︽ᠳ᠋ᠧᠯᠲ᠋ᠠ︾ ᠶᠢᠨ ᠲᠤᠬᠠᠢ ᠡᠷᠬᠡ ᠰᠦᠷᠲᠦ ᠬᠠᠷᠢᠭᠤᠯᠲᠠ
ᠨᠡᠶᠢᠲᠡᠯᠡᠭᠰᠡᠨ ᠴᠠᠭ᠄
2021/8/26
          ᠳ᠋ᠧᠯᠲ᠋ᠠ ᠣᠨᠳᠣᠣᠰᠢᠭᠰᠠᠨ ᠸᠢᠷᠦ᠋ᠰ ᠪᠣᠯ ᠣᠳᠣᠬᠠᠨ ᠳᠤ  ᠪᠦᠬᠦ  ᠪᠥᠮᠪᠥᠷᠴᠡᠭ ᠤᠨ  ᠰᠢᠨ᠎ᠡ  ᠲᠢᠲᠢᠮᠯᠢᠭ  ᠠᠭᠤᠰᠬᠢᠨ‌ᠦᠷᠪᠢᠰᠦᠯ ᠤᠨ ᠬᠢᠵᠢᠭ ᠤᠨ ᠪᠠᠶᠢᠳᠠᠯ ᠳᠡᠯᠭᠡᠷᠡᠭᠰᠡᠨ ᠭᠤᠣᠯ ᠬᠤᠣᠷᠲᠤ  ᠪᠣᠳᠠᠰ  ᠪᠣᠯᠤᠨ᠎ᠠ᠃  ᠳ᠋ᠧᠯᠲ᠋ᠠ ᠶᠢᠨ  ᠣᠨᠳᠣᠣᠰᠢᠯ ‍ᠤᠨ‌ᠣᠨᠴᠠᠯᠢᠭ᠂ ᠤᠳᠤ ᠶᠢᠨ ᠰᠡᠷᠭᠡᠶᠢᠯᠡᠨ ᠡᠵᠡᠮᠳᠡᠬᠦ  ᠠᠷᠭ᠎ᠠ  ᠬᠡᠮᠵᠢᠶ᠎ᠡ  ᠪᠦᠲᠦᠮᠵᠢᠲᠡᠢ  ᠪᠠᠶᠢᠬᠤ  ᠡᠰᠡᠬᠦ  ᠵᠡᠷᠭᠡ  ᠠᠰᠠᠭᠤᠳᠠᠯ ᠳ᠋ᠤ᠋‌‍ᠴᠢᠭᠯᠡᠭᠦᠯᠦᠨ᠂ 8 ᠰᠠᠷ᠎ᠠ ᠶᠢᠨ 5 ᠤ ᠡᠳᠦᠷ ᠲᠦᠷᠦ ᠶᠢᠨ ᠶᠠᠪᠤᠳᠠᠯ ᠤᠨ ᠬᠤᠷᠢᠶᠠᠨ ᠤ ᠬᠤᠯᠪᠣᠭᠠᠯᠠᠨ ᠰᠡᠷᠭᠡᠶᠢᠯᠡᠵᠦ  ᠬᠤᠯᠪᠣᠭᠠᠯᠠᠨ‌ᠡᠵᠡᠮᠳᠡᠬᠦ ᠲᠣᠭᠲᠠᠴᠠ ᠶᠢᠨ ᠰᠣᠨᠢᠨ ᠮᠡᠳᠡᠭᠡ ᠨᠡᠶᠢᠲᠡᠯᠡᠬᠦ ᠬᠤᠷᠠᠯ ᠠᠴᠠ ᠡᠷᠬᠡ ᠰᠦᠷᠲᠦ ᠬᠠᠷᠢᠭᠤᠯᠲᠠ  ᠥᠭᠪᠡ᠃  ᠳ᠋ᠧᠯᠲ᠋ᠠ ᠵᠢᠨ‌ᠣᠨᠳᠣᠣᠰᠢᠭᠰᠠᠨ ᠸᠢᠷᠦ᠋ᠰ ᠢ 2020 ᠣᠨ ᠤ9 ᠰᠠᠷ᠎ᠠ ᠳᠤ ᠡᠨᠡᠳᠬᠡᠭ ᠲᠤ  ᠮᠡᠳᠡᠭᠦᠯᠦᠭᠰᠡᠨ  ᠰᠢᠨ᠎ᠡ  ᠲᠢᠲᠢᠮᠯᠢᠭ  ᠠᠭᠤᠰᠬᠢᠨ‌ᠦᠷᠪᠢᠰᠦᠯ ᠤᠨ ᠡᠪᠡᠳᠴᠢᠨ ᠤ ᠵᠢᠱᠢᠶ᠎ᠡ ᠠᠴᠠ ᠬᠠᠮᠤᠭ ᠤᠨ ᠠᠩᠬ᠎ᠠ ᠢᠯᠡᠷᠡᠭᠦᠯᠵᠡᠢ᠃ ᠣᠳᠣᠬᠠᠨ ᠳᠤ ᠨᠢᠭᠡᠨᠲᠡ 130  ᠭᠠᠷᠤᠶ‌ᠤᠯᠤᠰ ᠪᠠ ᠭᠠᠵᠠᠷ ᠣᠷᠣᠨ ᠳᠤ ᠲᠠᠷᠬᠠᠵᠤ᠂  ᠪᠥᠬᠦ  ᠳᠡᠯᠡᠬᠡᠶ ᠶᠢᠨ  ᠰᠢᠨ᠎ᠡ  ᠲᠢᠲᠢᠮᠯᠢᠭ  ᠠᠭᠤᠰᠬᠢᠨ  ᠦᠷᠪᠢᠰᠦᠯ  ᠶᠡᠭᠡ ᠪᠠᠷ‌‍ᠲ᠋ᠠᠷᠬᠠᠭᠰᠠᠨ ᠭᠤᠤᠯ ᠸᠢᠷᠦ᠋ᠰ ᠪᠣᠯᠵᠣ᠂ ᠲᠣᠰ ᠸᠢᠷᠦ᠋ᠰ ᠨᠢ ᠲᠠᠷᠬᠠᠬᠤ ᠬᠤᠷᠳᠤᠴᠠ ᠲᠦᠷᠭᠡᠨ᠂ ᠪᠡᠶ᠎ᠡ  ᠳᠣᠲᠣᠷ᠎ᠠ  ᠦᠷᠡᠵᠢᠬᠦ ᠨᠢ‌‍ᠲ᠋ᠦ᠋ᠷᠭᠡᠨ ᠵᠡᠷᠭᠡ ᠣᠨᠴᠠᠯᠢᠭ ᠲᠠᠢ ᠶᠤᠮ᠃                        ᠤᠯᠤᠰ ᠤᠨ ᠳᠣᠲᠣᠭᠠᠳᠤ ᠭᠠᠳᠠᠭᠠᠳᠤ ᠶᠢᠨ  ᠬᠤᠯᠪᠣᠭᠳᠠᠯ  ᠪᠦᠬᠦᠢ  ᠰᠢᠨᠵᠢᠯᠡᠬᠦ  ᠤᠬᠠᠭᠠᠨ ᠤ  ᠰᠤᠳᠤᠯᠭᠠᠨ  ᠪᠣᠯᠤᠨ‌‍ᠬᠢᠵᠢᠭ ᠤᠨ ᠪᠠᠶᠢᠳᠠᠯ ᠢ  ᠰᠡᠷᠭᠡᠶᠢᠯᠡᠨ  ᠡᠵᠡᠮᠳᠡᠬᠦ  ᠦᠢᠯᠡᠳᠦᠯᠭᠡ ᠶᠢᠨ  ᠭᠡᠷᠡᠴᠢᠯᠡᠭᠰᠡᠨ ᠢᠶᠠᠷ᠂  ᠳ᠋ᠧᠯᠲ᠋ᠠ ᠶᠢᠨ  ᠣᠨᠳᠣᠣᠰᠢᠭᠰᠠᠨ‌‍ᠸᠢᠷᠦ᠋ᠰ ᠨᠢ ᠰᠢᠨ᠎ᠡ ᠲᠢᠲᠢᠮᠯᠢᠭ ᠸᠢᠷᠦ᠋ᠰ ᠤᠨ  ᠠᠮᠢᠳᠤ  ᠪᠣᠳᠠᠰ ᠤᠨ  ᠤᠬᠠᠭᠠᠨ ᠤ  ᠣᠨᠴᠠᠭᠠᠢ  ᠴᠢᠨᠠᠷ ᠲᠤ  ᠨᠤᠷᠠᠭᠠᠯᠲᠠ ᠵᠢᠨ‌‍ᠴᠢᠨᠠᠷᠲᠠᠢ  ᠬᠤᠪᠢᠷᠠᠯᠲᠠ  ᠭᠠᠷᠭᠠᠭᠰᠠᠨ  ᠦᠭᠡᠢ᠂  ᠬᠠᠯᠳᠠᠪᠤᠷᠢᠯᠠᠬᠤ  ᠡᠬᠢ  ᠰᠤᠷᠪᠤᠯᠵᠢ᠂  ᠬᠠᠯᠳᠠᠪᠤᠷᠢᠯᠠᠬᠤ  ᠠᠷᠭ᠎ᠠ  ᠵᠠᠮ ᠨᠢ ᠦᠨᠳᠦᠰᠦᠨ ᠳᠡᠭᠡᠨ ᠲᠣᠳᠣᠷᠬᠠᠢ᠂ ᠤᠳᠤ ᠶᠢᠨ ᠬᠡᠷᠡᠭᠵᠢᠬᠦᠯᠵᠤ ᠪᠠᠶᠢᠭ᠎ᠠ ᠬᠢᠵᠢᠭ ᠤᠨ ᠪᠠᠶᠢᠳᠠᠯ ᠢ ᠰᠡᠷᠭᠡᠶᠢᠯᠡᠨ  ᠡᠵᠡᠮᠳᠡᠬᠦ  ᠠᠷᠭ᠎ᠠ ᠬᠡᠮᠵᠢᠶ᠎ᠡ ᠨᠢ ᠴᠦ ᠳ᠋ᠧᠯᠲ᠋ᠠ ᠶᠢᠨ ᠣᠨᠳᠣᠣᠰᠢᠭᠰᠠᠨ ᠸᠢᠷᠦ᠋ᠰ ᠢ ᠪᠦᠲᠦᠮᠵᠢᠳᠠᠢ ᠰᠡᠷᠭᠡᠶᠢᠯᠡᠵᠤ ᠴᠢᠳᠠᠨ᠎ᠠ᠃ ᠣᠲᠣ ᠶᠢᠨ ᠸᠠᠺᠼᠢᠨ ᠨᠢ‌ᠮᠥ᠋ᠨ  ᠤᠷᠢᠳᠴᠢᠯᠠᠨ  ᠰᠡᠷᠭᠡᠶᠢᠯᠡᠬᠦ  ᠪᠠ  ᠬᠠᠮᠠᠭᠠᠯᠠᠬᠤ  ᠦᠢᠯᠡᠳᠦᠯ ᠲᠠᠢ  ᠪᠠᠶᠢᠵᠤ᠂  ᠸᠢᠷᠦ᠋ᠰ ᠤᠨ  ᠬᠥᠮᠦᠰ ᠤᠨ   ᠳᠤᠮᠳᠠ ᠬᠠᠯᠳᠠᠪᠤᠷᠢᠯᠠᠬᠤ ᠲᠦᠭᠰᠢᠭᠦᠷᠢ ᠶᠢ ᠪᠠᠭᠤᠷᠠᠭᠤᠯᠵᠤ᠂  ᠬᠠᠯᠳᠠᠪᠤᠷᠢᠯᠠᠭᠳᠠᠭᠰᠠᠳ ᠤᠨ  ᠬᠠᠯᠳᠠᠪᠤᠷᠢᠯᠠᠬᠤ  ᠬᠦᠴᠦᠨ ᠢ  ᠪᠠᠭᠠᠰᠬᠠᠵᠤ᠂ᠬᠠᠯᠳᠠᠪᠤᠷᠢᠯᠠᠭᠰᠠᠨ ᠤ  ᠳᠠᠷᠠᠭᠠᠬᠢ  ᠬᠦᠨᠳᠦ  ᠡᠪᠡᠳᠴᠢᠨ ᠤ  ᠡᠭᠦᠰᠬᠦ  ᠨᠣᠷᠮ᠎ᠠ  ᠪᠠ  ᠡᠪᠡᠳᠴᠢᠨ ᠢᠶᠠᠷ  ᠥᠭᠦᠬᠦ  ᠨᠣᠷᠮ᠎ᠠ ᠶᠢ ᠪᠦᠲᠦᠮᠵᠢᠲᠡᠶ ᠪᠠᠭᠤᠷᠠᠭᠤᠯᠵᠤ ᠴᠢᠳᠠᠨ᠎ᠠ᠃ ᠲᠦᠷᠦᠭᠦᠦ ᠨᠢᠭᠡ ᠬᠤᠭᠤᠴᠠᠭᠠᠨ ᠳᠤ ᠮᠠᠨ ᠤ ᠤᠯᠤᠰ ᠤᠨ ᠬᠥᠮᠦᠨ  ᠠᠮᠠ  ᠤᠯᠠᠨ᠂ᠨᠡᠭᠦᠳᠡᠯ ᠤᠨ ᠴᠢᠨᠠᠷ ᠢᠶᠠᠷ  ᠴᠢᠩᠭ᠎ᠠ  ᠭᠤᠸᠠᠩᠳᠦ᠋ᠩ  ᠮᠤᠵᠢ ᠶᠢᠨ  ᠬᠡᠳᠦᠨ  ᠲᠤᠰᠬᠠᠶ  ᠣᠷᠣᠨ  ᠬᠤᠲᠠ ᠳᠠᠬᠢ  ᠳ᠋ᠧᠯᠲ᠋ᠠ ᠵᠢᠨ‌ᠤᠨᠳᠤᠤᠰᠢᠭᠰᠠᠨ  ᠸᠢᠷᠦ᠋ᠰ ᠤᠨ  ᠲᠤᠰ  ᠭᠠᠵᠠᠷ  ᠤᠷᠤᠨ ᠤ  ᠴᠢᠨᠠᠷᠲᠠᠢ  ᠬᠢᠵᠢᠭ ᠤᠨ  ᠲᠠᠷᠬᠠᠯᠲᠠ ᠶᠢ   ᠠᠩᠬ᠎ᠠ   ᠤᠳᠠᠭ᠎ᠠ ᠠᠮᠵᠢᠯᠲᠠ ᠲᠠᠢ ᠬᠤᠷᠢᠭᠯᠠᠵᠤ᠂ ᠸᠠᠺᠼᠢᠨ ᠳᠠᠷᠢᠬᠤ᠂ ᠠᠮᠠᠪᠴᠢ  ᠵᠡᠭᠦᠬᠦ᠂  ᠭᠠᠷ ᠢᠶᠠᠨ  ᠦᠷᠭᠦᠯᠵᠢ  ᠤᠬᠢᠶᠠᠬᠤ᠂  ᠨᠡᠶᠢᠭᠡᠮ ‍ᠤᠨ‌ᠬᠠᠷᠢᠯᠴᠠᠭᠠᠨ ᠤ ᠵᠠᠶ ᠶᠢ ᠪᠠᠲᠤᠯᠠᠬᠤ᠂ ᠬᠥᠮᠦᠨ ᠣᠯᠠᠨ ᠴᠤᠭᠯᠠᠷᠠᠬᠤ ᠠᠴᠠ ᠵᠠᠶᠢᠯᠠᠰᠬᠢᠬᠦ  ᠵᠡᠷᠭᠡ  ᠠᠷᠭ᠎ᠠ  ᠬᠡᠮᠵᠢᠶ᠎ᠡ  ᠪᠣᠯ  ᠮᠥᠨ‌‍ᠪᠦ᠋ᠲᠦᠮᠵᠢᠲᠡᠶ ᠭᠡᠳᠡᠭ ᠢ ᠭᠡᠷᠡᠴᠢᠯᠡᠪᠡ᠃
ᠢᠷᠡᠯᠲᠡ᠄ ᠠᠷᠠᠳ ᠤᠨ ᠰᠦᠯᠵᠢᠶ᠎ᠡ