠷ ᠵᠠᠶᠢᠯᠠᠬᠤ ᠬᠡᠷᠡᠭᠳᠡᠢ᠃        ᠨᠠᠢᠮᠠᠳᠤᠭᠠᠷ ᠪᠦᠯᠦᠭ ᠬᠠᠮᠳᠤ ᠪᠠᠷ ᠦᠮᠴᠢᠯᠡᠬᠦ        ᠬᠤᠶᠠᠷ ᠵᠠᠭᠤ ᠶᠡᠷᠡᠨ ᠲᠣᠯᠣᠳᠣᠭᠠᠷ ᠵᠦᠢᠯ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠶᠢ ᠬᠤᠶᠠᠷ ᠠᠴᠠ ᠲᠡᠭᠡᠭᠰᠢ ᠵᠣᠬᠢᠶᠠᠨ ᠪᠠᠶᠢᠭᠤᠯᠣᠯᠳᠠ ᠂ ᠬᠤᠪᠢ ᠬᠦᠮᠦᠨ ᠬᠠᠮᠳᠤ ᠪᠠᠷ ᠦᠮᠴᠢᠯᠡᠵᠦ ᠪᠤᠯᠤᠨ᠎ᠠ᠃ ᠬᠠᠮᠳᠤ ᠪᠠᠷ ᠦᠮᠴᠢᠯᠡᠬᠦ ᠶᠢ ᠬᠤᠪᠢᠳᠠᠵᠤ ᠬᠠᠮᠳᠤ ᠪᠠᠷ ᠦᠮᠴᠢᠯᠡᠬᠦ ᠪᠠ ᠬᠠᠮᠳᠣᠷᠠᠵᠥ ᠬᠠᠮᠳᠤ ᠪᠠᠷ ᠦᠮᠴᠢᠯᠡᠬᠦ ᠭᠡᠵᠦ ᠬᠤᠪᠢᠶᠠᠨ᠎ᠠ᠃        ᠬᠤᠶᠠᠷ ᠵᠠᠭᠤ ᠶᠡᠷᠡᠨ ᠨᠠᠢᠮᠠᠳᠣᠭᠠᠷ ᠵᠦᠢᠯ ᠬᠤᠪᠢᠳᠠᠯᠳᠥ ᠬᠠᠮᠳᠤ ᠪᠠᠷ ᠦᠮᠴᠢᠯᠡᠭᠴᠢ ᠬᠠᠮᠳᠤ ᠪᠠᠷ ᠦᠮᠴᠢᠯᠡᠬᠦ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠳᠤ ᠬᠤᠪᠢᠳᠡᠴᠠ ᠪᠠᠷ ᠢᠶᠠᠨ ᠦᠮᠴᠢᠯᠡᠬᠦ ᠡᠷᠬᠡ ᠡᠳ᠋ᠯᠡᠨ᠎ᠠ᠃        ᠬᠤᠶᠠᠷ ᠵᠠᠭᠤ ᠶᠡᠷᠨ ᠶᠢᠰᠥᠳᠥᠭᠡᠷ ᠵᠦᠢᠯ ᠬᠠᠮᠳᠣᠷᠠᠨ ᠬᠠᠮᠳᠤ ᠪᠠᠷ ᠦᠮᠴᠢᠯᠡᠭᠴᠢ ᠬᠠᠮᠳᠤ ᠪᠠᠷ ᠦᠮᠴᠢᠯᠡᠬᠦ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠳᠤ ᠬᠠᠮᠲᠤ ᠳᠠᠭᠠᠨ ᠦᠮᠴᠢᠯᠡᠬᠦ ᠡᠷᠬᠡ ᠡᠳ᠋ᠯᠡᠨ᠎ᠠ᠃        ᠭᠤᠷᠪᠠᠨ ᠵᠠᠭᠤᠳᠣᠭᠠᠷ ᠵᠦᠢᠯ ᠬᠠᠮᠳᠤ ᠪᠠᠷ ᠦᠮᠴᠢᠯᠡᠭᠴᠢ ᠪᠤᠯᠵᠤᠯ ᠶᠤᠰᠤᠭᠠᠷ ᠬᠠᠮᠳᠤ ᠪᠠᠷ ᠦᠮᠴᠢᠯᠡᠬᠦ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠶᠢ ᠬᠠᠮᠢᠶᠠᠷᠤᠨ᠎ᠠ︔ ᠪᠤᠯᠵᠤᠯ ᠦᠭᠡᠢ ᠪᠤᠶᠤ ᠪᠤᠯᠵᠤᠯ ᠨᠢ ᠲᠤᠳᠤᠷᠬᠠᠢ ᠦᠭᠡᠢ ᠪᠠᠶᠢᠪᠠᠯ᠂ ᠡᠯ᠎ᠡ ᠬᠠᠮᠳᠤ ᠪᠠᠷ ᠦᠮᠴᠢᠯᠡᠭᠴᠢ ᠴᠦᠮ ᠬᠠᠮᠢᠶᠠᠷᠬᠤ ᠡᠷᠬᠡ ᠪᠠ ᠡᠭᠦᠷᠭᠡ ᠲᠠᠢ᠃        ᠭᠤᠷᠪᠠᠨ ᠵᠠᠭᠤ ᠪᠦᠭᠡᠳ ᠨᠢᠭᠡᠳᠥᠭᠡᠷ ᠵᠦᠢᠯ ᠬᠠᠮᠳᠤ ᠪᠠᠷ ᠦᠮᠴᠢᠯᠡᠬᠦ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠶᠢ ᠰᠢᠢᠳᠪᠦᠷᠢᠯᠡᠬᠦ ᠵᠢᠴᠢ ᠬᠠᠮᠳᠤ ᠪᠠᠷ ᠦᠮᠴᠢᠯᠡᠬᠦ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠳᠤ ᠴᠢᠬᠤᠯᠠ ᠶᠡᠭᠡ ᠰᠡᠯᠪᠢᠨ ᠵᠠᠰᠠᠯᠳᠠ ᠬᠢᠬᠦ᠂ ᠰᠢᠨᠵᠢ ᠴᠢᠨᠠᠷ ᠪᠣᠶᠣ ᠬᠡᠷᠡᠭᠴᠡᠭᠡ ᠶᠢ ᠨᠢ ᠬᠤᠪᠢᠷᠠᠭᠤᠯᠬᠤ ᠳᠤ ᠬᠦᠷᠪᠡᠯ᠂ ᠬᠤᠪᠢᠳᠡᠴᠠ ᠶᠢᠨ ᠭᠤᠷᠪᠠᠨ ᠤ ᠬᠤᠶᠠᠷ ᠠᠴᠠ ᠲᠡᠭᠡᠭᠰᠢᠬᠢ ᠶᠢ ᠡᠵᠡᠯᠡᠬᠦ ᠬᠤᠪᠢᠳᠠᠯᠳᠥ ᠬᠠᠮᠳᠤ ᠪᠠᠷ ᠦᠮᠴᠢᠯᠡᠭᠴᠢ ᠪᠤᠶᠤ ᠪᠤᠢ ᠪᠦᠬᠦᠢ ᠬᠠᠮᠳᠣᠷᠠᠠ ᠬᠠᠮᠳᠤ ᠪᠠᠷ ᠦᠮᠴᠢᠯᠡᠭᠴᠢ ᠪᠠᠷ ᠵᠦᠪᠰᠢᠶᠡᠷᠡᠬᠦᠯᠬᠦ ᠬᠡᠷᠡᠭᠳᠡᠢ᠂ ᠭᠡᠪᠡᠴᠦ ᠬᠠᠮᠳᠤ ᠪᠠᠷ ᠦᠮᠴᠢᠯᠡᠭᠴᠢ ᠬᠤᠭᠤᠷᠤᠨᠳᠤ ᠪᠠᠨ ᠠᠰᠳᠠᠭᠠᠨ ᠪᠤᠯᠵᠤᠯ ᠲᠠᠢ ᠨᠢ ᠡᠬᠦᠨ ᠳᠤ ᠪᠠᠭᠳᠠᠬᠤ ᠦᠭᠡᠢ᠃        ᠭᠤᠷᠪᠠᠨ ᠵᠠᠭᠤ ᠪᠦᠭᠡᠳ ᠬᠤᠶᠠᠳᠣᠭᠠᠷ ᠵᠦᠢᠯ ᠬᠠᠮᠳᠣ ᠪᠠᠷ ᠥᠮᠴᠢᠯᠡᠭᠴᠢ ᠬᠠᠮᠳᠤ ᠪᠠᠷ ᠦᠮᠴᠢᠯᠡᠬᠦ ᠪᠤᠳᠠᠰ ᠤᠨ ᠬᠠᠮᠢᠶᠠᠷᠤᠯᠳᠠ ᠶᠢᠨ ᠵᠠᠷᠤᠳᠠᠯ ᠵᠢᠴᠢ ᠪᠤᠰᠤᠳ ᠡᠬᠦᠷᠭᠡᠯᠡᠯ ᠤᠨ ᠲᠣᠬᠠᠢ ᠪᠤᠯᠵᠤᠯ ᠲᠠᠢ ᠪᠠᠶᠢᠪᠠᠯ ᠪᠤᠯᠵᠤᠯ ᠶᠤᠰᠤᠭᠠᠷ ᠬᠥᠢᠴᠡᠳᠭᠡᠨ᠎ᠠ︔ ᠪᠤᠯᠵᠤᠯ ᠦᠭᠡᠢ ᠪᠤᠶᠤ ᠪᠤᠯᠵᠤᠯ ᠨᠢ ᠲᠤᠳᠤᠷᠬᠠᠢ ᠦᠭᠡᠢ ᠪᠠᠶᠢᠪᠠᠯ᠂ ᠬᠤᠪᠢᠳᠠᠯᠳᠥ ᠬᠠᠮᠳᠤ ᠪᠠᠷ ᠦᠮᠴᠢᠯᠡᠭᠴᠢ ᠬᠤᠪᠢᠳᠡᠴᠠ ᠪᠠᠷ ᠢᠶᠠᠨ ᠡᠬᠦᠷᠭᠡᠯᠡᠵᠦ᠂ ᠬᠠᠮᠳᠣᠷᠠᠨ ᠬᠠᠮᠳᠤ ᠪᠠᠷ ᠦᠮᠴᠢᠯᠡᠭᠴᠢ ᠬᠠᠮᠳᠤ ᠪᠠᠷ ᠡᠬᠦᠷᠭᠡᠯᠡᠨ᠎ᠡ᠃        ᠭᠤᠷᠪᠠᠨ ᠵᠠᠭᠤ ᠪᠦᠭᠡᠳ ᠭᠤᠷᠪᠠᠳᠣᠭᠠᠷ ᠵᠦᠢᠯ ᠬᠠᠮᠳᠤ ᠪᠠᠷ ᠦᠮᠴᠢᠯᠡᠬᠦ ᠬᠠᠷᠢᠴᠠᠭ᠎ᠠ ᠶᠢ ᠬᠠᠮᠠᠭᠠᠯᠠᠬᠤ ᠶᠢᠨ ᠲᠦᠯᠦᠭᠡ᠂ ᠬᠠᠮᠳᠤ ᠪᠠᠷ ᠦᠮᠴᠢᠯᠡᠬᠦ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠶᠢ ᠰᠠᠯᠭᠠᠵᠤ ᠪᠤᠯᠬᠤ ᠦᠭᠡᠢ ᠭᠡᠵᠦ ᠬᠠᠮᠳᠤ ᠪᠠᠷ ᠦᠮᠴᠢᠯᠡᠭᠴᠢ ᠪᠤᠯᠵᠤᠨ ᠲᠤᠭᠳᠠᠭᠰᠠᠨ ᠪᠠᠶᠢᠪᠠᠯ᠂ ᠪᠤᠯᠵᠤᠯ ᠶᠤᠰᠤᠭᠠᠷ ᠭᠦᠢᠴᠡᠳᠬᠡᠬᠦ ᠬᠡᠷᠡᠭᠳᠡᠢ᠂ ᠭᠡᠪᠡᠴᠦ ᠬᠠᠮᠳᠤ ᠪᠠᠷ ᠦᠮᠴᠢᠯᠡᠭᠴᠢ ᠴᠢᠬᠤᠯᠠ ᠶᠡᠭᠡ ᠤᠴᠢᠷ ᠰᠢᠯᠳᠠᠭᠠᠨ ᠲᠠᠢ ᠠᠴᠠ ᠪᠤᠯᠵᠤ ᠰᠠᠯᠭᠠᠬᠤ ᠴᠢᠬᠤᠯᠠᠲᠠᠢ ᠪᠠᠶᠢᠪᠠᠯ᠂ ᠰᠠᠯᠭᠠᠬᠤ ᠪᠠᠷ ᠭᠤᠶᠤᠴᠢᠯᠠᠵᠤ ᠪᠤᠯᠤᠨ᠎ᠠ︔ ᠪᠤᠯᠵᠤᠯ ᠦᠭᠡᠢ ᠪᠤᠶᠤ ᠪᠤᠯᠵᠤᠯ ᠨᠢ ᠲᠤᠳᠤᠷᠬᠠᠢ ᠦᠭᠡᠢ ᠪᠠᠶᠢᠪᠠᠯ᠂ ᠬᠤᠪᠢᠳᠠᠯᠳᠥ ᠬᠠᠮᠳᠤ ᠪᠠᠷ ᠦᠮᠴᠢᠯᠡᠭᠴᠢ ᠬᠡᠵᠢᠶ᠎ᠡ ᠴᠤ ᠭᠡᠰᠡᠨ ᠰᠠᠯᠭᠠᠬᠤ ᠪᠠᠷ ᠭᠤᠶᠤᠴᠢᠯᠠᠵᠤ ᠪᠤᠯᠤᠨ᠎ᠠ᠂ ᠬᠠᠮᠳᠣᠷᠠᠨ ᠬᠠᠮᠳᠤ ᠪᠠᠷ ᠦᠮᠴᠢᠯᠡᠭᠴᠢ ᠬᠠᠮᠳᠤ ᠪᠠᠷ ᠦᠮᠴᠢᠯᠡᠬᠦ ᠰᠠᠭᠤᠷᠢ ᠪᠠᠨ ᠠᠯᠳᠠᠭᠰᠠᠨ ᠪᠤᠶᠤ ᠴᠢᠬᠤᠯᠠ ᠶᠡᠭᠡ ᠤᠴᠢᠷ ᠰᠢᠯᠳᠠᠭᠠᠨ ᠲᠠᠢ ᠠᠴᠠ ᠪᠤᠯᠵᠥ ᠰᠠᠯᠭᠠᠬᠤ ᠬᠡᠷᠡᠭᠴᠡᠭᠡ ᠲᠠᠢ ᠪᠤᠯᠤᠭᠰᠠᠨ ᠦᠶ᠎ᠡ ᠳᠤ ᠰᠠᠯᠭᠠᠬᠤ ᠪᠠᠷ ᠭᠤᠶᠤᠴᠢᠯᠠᠵᠤ ᠪᠤᠯᠤᠨ᠎ᠠ᠃ ᠰᠠᠯᠭᠠᠬᠰᠠᠨ ᠠᠴᠠ ᠪᠤᠯᠵᠤ ᠪᠤᠰᠤᠳ ᠬᠠᠮᠳᠤ ᠪᠠᠷ ᠦᠮᠴᠢᠯᠡᠭᠴᠢ ᠳᠤ ᠬᠤᠬᠢᠷᠠᠯ ᠤᠴᠠᠷᠠᠭᠤᠯᠤᠭᠰᠠᠨ ᠪᠠᠶᠢᠪᠠᠯ ᠲᠦᠯᠤᠪᠤᠷᠢ ᠦᠭᠬᠦ ᠬᠡᠷᠡᠭᠳᠡᠢ᠃        ᠭᠤᠷᠪᠠᠨ ᠵᠠᠭᠤ ᠪᠦᠭᠡᠳ ᠲᠥᠷᠪᠡᠳᠥᠭᠡᠷ ᠵᠦᠢᠯ ᠬᠠᠮᠳᠤ ᠪᠠᠷ ᠦᠮᠴᠢᠯᠡᠭᠴᠢ ᠰᠠᠯᠭᠠᠬᠤ ᠠᠷᠭ᠎ᠠ ᠮᠠᠶ᠋ᠢᠭ ᠢ ᠵᠥᠪᠳᠡᠯᠴᠡᠨ ᠲᠤᠭᠳᠠᠭᠠᠵᠤ ᠪᠤᠯᠤᠨ᠎ᠠ᠃ ᠬᠡᠯᠡᠯᠴᠡᠭᠡᠷ ᠲᠣᠬᠢᠷᠠᠵᠥ ᠲᠡᠶᠢᠯᠬᠦ ᠦᠭᠡᠢ᠂ ᠬᠠᠮᠳᠤ ᠪᠠᠷ ᠦᠮᠴᠢᠯᠡᠬᠦ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠶᠢ ᠰᠠᠯᠭᠠᠵᠤ ᠪᠤᠯᠬᠤ ᠮᠦᠷᠳᠡᠭᠡᠨ ᠰᠠᠯᠭᠠᠬᠰᠠᠨ ᠠᠴᠠ ᠪᠤᠯᠤᠭᠠᠳ ᠦᠷᠳᠡᠭ ᠨᠢ ᠬᠠᠰᠤᠭᠳᠠᠬᠤ ᠦᠭᠡᠢ ᠪᠠᠶᠢᠪᠠᠯ᠂ ᠪᠤᠳᠠᠳᠠᠢ ᠪᠤᠳᠠᠰ ᠢ ᠨᠢ ᠰᠠᠯᠭᠠᠬᠤ ᠬᠡᠷᠡᠭᠳᠡᠢ︔ ᠰᠠᠯᠭᠠᠬᠤ ᠳᠤ ᠬᠦᠴᠢᠷᠲᠠᠢ ᠪᠤᠶᠤ ᠰᠠᠯᠭᠠᠭᠰᠠᠨ ᠠᠴᠠ ᠪᠤᠯᠤᠭᠠᠳ ᠦᠷᠳᠡᠭ ᠨᠢ ᠬᠠᠰᠤᠭᠳᠠᠬᠤ ᠳᠤ ᠬᠥᠷᠪᠡᠯ᠂ ᠦᠨ᠎ᠠ ᠨᠤᠭᠤᠯᠤᠨ ᠪᠤᠳᠤᠬᠰᠠᠨ ᠪᠤᠶᠤ ᠦᠨ᠎ᠡ ᠬᠠᠶᠠᠨ ᠬᠤᠳᠠᠯᠳᠤᠵᠥ᠂ ᠬᠤᠪᠢᠷᠠᠭᠤᠯᠣᠨ ᠬᠤᠳᠠᠯᠳᠤᠵᠥ ᠤᠯᠤᠭᠰᠠᠨ ᠦᠨ᠎ᠡ ᠶᠢᠨ ᠵᠤᠭᠤᠰ ᠢ ᠨᠢ ᠰᠠᠯᠭᠠᠬᠤ ᠬᠡᠷᠡᠭᠳᠡᠢ᠃        ᠬᠠᠮᠳᠤ ᠪᠠᠷ ᠦᠮᠴᠢᠯᠡᠭᠴᠢ ᠶᠢᠨ ᠰᠠᠯᠭᠠᠵᠤ ᠤᠯᠤᠭᠰᠠᠨ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠨᠢ ᠦ ᠰᠡᠪ ᠲᠠᠢ ᠪᠠᠶᠢᠪᠠᠯ᠂ ᠪᠤᠰᠤᠳ ᠬᠠᠮᠳᠤ ᠪᠠᠷ ᠦᠮᠴᠢᠯᠡᠭᠴᠢ ᠬᠤᠬᠢᠷᠠᠯ ᠢ ᠬᠤᠪᠢᠶᠠᠨ ᠡᠬᠦᠷᠭᠡᠯᠡᠬᠦ ᠬᠡᠷᠡᠭᠳᠡᠢ᠃        ᠭᠤᠷᠪᠠᠨ ᠵᠠᠭᠤ ᠪᠦᠭᠡᠳ ᠲᠠᠪᠣᠳᠣᠭᠠᠷ ᠵᠦᠢᠯ ᠬᠤᠪᠢᠳᠠᠯᠳᠥ ᠬᠠᠮᠳᠤ ᠪᠠᠷ ᠦᠮᠴᠢᠯᠡᠭᠴᠢ ᠦᠪᠡᠷ ᠤᠨ ᠡᠳ᠋ᠯᠡᠵᠥ ᠪᠥᠬᠦᠢ ᠬᠠᠮᠳᠤ ᠪᠠᠷ ᠦᠮᠴᠢᠯᠡᠬᠦ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠶᠢᠨ ᠬᠤᠪᠢᠳᠠᠴᠠ ᠪᠠᠨ ᠰᠢᠯᠵᠢᠬᠦᠯᠦᠨ ᠦᠭᠴᠦ ᠪᠤᠯᠤᠨ᠎ᠠ᠃ ᠪᠤᠰᠤᠳ ᠬᠠᠮᠳᠤ ᠪᠠᠷ ᠦᠮᠴᠢᠯᠡᠭᠴᠢ ᠠᠳᠠᠯᠢᠬᠠᠨ ᠨᠦᠬᠦᠴᠡᠯ ᠤᠨ ᠲᠤᠤᠷ᠎ᠠ ᠤᠷᠢᠳ ᠢᠶᠠᠷ ᠬᠤᠳᠠᠯᠳᠤᠨ ᠠᠪᠬᠤ ᠡᠷᠬᠡ ᠲᠠᠢ᠃        ᠭᠤᠷᠪᠠᠨ ᠵᠠᠭᠤ ᠪᠦᠭᠡᠳ ᠵᠢᠷᠭᠤᠳᠣᠭᠠᠷ ᠵᠦᠢᠯ ᠬᠤᠪᠢᠳᠠᠯᠳᠥ ᠬᠠᠮᠳᠣ ᠪᠠᠷ ᠥᠮᠴᠢᠯᠡᠭᠴᠢ ᠥᠪᠡᠷ ᠤᠨ ᠡᠳ᠋ᠯᠡᠵᠥ ᠪᠥᠬᠦᠢ ᠬᠠᠮᠳᠣ ᠪᠠᠷ ᠥᠮᠴᠢᠯᠡᠬᠦ ᠥᠯᠥ ᠬᠥᠳᠡᠯᠬᠦ ᠬᠥᠷᠥᠩᠭᠡ ᠪᠣᠶᠣ ᠬᠥᠳᠡᠯᠬᠦ ᠬᠥᠷᠥᠩᠭᠡ ᠶᠢᠨ ᠬᠤᠪᠢᠳᠠᠴᠠ ᠪᠠᠨ ᠰᠢᠯᠵᠢᠬᠦᠯᠥᠨ ᠥᠭᠭᠦ ᠳᠤ᠂ ᠰᠢᠯᠵᠢᠬᠦᠯᠥᠨ ᠥᠭᠭᠦ ᠨᠥᠬᠦᠴᠡᠯ ᠢᠶᠠᠨ ᠪᠣᠰᠣᠳ ᠬᠠᠮᠳᠣ ᠪᠠᠷ ᠥᠮᠴᠢᠯᠡᠭᠴᠢ ᠳᠤ ᠴᠠᠭ ᠲᠣᠬᠠᠢ ᠳᠤᠨᠢ ᠮᠡᠳᠡᠭᠳᠡᠬᠦ ᠬᠡᠷᠡᠭᠳᠡᠢ᠃ ᠪᠣᠰᠣᠳ ᠬᠠᠮᠳᠣ ᠪᠠᠷ ᠥᠮᠴᠢᠯᠡᠭᠴᠢ ᠵᠥᠢ ᠵᠣᠬᠢᠰᠳᠡᠢ ᠬᠤᠭᠤᠴᠠᠭᠠᠨ ᠲᠣᠳᠣᠷ᠎ᠠ ᠣᠷᠢᠳ ᠢᠶᠠᠷ ᠬᠤᠳᠠᠯᠳᠣᠨ ᠠᠪᠬᠤ ᠡᠷᠭᠡ ᠪᠠᠨ ᠬᠡᠷᠡᠭᠵᠢᠬᠦᠯᠬᠦ ᠬᠡᠷᠡᠭᠳᠡᠢ᠃        ᠬᠤᠶᠠᠷ ᠠᠴᠠ ᠲᠡᠭᠡᠭᠰᠢ ᠪᠣᠰᠣᠳ ᠬᠠᠮᠳᠣ ᠪᠠᠷ ᠥᠮᠴᠢᠯᠡᠭᠴᠢ ᠣᠷᠢᠳ ᠢᠶᠠᠷ ᠬᠤᠳᠠᠯᠳᠣᠨ ᠠᠪᠬᠤ ᠡᠷᠭᠡ ᠪᠠᠨ ᠬᠡᠷᠡᠭᠵᠢᠬᠦᠯᠬᠦ ᠪᠠᠷ ᠵᠣᠷᠢᠭᠰᠠᠨ ᠪᠠᠶᠢᠪᠠᠯ᠂ ᠲᠣᠰ ᠲᠣᠰ ᠤᠨ ᠬᠤᠳᠠᠯᠳᠣᠨ ᠠᠪᠬᠤ ᠬᠠᠷᠢᠴᠠᠯ ᠢᠶᠠᠨ ᠵᠥᠪᠳᠡᠯᠴᠡᠨ ᠲᠣᠭᠳᠠᠭᠠᠨ᠎ᠠ︔ ᠵᠥᠪᠳᠡᠯᠴᠡᠭᠡᠳ ᠪᠥᠳᠥᠭᠰᠡᠨ ᠥᠭᠡᠢ ᠪᠠᠶᠢᠪᠠᠯ᠂ ᠰᠢᠯᠵᠢᠬᠦᠯᠥᠨ ᠥᠭᠭᠦ ᠥᠶ᠎ᠠ ᠶᠢᠨ ᠲᠣᠰ ᠲᠣᠰ ᠤᠨ ᠬᠠᠮᠳᠣ ᠪᠠᠷ ᠥᠮᠴᠢᠯᠡᠬᠦ ᠬᠤᠪᠢᠳᠡᠴᠠ ᠶᠢᠨ ᠬᠠᠷᠢᠴᠠᠯ ᠢᠶᠠᠷ ᠢᠶᠠᠨ ᠣᠷᠢᠳ ᠢᠶᠠᠷ ᠬᠤᠳᠠᠯᠳᠣᠨ ᠠᠪᠬᠤ ᠡᠷᠭᠡ ᠪᠠᠨ ᠬᠡᠷᠡᠭᠵᠢᠬᠦᠯᠥᠨ᠎ᠠ᠃        ᠭᠤᠷᠪᠠᠨ ᠵᠠᠭᠤ ᠪᠦᠭᠡᠳ ᠲᠣᠯᠣᠳᠣᠭᠠᠷ ᠵᠦᠢᠯ ᠬᠠᠮᠳᠤ ᠪᠠᠷ ᠦᠮᠴᠢᠯᠡᠭᠦ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠠᠴᠠ ᠪᠤᠢ ᠪᠤᠯᠤᠭᠰᠠᠨ ᠠᠪᠴᠠᠭ᠎ᠠ ᠦᠭᠴᠡᠭᠡ ᠶᠢᠨ ᠭᠠᠳᠠᠭᠠᠳᠤ ᠬᠠᠷᠢᠴᠠᠭ᠎ᠠ ᠶᠢᠨ ᠲᠠᠯ᠎ᠠ ᠪᠠᠷ᠂ ᠬᠠᠮᠳᠤ ᠪᠠᠷ ᠦᠮᠴᠢᠯᠡᠭᠴᠢ ᠬᠤᠯᠪᠤᠯᠳᠤᠭᠰᠠᠨ ᠠᠪᠴᠠᠭ᠎ᠠ ᠡᠳ᠋ᠯᠡᠵᠥ ᠬᠤᠯᠪᠤᠯᠳᠤᠭᠰᠠᠨ ᠦᠭᠴᠡᠭᠡ ᠡᠬᠦᠷᠭᠡᠯᠡᠨ᠎ᠡ᠂ ᠬᠡᠪᠡᠴᠦ ᠬᠠᠤᠯᠢ ᠴᠠᠭᠠᠵᠠ ᠳᠤ ᠠᠰᠳᠠᠭᠠᠨ ᠲᠤᠭᠳᠠᠭᠠᠯ ᠲᠠᠢ ᠪᠤᠶᠤ ᠭᠤᠷᠪᠠᠳᠠᠬᠢ ᠬᠦᠮᠦᠨ ᠬᠠᠮᠳᠤ ᠪᠠᠷ ᠦᠮᠴᠢᠯᠡᠭᠴᠢ ᠶᠢᠨ ᠬᠤᠯᠪᠤᠯᠳᠤᠭᠰᠠᠨ ᠠᠪᠴᠠᠭ᠎ᠠ ᠦᠭᠴᠡᠭᠡ ᠶᠢᠨ ᠬᠠᠷᠢᠴᠠᠭ᠎ᠠ ᠪᠠᠶᠢᠬᠤ ᠦᠭᠡᠢ ᠶᠢ ᠮᠡᠳᠡᠬᠦ ᠨᠢ ᠡᠬᠦᠨ ᠳᠤ ᠪᠠᠭᠳᠠᠬᠤ ᠦᠭᠡᠢ︔ ᠬᠠᠮᠳᠤ ᠪᠠᠷ ᠦᠮᠴᠢᠯᠡᠭᠴᠢ ᠶᠢᠨ ᠲᠤᠳᠤᠭᠠᠳᠤ ᠬᠠᠷᠢᠴᠠᠭ᠎ᠠ ᠶᠢᠨ ᠲᠠᠯ᠎ᠠ ᠪᠠᠷ᠂ ᠬᠠᠮᠳᠤ ᠪᠠᠷ ᠦᠮᠴᠢᠯᠡᠭᠴᠢ ᠠᠰᠳᠠᠭᠠᠨ ᠪᠤᠯᠵᠤᠯ ᠲᠠᠢ ᠪᠠᠶᠢᠬᠤ ᠶᠢ ᠭᠠᠷᠭᠠᠪᠠᠯ᠂ ᠬᠤᠪᠢᠳᠠᠯᠳᠥ ᠬᠠᠮᠳᠤ ᠪᠠᠷ ᠦᠮᠴᠢᠯᠡᠭᠴᠢ ᠬᠤᠪᠢᠳᠠᠴᠠ ᠪᠠᠷ ᠢᠶᠠᠨ ᠠᠪᠴᠠᠭ᠎ᠠ ᠡᠳ᠋ᠯᠡᠵᠤ ᠦᠭᠴᠡᠭᠡ ᠡᠬᠦᠷᠭᠡᠯᠡᠨ᠎ᠠ᠂ ᠬᠠᠮᠳᠣᠷᠠᠨ ᠬᠠᠮᠳᠤ ᠪᠠᠷ ᠦᠮᠴᠢᠯᠡᠭᠴᠢ ᠬᠠᠮᠳᠤ ᠪᠠᠷ ᠠᠪᠴᠠᠭ᠎ᠠ ᠡᠳ᠋ᠯᠡᠵᠤ ᠦᠭᠴᠡᠭᠡ ᠡᠬᠦᠷᠭᠡᠯᠡᠨ᠎ᠠ᠃ ᠲᠦᠯᠦᠬᠦ ᠦᠭᠴᠡᠭᠡ ᠨᠢ ᠦᠪᠡᠷ ᠤᠨ ᠡᠬᠦᠷᠭᠡᠯᠡᠬᠦ ᠶᠤᠰᠤᠳᠠᠢ ᠬᠤᠪᠢᠳᠠᠴᠠ ᠠᠴᠠ ᠬᠡᠳᠦᠷᠡᠭᠰᠡᠨ ᠬᠤᠪᠢᠳᠠᠯᠳᠥ ᠬᠠᠮᠳᠤ ᠪᠠᠷ ᠦᠮᠴᠢᠯᠡᠭᠴᠢ ᠪᠤᠰᠤᠳ ᠬᠠᠮᠳᠤ ᠪᠠᠷ ᠦᠮᠴᠢᠯᠡᠭᠴᠢ ᠪᠠᠷ ᠨᠡᠬᠡᠮᠵᠢᠯᠡᠨ ᠲᠦᠯᠦᠬᠦᠯᠬᠦ ᠡᠷᠬᠡ ᠲᠠᠢ᠃        ᠭᠤᠷᠪᠠᠨ ᠵᠠᠭᠤ ᠪᠦᠭᠡᠳ ᠨᠠᠢᠮᠠᠳᠤᠭᠠᠷ ᠵᠦᠢᠯ ᠬᠠᠮᠳᠤ ᠪᠠᠷ ᠦᠮᠴᠢᠯᠡᠭᠴᠢ ᠬᠠᠮᠳᠤ ᠪᠠᠷ ᠦᠮᠴᠢᠯᠡᠬᠦ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠪᠠᠨ ᠬᠤᠪᠢᠳᠠᠵᠤ ᠬᠠᠮᠳᠤ ᠪᠠᠷ ᠦᠮᠴᠢᠯᠡᠬᠦ ᠪᠤᠶᠤ ᠬᠠᠮᠳᠣᠷᠠᠨ ᠬᠠᠮᠳᠤ ᠪᠠᠷ ᠦᠮᠴᠢᠯᠡᠬᠦ ᠪᠠᠷ ᠪᠤᠯᠵᠤᠨ ᠲᠣᠭᠳᠠᠭᠰᠠᠨ ᠦᠭᠡᠢ᠂ ᠡᠰᠡᠬᠦᠯ᠎ᠡ ᠪᠤᠯᠵᠤᠨ ᠲᠣᠭᠲᠠᠭᠰᠠᠨ ᠨᠢ ᠲᠤᠳᠤᠷᠬᠠᠢ ᠦᠭᠡᠢ ᠪᠠᠶᠢᠪᠠᠯ᠂ ᠬᠠᠮᠳᠤ ᠪᠠᠷ ᠦᠮᠴᠢᠯᠡᠭᠴᠢ ᠭᠡᠷ ᠪᠦᠯᠢ ᠶᠢᠨ ᠬᠠᠷᠢᠴᠠᠭ᠎ᠠ ᠲᠠᠢ ᠪᠠᠶᠢᠬᠤ ᠵᠡᠷᠭᠡ ᠶᠢ ᠭᠠᠷᠭᠠᠪᠠᠯ᠂ ᠬᠤᠪᠢᠳᠠᠵᠤ ᠬᠠᠮᠳᠤ ᠪᠠᠷ ᠦᠮᠴᠢᠯᠡᠨ᠎ᠠ ᠭᠡᠵᠦ ᠦᠵᠡᠨ᠎ᠡ᠃        ᠭᠤᠷᠪᠠᠨ ᠵᠠᠭᠤ ᠪᠦᠭᠡᠳ ᠶᠢᠰᠥᠳᠥᠭᠡᠷ ᠵᠦᠢᠯ ᠬᠤᠪᠢᠳᠠᠯᠳᠥ ᠬᠠᠮᠳᠤ ᠪᠠᠷ ᠦᠮᠴᠢᠯᠡᠭᠴᠢ ᠬᠠᠮᠳᠤ ᠪᠠᠷ ᠦᠮᠴᠢᠯᠡᠬᠦ ᠦᠯᠦ ᠬᠦᠳᠡᠯᠬᠦ ᠬᠦᠷᠦᠩᠭᠡ ᠪᠤᠶᠤ ᠬᠦᠳᠡᠯᠬᠦ ᠬᠦᠷᠦᠩᠭᠡ ᠳᠤ ᠡᠳ᠋ᠯᠡᠬᠦ ᠬᠤᠪᠢᠳᠡᠴᠠ ᠶᠢᠨ ᠢᠶᠠᠨ ᠲᠣᠬᠠᠢ ᠪᠤᠯᠵᠤᠨ ᠲᠤᠭᠲᠠᠭᠰᠠᠨ ᠦᠭᠡᠢ ᠪᠤᠶᠤ ᠪᠤᠯᠵᠤᠨ ᠲᠤᠭᠲᠠᠭᠰᠠᠨ ᠨᠢ ᠲᠤᠳᠤᠷᠬᠠᠢ ᠦᠭᠡᠢ ᠪᠠᠶᠢᠪᠠᠯ᠂ ᠭᠠᠷᠭᠠᠭᠰᠠᠨ ᠪᠡᠯᠡ ᠶᠢᠨ ᠬᠢᠨᠢ ᠲᠤᠭ᠎ᠠ ᠪᠠᠷ ᠲᠤᠭᠳᠠᠭᠠᠨ᠎ᠠ︔ ᠭᠠᠷᠭᠠᠭᠰᠠᠨ ᠪᠡᠯᠡ ᠶᠢᠨ ᠲᠤᠭ᠎ᠠ ᠶᠢ ᠨᠢ ᠲᠤᠭᠳᠠᠭᠠᠵᠤ ᠲᠡᠶᠢᠯᠬᠦ ᠦᠭᠡᠢ ᠪᠠᠶᠢᠪᠠᠯ᠂ ᠲᠡᠩᠴᠡᠬᠦᠦ ᠲᠤᠭ᠎ᠠ ᠪᠠᠷ ᠡᠳ᠋ᠯᠡᠨ᠎ᠠ ᠭᠡᠵᠦ ᠦᠵᠡᠨ᠎ᠡ᠃        ᠭᠤᠷᠪᠠᠨ ᠵᠠᠭᠤ ᠠᠷᠪᠠᠳᠦᠭᠠᠷ ᠵᠦᠢᠯ ᠬᠤᠶᠠᠷ ᠠᠴᠠ ᠲᠡᠭᠡᠭᠰᠢ ᠵᠣᠭᠢᠶᠠᠨ ᠪᠠᠶᠢᠭᠤᠯᠣᠯᠳᠠ᠂ ᠬᠤᠪᠢ ᠬᠦᠮᠦᠨ ᠠᠰᠢᠭ ᠤᠯᠬᠤ ᠪᠤᠳᠠᠰ ᠤᠨ ᠡᠷᠬᠡ᠂ ᠲᠠᠭᠠᠭᠠᠯᠳᠠᠳᠦ ᠪᠤᠳᠠᠰ ᠤᠨ ᠡᠷᠬᠡ ᠶᠢ ᠬᠠᠮᠳᠤ ᠪᠠᠷ ᠡᠳ᠋ᠯᠡᠵᠤ ᠪᠠᠶᠢᠪᠠᠯ᠂ ᠲᠤᠰ ᠪᠦᠯᠦᠭ ᠤᠨ ᠬᠤᠯᠪᠣᠭᠳᠠᠯ ᠪᠦᠭᠦᠢ ᠲᠤᠭᠳᠠᠭᠠᠯ ᠢ ᠯᠠᠪᠯᠠᠯᠳᠠ ᠪᠤᠯᠭᠠᠵᠦ ᠲᠣᠭᠢᠷᠠᠭᠤᠯᠣᠨ ᠭᠡᠷᠡᠭᠯᠡᠨ᠎ᠠ᠃        ︵ᠦᠷᠬᠦᠯᠵᠢᠯᠡᠯ ᠪᠤᠢ︶
ᠢᠷᠡᠯᠲᠡ᠄ ᠣᠷᠳᠣᠰ ᠮᠤᠩᠭᠤᠯ ᠰᠦᠯᠵᠢᠶ᠎ᠡ