ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠨᠢᠭᠡᠳᠦᠯᠲᠡᠶ ᠰᠢᠯᠭᠠᠯᠲᠠ ᠳᠤ ᠪᠡᠯᠡᠳᠬᠡᠬᠦ ᠳᠤ ᠰᠢᠮ᠎ᠡ ᠲᠡᠵᠢᠭᠡᠯ ᠤᠨ ᠮᠡᠷᠭᠡᠵᠢᠯᠲᠡᠨ ᠤ ᠢᠳᠡᠭᠡᠨ ᠤᠮᠳᠠᠭᠠᠨ ᠤ ᠲᠤᠬᠠᠢ ᠰᠠᠨᠠᠭᠤᠯᠭ᠎ᠠ ᠶᠢ ᠦᠵᠡᠭᠡᠷᠡᠢ
ᠨᠡᠶᠢᠲᠡᠯᠡᠭᠰᠡᠨ ᠴᠠᠭ᠄
2021/6/3
      ᠡᠷᠡᠭᠦᠯ ᠴᠢᠭᠢᠷᠠᠭ ᠪᠠᠶᠢᠯᠭᠠᠬᠤ ᠢᠳᠡᠭᠡᠨ ᠤᠮᠳᠠᠭᠠᠨ ᠤ ᠳᠥᠷᠪᠡᠨ ᠶᠡᠭᠡ ᠵᠠᠷᠴᠢᠮ         1. ᠴᠠᠭ ᠴᠠᠭ ᠤᠨ ᠬᠤᠭᠤᠯᠠ  ᠶᠢᠨ ᠰᠢᠮ᠎ᠡ ᠲᠡᠵᠢᠭᠡᠯ ᠨᠢ ᠲᠡᠩᠴᠡᠭᠦᠷᠢᠲᠡᠶ ᠪᠠᠶᠢᠯᠭ᠎ᠠ         2. ᠬᠤᠭᠤᠯᠠ ᠤᠮᠳᠠ ᠶᠢᠨ ᠲᠠᠪᠤᠰᠤ ᠶᠢ ᠰᠤᠯᠠᠬᠠᠨ ᠪᠠᠶᠢᠯᠭ᠎ᠠ              3. ᠢᠳᠡᠭᠡᠨ ᠤ ᠮᠠᠲ᠋ᠧᠷᠢᠶᠠᠯ ᠢ ᠬᠤᠳᠠᠯᠳᠤᠨ ᠠᠪᠬᠤ ᠳᠠᠭᠠᠨ ᠰᠢᠨ᠎ᠡ ᠰᠣᠷᠭᠤᠭ ᠢ ᠰᠤᠩᠭᠤᠨ᠎ᠠ           4. ᠢᠳᠡᠭᠡᠨ ᠬᠢᠬᠦ ᠳᠤ ᠠᠷᠢᠭᠤᠨ ᠴᠡᠪᠡᠷ ᠪᠠᠶᠢᠯᠭ᠎ᠠ᠃             ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠰᠢᠯᠭᠠᠯᠲᠠ ᠶᠢᠨ  ᠬᠤᠭᠤᠴᠠᠭᠠᠨ ᠳᠠᠬᠢ  ᠢᠳᠡᠭᠡᠨ  ᠤᠮᠳᠠᠭᠠᠨ ‍ᠤ‌‍ᠲ᠋ᠠᠯ᠎ᠠ ᠪᠠᠷ ᠠᠩᠬᠠᠷᠬᠤ ᠵᠦᠢᠯ             1. ᠬᠤᠭᠤᠯᠠ ᠪᠦᠷᠢ ᠶᠢᠨ ᠨᠣᠭᠤᠭ᠎ᠠ ᠵᠠᠭᠤᠰᠢ ᠶᠢᠨ ᠲᠤᠭ᠎ᠠ ᠬᠡᠮᠵᠢᠶ᠎ᠡ ᠶᠢ ᠬᠢᠵᠠᠭᠠᠷᠯᠠᠵᠤ᠂ ᠬᠤᠭᠤᠯᠠ  ᠵᠠᠭᠤᠰᠢ ᠪᠠᠨ ᠪᠢᠲᠡᠬᠢ ᠦᠯᠡᠲᠡᠭᠡ               2. ᠤᠰᠤ ᠬᠦᠢᠴᠡᠳ ᠤᠤᠭᠤᠵᠤ᠂ ᠡᠳᠦᠷ ᠪᠦᠷᠢ  ᠠᠯᠢ  ᠴᠢᠳᠠᠬᠤ ᠪᠠᠷ  1500  ᠮᠢᠯᠢᠯᠢᠲᠷ  ᠣᠷᠴᠢᠮ  ᠤᠰᠤ ᠤᠤᠭᠤᠭᠠᠷᠠᠢ            3 . ᠶᠡᠭᠡ ᠪᠠᠷ ᠰᠢᠮ᠎ᠡ ᠲᠡᠵᠢᠭᠡᠯ ᠨᠥᠬᠦᠬᠦ ᠵᠢᠴᠢ ᠬᠡᠲᠦᠷᠡᠲᠡᠯ᠎ᠡ ᠢᠳᠡᠵᠦ ᠤᠤᠭᠤᠬᠤ ᠶᠢ ᠴᠡᠭᠡᠷᠯᠡ              4 . ᠬᠤᠭᠤᠯᠠ ᠤᠮᠳᠠ ᠶᠢᠨ ᠲᠠᠳᠬᠠᠯ ᠢᠶᠠᠨ ᠪᠢᠲᠡᠬᠢ ᠳᠤᠷ᠎ᠠ ᠪᠠᠷ ᠢᠶᠠᠨ ᠦᠭᠡᠷᠡᠴᠢᠯᠡ             5. ᠶᠡᠷᠦ ᠠᠴᠠ ᠢᠳᠡᠵᠦ ᠤᠤᠭᠤᠵᠤ ᠦᠵᠡᠭᠡ ᠦᠭᠡᠢ ᠢᠳᠡᠭᠡᠨ ᠤᠮᠳᠠᠭᠠᠨ ᠢ ᠢᠳᠡᠵᠦ ᠤᠤᠭᠤᠬᠤ ᠦᠭᠡᠢ ᠪᠤᠯ ᠰᠠᠶᠢᠨ᠃             ᠭᠤᠤᠯ ᠰᠠᠨᠠᠭᠤᠯᠤᠮᠵᠢ             ᠶᠡᠭᠡ ᠳᠡᠭᠡᠳᠦ ᠰᠤᠷᠭᠠᠭᠤᠯᠢ ᠳᠤ  ᠰᠣᠷᠣᠭᠴᠢ  ᠡᠯᠰᠡᠬᠦ  ᠰᠢᠯᠭᠠᠯᠲᠠ ᠶᠢᠨ  ᠬᠤᠭᠤᠴᠠᠭᠠᠨ ᠳᠤ᠂  ᠠᠭᠤᠷ  ᠠᠮᠢᠰᠬᠤᠯ‌ᠠᠭᠠᠭᠢᠮ᠎ᠠ ᠬᠠᠯᠠᠭᠤᠨ ᠪᠣᠯᠬᠤᠷ ᠬᠦᠢᠳᠡᠨ ᠵᠢᠮᠢᠰ᠂ ᠤᠮᠳᠠᠭᠠᠨ᠂ ᠢᠯᠠᠩᠭᠤᠶ᠎ᠠ ᠰᠢᠬᠢᠷᠯᠢᠭ ᠤᠮᠳᠠᠭᠠᠨ ᠢ ᠪᠠᠭ᠎ᠠ ᠢᠳᠡᠵᠦ ᠤᠤᠭᠤᠬᠤ‌‍ᠪᠤᠶᠤ ᠢᠳᠡᠵᠦ ᠤᠤᠭᠤᠬᠤ ᠥᠬᠡᠶ ᠪᠠᠶᠢᠬᠤ ᠶᠢ ᠨᠠᠩ ᠬᠢᠴᠢᠶᠡᠬᠦ  ᠬᠡᠷᠡᠭᠲᠡᠶ᠃  ᠵᠢᠮᠢᠰ ᠢ  ᠡᠩ ᠤᠨ ᠳᠤᠯᠠᠭᠠᠨ ᠳᠤ  ᠲᠠᠯᠪᠢᠵᠤ᠂ ᠡᠩ ᠤᠨ ᠰᠢᠬᠢᠷᠯᠢᠭ ᠤᠮᠳᠠᠭᠠᠨ ᠤᠤᠭᠤᠬᠤ ᠳᠠᠭᠠᠨ ᠠᠯᠢ ᠴᠢᠳᠠᠬᠤ ᠪᠠᠷ ᠲᠤᠭ᠎ᠠ ᠬᠡᠮᠵᠢᠶ᠎ᠡ ᠶᠢ ᠨᠢ ᠬᠢᠵᠠᠭᠠᠷᠯᠠᠵᠤ᠂  ᠪᠦᠯᠢᠶᠡᠨ‌ᠤᠰᠤ ᠤᠤᠭᠤᠵᠤ  ᠬᠤᠳᠣᠭᠤᠳᠣ ᠭᠡᠳᠡᠰᠦᠨ ᠤ ᠴᠢᠳᠠᠮᠵᠢ  ᠨᠦᠯᠦᠭᠡᠯᠡᠭᠳᠡᠬᠦ  ᠠᠴᠠ  ᠵᠠᠶᠢᠯᠠᠰᠬᠢᠬᠦ ᠬᠡᠷᠡᠭᠳᠡᠢ᠃  ᠢᠯᠠᠩᠭᠤᠶ᠎ᠠ ᠰᠢᠯᠭᠠᠯᠲᠠ ᠶᠢᠨ ᠬᠤᠭᠤᠴᠠᠭᠠᠨ ᠳᠤ ᠪᠢᠲᠡᠬᠢ ᠬᠦᠯᠲᠡᠭᠡᠭᠰᠡᠨ ᠤᠮᠲᠠᠭᠠᠨ ᠢ ᠰᠢᠯᠭᠠᠯᠲᠠ ᠶᠢᠨ ᠲᠠᠯᠠᠪᠠᠢ ᠳᠤ ᠠᠪᠴᠤ ᠤᠷᠤᠵᠤ ᠤᠤᠭᠤ᠂ ᠡᠰᠡ ᠲᠡᠭᠡᠪᠡᠯ  ᠠᠮᠠᠷᠬᠠᠨ ᠳᠡᠯᠢᠭᠦᠦ ᠬᠤᠳᠣᠭᠤᠳᠣ ᠶᠢ  ᠭᠡᠮᠲᠦᠭᠡᠵᠦ᠂ ᠢᠳᠡᠭᠡᠨ ᠤ ᠳᠤᠷᠠᠰᠢᠯ ᠢ  ᠨᠥᠯᠥᠭᠡᠯᠡᠵᠦ᠂ ᠴᠢᠨᠠᠭᠰᠢᠯᠠᠪᠠᠯ ᠰᠠᠭᠤᠯᠭᠠᠬᠤ ᠳᠤ ᠬᠦᠷᠦᠬᠦᠯᠦᠨ᠎ᠡ᠂  ᠢᠩᠭᠢᠪᠡᠯ  ᠪᠥᠬᠦ  ᠪᠡᠶ᠎ᠡ  ᠴᠢᠨᠢ  ᠲᠠᠮᠢᠷᠳᠠᠵᠤ᠂  ᠲᠠᠮᠢᠷ  ᠲᠡᠩᠭᠡᠭᠡ  ᠦᠭᠡᠢ ᠪᠣᠯᠤᠨ᠎ᠠ᠃             ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠰᠢᠯᠭᠠᠯᠲᠠ ᠶᠢᠨ ᠬᠤᠭᠤᠴᠠᠭᠠᠨ ᠳᠤ           ᠵᠠᠷᠢᠮ  ᠬᠠᠮᠲᠤ  ᠰᠤᠷᠤᠯᠭᠠᠳᠠᠨ  ᠡᠩ ᠤᠨ  ᠦᠶ᠎ᠡ   ᠳᠡᠭᠡᠨ  ᠰᠤᠷᠤᠯᠭ᠎ᠠ ᠨᠢ  ᠮᠠᠰᠢ  ᠰᠠᠶᠢᠨ  ᠪᠠᠶᠢᠳᠠᠭ  ᠪᠤᠯᠪᠠᠴᠤ‌‍ᠰᠢᠯᠭᠠᠯᠲᠠ ᠶᠢᠨ ᠲᠠᠯᠠᠪᠠᠢ ᠳᠤ ᠣᠷᠣᠮᠠᠭᠴᠠ ᠲᠠᠷᠢᠬᠢᠨ ᠳᠤᠨᠢ ᠶᠠᠭᠤ  ᠴᠦ  ᠦᠭᠡᠢ  ᠪᠤᠯᠵᠦ᠂  ᠰᠢᠯᠭᠠᠯᠲᠠ ᠶᠢᠨ  ᠲᠠᠯᠠᠪᠠᠢ ᠡᠴᠠ‌ᠭᠠᠷᠤᠮᠠᠭᠴᠠ ᠪᠦᠷ ᠢ  ᠪᠣᠳᠣᠵᠤ  ᠣᠯᠳᠠᠭ᠃  ᠡᠨᠡ ᠨᠢ  ᠦᠨᠡᠭᠡᠷ  ᠰᠡᠳᠬᠢᠴᠡ ᠶᠢᠨ  ᠡᠯᠧᠮᠧᠨ᠋ᠲ ᠠᠴᠠ  ᠪᠣᠯᠤᠭᠰᠠᠨ  ᠦᠦ︖ ᠰᠢᠢᠳᠪᠦᠷᠢᠯᠡᠬᠦ ᠠᠷᠭ᠎ᠠ ᠪᠠᠶᠢᠨ᠎ᠠ ᠦᠦ ᠦᠭᠡᠢ ᠤᠤ︖              ᠵᠠᠩ ᠶᠦᠩ ᠱᠧᠩ ᠡᠮᠴᠢ ᠶᠢᠨ ᠰᠠᠨᠠᠭᠤᠯᠭ᠎ᠠ             ᠬᠡᠰᠡᠭ ᠰᠢᠯᠭᠠᠭᠤᠯᠤᠭᠴᠢ ᠰᠢᠯᠭᠠᠯᠲᠠ ᠶᠢᠨ ᠲᠠᠯᠠᠪᠠᠶ ᠳᠤ ᠣᠷᠣᠮᠠᠭᠴᠠ  ᠬᠡᠲᠦᠷᠬᠡᠶ  ᠪᠠᠴᠢᠮᠳᠠᠵᠤ᠂  ᠶᠡᠭᠡ  ᠲᠠᠷᠢᠬᠢ ᠨᠢ‌ᠬᠤᠭᠤᠰᠣᠨ ᠪᠣᠯᠳᠠᠭ᠃ ᠡᠭᠦᠨ ᠢ ᠨᠠᠮᠳᠠᠭᠤᠯᠬᠤ ᠠᠷᠭ᠎ᠠ ᠪᠣᠯ ᠰᠢᠯᠭᠠᠯᠲᠠ ᠠᠴᠠ ᠬᠠᠭᠠᠰ ᠴᠠᠭ ᠤᠨ ᠡᠮᠦᠨ᠎ᠡ᠂ ᠰᠢᠯᠭᠠᠭᠤᠯᠤᠭᠴᠢ ᠳᠤ1 — 2 ᠰᠢᠬᠢᠷ ᠰᠢᠮᠡᠬᠦᠯᠦᠨ᠎ᠡ᠃ ᠢᠡᠭᠭᠢᠪᠡᠯ ᠨᠢᠭᠡ ᠲᠠᠯ᠎ᠠ ᠪᠠᠷ ᠲᠦᠷ ᠵᠠᠭᠤᠷ᠎ᠠ ᠶᠢᠨ ᠴᠢᠰᠤᠨ ᠰᠢᠬᠢᠷ ᠳᠣᠣᠷ᠎ᠠ ᠪᠤᠯᠬᠤ ᠤᠷᠪᠠᠯ‌ᠭᠠᠷᠬᠤ ᠠᠴᠠ ᠵᠠᠶᠢᠯᠠᠰᠬᠢᠵᠦ᠂ ᠨᠥᠭᠦᠭᠡ ᠲᠠᠯ᠎ᠠ ᠪᠠᠷ ᠪᠠᠰᠠ ᠰᠢᠯᠭᠠᠭᠤᠯᠤᠭᠴᠢ ᠶᠢᠨ ᠰᠡᠳᠬᠢᠯ ᠰᠠᠨᠠᠭ᠎ᠠ ᠶᠢ ᠨᠢ ᠲᠠᠶᠢᠳᠬᠤᠷᠠᠭᠤᠯᠵᠤ᠂ᠪᠠᠴᠢᠮᠳᠠᠵᠤ ᠰᠠᠨᠳᠤᠷᠤᠭᠰᠠᠨ ᠠᠩᠬᠠᠷᠤᠯ ᠢ ᠨᠢ ᠰᠠᠷᠨᠢᠭᠤᠯᠵᠤ᠂ ᠰᠢᠯᠭᠠᠯᠲᠠ ᠶᠢᠨ  ᠦᠶ᠎ᠡ ᠳᠤ  ᠨᠡᠩ  ᠲᠣᠭᠲᠠᠭᠤᠨ  ᠪᠠᠶᠢᠳᠠᠯ ᠲᠠᠢ ᠪᠠᠶᠢᠯᠭᠠᠬᠤ  ᠪᠣᠯᠤᠨ᠎ᠠ᠃  (ᠭᠤᠧᠠᠩᠰᠢ ᠶᠢᠨ  ᠠᠨᠠᠭᠠᠬᠤ  ᠤᠬᠠᠭᠠᠨ ᠤ  ᠶᠡᠭᠡ  ᠰᠤᠷᠭᠠᠭᠤᠯᠢ ᠶᠢᠨ  ᠨᠢᠭᠡᠳᠦᠭᠡᠷ  ᠬᠠᠷᠢᠶᠠᠲᠤ‌ᠡᠮᠨᠡᠯᠭᠡ ᠶᠢᠨ ᠬᠤᠷᠢᠶᠠᠨ ᠤ ᠡᠮᠴᠢᠯᠡᠭᠡᠨ ᠤ ᠰᠢᠮ᠎ᠡ ᠲᠡᠵᠢᠭᠡᠯ ᠤᠨ ᠰᠠᠯᠠᠭᠠᠨ ᠤ ᠡᠷᠬᠢᠯᠡᠭᠴᠢ ᠵᠠᠩ ᠶᠦᠩ ᠱᠧᠩ) 
ᠢᠷᠡᠯᠲᠡ᠄ ᠠᠷᠠᠳ ᠤᠨ ᠰᠦᠯᠵᠢᠶ᠎ᠡ