—— ︽ᠲᠡᠯᠡᠬᠡᠢ ᠶᠢᠨ ᠢᠷᠠᠭᠤ ᠨᠠᠶᠢᠷᠠᠭ ᠤᠨ ᠡᠳᠤᠷ︾ ᠢ ᠲᠤᠷᠠᠰᠬᠠᠨ ᠲᠡᠮᠳᠡᠭᠯᠡᠬᠦ ᠠᠯᠳᠠᠨ ᠬᠤᠷᠤᠮ ᠳᠤ | ● ᠳ᠋᠊ ·ᠡᠷᠳᠡᠨᠢᠪᠢᠯᠢᠭ | | | | | | | ᠠᠭᠠᠷ ᠠᠴᠠ ᠬᠦᠩᠭᠡᠨ ᠪᠤᠯᠬᠤᠷ ᠬᠡᠶᠢᠳᠤ ᠪᠦᠮᠪᠦᠭᠡ | ᠠᠶᠠᠨᠳᠠᠭᠠᠨ ᠲᠡᠭᠷᠢ ᠦᠭᠡᠳᠡ ᠲᠡᠭᠳᠡᠴᠢᠭᠡᠪᠡ | ᠤᠳᠤᠳᠠᠢ ᠰᠠᠨᠰᠠᠷ ᠦᠭᠡᠳᠡ ᠮᠤᠷᠳᠠᠬᠤ ᠰᠢᠭ | ᠤᠬᠳᠠᠷᠭᠤᠢ ᠰᠡᠯᠢᠵᠤ ᠬᠦᠬᠡᠷᠡᠨ ᠬᠦᠪᠪᠤᠯᠠ | ᠵᠢᠭᠦᠷ ᠦᠭᠡᠢ ᠴᠤ ᠲᠡᠪᠢᠨ ᠪᠠᠶᠢᠵᠤ | ᠵᠢᠷᠬᠢᠬᠦ ᠰᠢᠪᠠᠭᠤᠳ ᠠᠴᠠ ᠴᠦ ᠦᠨᠳᠤᠷ ᠨᠢᠰᠪᠡ | ᠤᠳᠠᠰᠤ ᠠᠴᠠ ᠪᠠᠨ ᠲᠠᠯᠪᠢᠬᠳᠠᠬᠰᠠᠨ ᠲᠡᠷᠡ | ᠤᠯᠠᠭᠠᠨ ᠨᠤᠭᠤᠭᠠᠨ ᠦᠩᠭᠡ ᠬᠠᠶᠠᠯᠤᠨ | ᠤᠯᠠᠨ ᠬᠠᠷᠠᠴᠠ ᠤᠷᠬᠢᠨ ᠬᠤᠯᠠᠳᠠᠪᠠ | ᠤᠭᠤᠰᠤᠷ ᠦᠭᠡᠢ ᠰᠠᠯᠬᠢ ᠲᠠᠳᠡ ᠬᠤᠶᠠᠷ ᠪᠦᠷ ᠠᠳᠠᠯᠢᠬᠠᠨ | ᠤᠴᠢᠬᠤ ᠭᠠᠵᠠᠷ ᠢ ᠨᠢ ᠤᠷᠴᠢᠯᠠᠩ ᠴᠦ ᠮᠡᠳᠡᠬᠦ ᠦᠭᠡᠢ | ᠤᠮᠪᠠᠭᠰᠠᠭᠠᠷ ᠨᠢᠰᠦᠭᠰᠡᠭᠡᠷ | ᠤᠯᠠᠨ ᠠᠴᠠ ᠪᠠᠷ᠎ᠠ ᠲᠠᠰᠤᠷᠠᠯ᠎ᠠ | ᠤᠷᠬᠢᠬᠰᠠᠭᠠᠷ ᠬᠤᠯᠠᠳᠠᠬᠰᠠᠭᠠᠷ | ᠦᠷᠳᠡᠭᠡ ᠴᠦ ᠦᠭᠡᠢ ᠠᠶᠠᠯᠠᠪᠠ | ᠦᠭᠡ ᠲᠠᠭᠤ ᠦᠭᠡᠢ ᠡᠭᠦᠯᠡ ᠰᠢᠭ ᠨᠡᠭᠦᠪᠡ | ᠶᠠᠭᠤᠨ ᠠᠴᠠ ᠴᠦ ᠬᠦᠩᠭᠡᠨ ᠶᠤᠮ ᠪᠤᠯᠬᠤᠷ | ᠶᠢᠷᠳᠢᠨᠴᠤ ᠠᠴᠠ ᠬᠠᠰᠤᠬᠳᠠᠬᠤ ᠰᠢᠭ᠋ ᠠᠶᠠᠷᠯᠠᠯ᠎ᠠ | | | | | | | | | | |