ᠪᠤᠷᠵᠢᠭᠢᠨ · ᠬᠦᠭᠵᠢᠯᠳᠤ | | | ᠬᠦᠭᠡ ᠤᠭᠳᠠᠷᠭᠤᠢ ᠶᠢᠨ ᠴᠡᠭᠡᠯ ᠢ ᠵᠦᠰᠦᠭᠡᠳ | ᠬᠦᠭᠵᠢᠯᠳᠦ ᠡᠷᠢᠨ ᠤ ᠰᠢᠨᠡᠳᠦᠯ ᠢ ᠪᠠᠭ᠋ᠠᠳᠤᠭᠠᠳ | ᠲᠠᠷᠬᠠᠨ ᠨᠤᠳᠤᠭ ᠠᠴᠠ ᠲᠠᠯᠠᠨ ᠬᠠᠷ᠎ᠠ ᠶᠢ ᠲᠠᠪᠠᠨ | ᠲᠠᠶᠠᠩ ᠳᠤ ᠴᠤᠣ ᠲᠠᠢ ᠤᠷᠳᠤᠰ ᠢ ᠴᠢᠭᠯᠡᠭᠰᠡᠨ | ᠵᠦᠭᠡᠯᠡᠨ ᠰᠠᠯᠬᠢ ᠪᠠᠷ ᠬᠠᠴᠠᠷ ᠢᠶᠠᠨ ᠢᠯᠪᠢᠭᠦᠯᠵᠦ | ᠲᠤᠭᠳᠤᠯᠤᠨ ᠲᠤᠭᠳᠤᠯᠤᠨ ᠰᠡᠳᠭᠢᠯ ᠬᠦᠨᠳᠦᠷᠡᠵᠦ | ᠶᠡᠭᠡ ᠲᠡᠭᠡᠳᠦᠰ ᠤᠨ ᠮᠢᠨᠢ ᠠᠮᠠᠷᠠᠭᠰᠠᠨ ᠨᠤᠳᠤᠭ | ᠠᠯᠳᠡᠨ ᠭᠠᠨᠳᠠᠷᠢ ᠶᠢᠨ ᠰᠢᠯᠢ ᠶᠢ ᠵᠤᠷᠢᠭᠰᠠᠨ ᠶᠤᠮ | ᠬᠦᠰᠡᠯ ᠵᠡᠭᠦᠳᠦᠨ ᠤ ᠮᠢᠨᠢ ᠰᠠᠶᠢᠬᠠᠨ ᠬᠠᠶᠢᠷ᠎ᠠ ᠶᠢ | ᠮᠦᠩᠭᠦᠨ ᠴᠠᠭᠠᠨ ᠨᠢᠰᠭᠡᠯ ᠭᠡᠵᠢᠭᠡᠳᠡᠨ ᠠᠴᠢᠭᠠᠳ | ᠬᠠᠩᠭᠠᠢ ᠭᠤᠪᠢ ᠬᠦᠳᠦᠯ ᠵᠤ ᠶᠢ ᠲᠠᠪᠠᠭᠰᠠᠭᠠᠷ | ᠬᠠᠯᠠᠭᠤᠨ ᠡᠯᠢᠭᠡ ᠲᠠᠢ ᠤᠷᠳᠤᠰ ᠲᠤ ᠢᠷᠡᠭᠰᠡᠨ | ᠬᠠᠶᠢᠷ᠎ᠠ ᠶᠢᠨ ᠢᠯᠴᠢ ᠲᠠᠢ ᠬᠠᠯᠠᠭᠤᠨ ᠭᠠᠷ ᠢᠶᠠᠨ | ᠤᠷᠳᠤᠰ ᠨᠠᠶᠢᠵᠠᠰ ᠮᠢᠨᠦ ᠦᠭᠡᠳᠡ ᠠᠴᠠ ᠲᠡᠯᠭᠡᠵᠦ | ᠬᠠᠨ ᠰᠦᠯᠳᠡ ᠶᠢᠨ ᠬᠡᠶᠢᠮᠤᠷᠢ ᠶᠢᠨ ᠲᠠᠯᠠᠯᠭ᠎ᠠ ᠲᠠᠢ | ᠠᠭᠤᠤ ᠨᠤᠳᠤᠭ ᠮᠢᠨᠢ ᠨᠠᠮ᠎ᠠ ᠶᠢ ᠤᠭᠳᠤᠭᠰᠠᠨ ᠶᠤᠮ | ᠠᠭᠠᠷ ᠲᠡᠭᠷᠢ ᠶᠢᠨ ᠤᠰᠤᠨ ᠬᠦᠭᠡ ᠡᠭᠦᠯᠡᠰ ᠨᠢ | ᠬᠤᠷ᠎ᠠ ᠤᠰᠤ ᠲᠡᠭᠡᠭᠡᠭᠰᠡᠨ ᠠᠭᠤᠣ ᠶᠡᠭᠡ ᠤᠷᠳᠤᠰ | ᠠᠯᠳᠠᠨ ᠭᠠᠨᠳᠠᠷᠢ ᠶᠢᠨ ᠵᠦᠩ ᠰᠤᠪᠢᠩ ᠤᠨ | ᠬᠡᠰᠢᠭ ᠬᠤᠷᠦ᠋ᠢᠯᠠᠭᠰᠠᠨ ᠠᠭᠤᠣ ᠶᠡᠭᠡ ᠤᠷᠳᠤᠰ | ᠠᠷᠠᠳ ᠢᠷᠭᠡᠳ ᠨᠢ ᠡᠭᠡᠯ ᠪᠤᠷᠤᠭᠵᠢᠭᠤᠨ | ᠲᠡᠯᠡᠢ ᠬᠠᠶᠢᠷ᠎ᠠ ᠲᠠᠢ ᠠᠭᠤᠣ ᠶᠡᠭᠡ ᠤᠷᠳᠤᠰ | ᠠᠷᠪᠠᠰ ᠢᠮᠠᠭᠠᠨ ᠤ ᠮᠢᠨᠳᠠᠰᠤᠨ ᠨᠤᠣᠯᠤᠭᠤᠷ ᠨᠢ | ᠲᠡᠯᠡᠬᠡᠢ ᠶᠢ ᠲᠤᠯᠠᠭᠠᠯᠠᠭᠰᠠᠨ ᠠᠭᠤᠣ ᠶᠡᠭᠡ ᠤᠷᠳᠤᠰ | ᠦᠪ ᠰᠤᠶᠤᠯ ᠤᠨ ᠡᠷᠳᠡᠨᠢᠳᠤ ᠨᠤᠳᠤᠭ | ᠤᠯᠤᠰ ᠲᠠᠭᠠᠨ ᠨᠡᠷ᠎ᠡ ᠲᠠᠢ ᠠᠭᠤᠣ ᠶᠡᠭᠡ ᠤᠷᠳᠤᠰ | ᠡ᠊ᠩ ᠦᠭᠡᠢ ᠲᠤᠷᠭ᠎ᠠ ᠲᠤᠷᠳᠤᠩ ᠲᠡᠯᠭᠡᠭᠰᠡᠨ ᠰᠢᠭ | ᠦᠩ ᠰᠢᠮᠡᠯᠢᠭ ᠭᠠᠵᠠᠷ ᠰᠢᠷᠤᠢ ᠲᠠᠢ ᠠᠭᠤᠣ ᠶᠡᠭᠡ ᠤᠷᠳᠤᠰ | ᠪᠠᠯᠠᠷ ᠡᠯᠡᠰᠦ ᠪᠠᠨ ᠤᠶᠢᠵᠢᠭᠤᠯᠤᠨ ᠨᠤᠭᠤᠭᠠᠷᠠᠭᠤᠯᠵᠤ | ᠪᠠᠶᠢᠭᠠᠯᠢ ᠪᠠᠨ ᠴᠢᠮᠡᠭᠰᠡᠨ ᠠᠭᠤᠣ ᠶᠡᠭᠡ ᠤᠷᠳᠤᠰ | ᠪᠠᠭᠠᠳᠤᠷᠯᠢᠭ ᠲᠡᠦᠬᠡ ᠨᠢ ᠲᠦᠮᠡᠨ ᠳᠤ ᠱᠠᠭᠰᠢᠭᠳᠠᠬᠤ | ᠪᠠᠶᠠᠨ ᠲᠤᠣᠯᠢ ᠶᠢᠨ ᠦᠯᠦᠭᠡᠢ ᠠᠭᠤᠣ ᠶᠡᠭᠡ ᠤᠷᠳᠤᠰ | ᠡᠷᠳᠡ ᠡᠳᠦᠭᠡ ᠶᠢᠨ ᠦᠩᠭᠡ ᠦᠵᠡᠮᠵᠢ ᠶᠢ | ᠦᠪᠯᠡᠨ ᠪᠦᠷᠢᠳᠦᠭᠦᠯᠦᠭᠰᠡᠨ ᠠᠭᠤᠣ ᠶᠡᠭᠡ ᠤᠷᠳᠤᠰ | ᠡᠵᠡᠨ ᠴᠢᠩᠭᠢᠰ ᠤᠨ ᠠᠮᠤᠷᠯᠢᠩᠭᠤᠢ ᠠᠯᠳᠠᠨ ᠱᠠᠷᠢᠯ ᠢ | ᠡᠷᠡᠯᠬᠡᠭᠯᠡᠨ ᠬᠠᠮᠠᠭᠠᠯᠠᠭᠰᠠᠨ ᠠᠭᠤᠣ ᠶᠡᠭᠡ ᠤᠷᠳᠤᠰ | ᠶᠠᠳᠠᠭᠤ ᠠᠴᠠ ᠠᠩᠭᠢᠵᠢᠷᠠᠭᠤᠯᠬᠤ ᠰᠢᠪᠳᠤᠯᠤᠯᠳᠠ ᠳᠤ | ᠭᠠᠷᠮᠠᠭᠠᠶᠢᠯᠠᠨ ᠠᠵᠢᠯᠯᠠᠭᠰᠠᠨ ᠠᠭᠤᠣ ᠶᠡᠭᠡ ᠤᠷᠳᠤᠰ | ᠦᠭᠡᠷᠡᠴᠢᠯᠡᠯᠳᠡ ᠨᠡᠭᠡᠭᠡᠯᠳᠡ ᠶᠢᠨ ᠰᠢᠨᠡᠴᠢᠯᠡᠯᠳᠡ ᠳᠤ | ᠬᠤᠰᠢᠭᠤᠷᠠᠨ ᠭᠢᠯᠠᠷᠠᠭᠰᠠᠨ ᠠᠭᠤᠣ ᠶᠡᠭᠡ ᠤᠷᠳᠤᠰ᠃ | |