ᠤᠷᠳᠤᠰ ᠬᠤᠷᠢᠮ ᠳᠠᠬᠢ ︽ᠰᠢᠨ᠎ᠡ ᠪᠡᠷᠢ ᠶᠢ ᠰᠢᠷᠢᠭ ᠠᠯᠬᠤᠭᠤᠯᠬᠤ︾ ᠲᠤᠬᠠᠢ ᠦᠬᠦᠯᠡᠬᠦᠢ
ᠨᠡᠶᠢᠲᠡᠯᠡᠭᠰᠡᠨ ᠴᠠᠭ᠄
2021/5/27
                                                                           ᠴᠢ᠊ · ᠲᠠᠯᠠᠢ              ᠮᠤᠩᠭᠤᠯ ᠬᠤᠷᠢᠮ ᠤᠨ ᠶᠤᠰᠤᠨ ᠪᠤᠯ ᠨᠠᠷᠢᠨ ᠨᠢᠭᠳᠠ ᠶᠠᠪᠤᠴᠠ ᠲᠠᠢ᠂ ᠲᠦᠪ ᠴᠢᠩᠭ᠎ᠠ ᠲᠦᠷᠢᠮ ᠶᠤᠰᠤ ᠲᠠᠢ᠂ ᠡᠮᠬᠢ ᠴᠡᠭᠴᠡ ᠲᠠᠢ ᠶᠠᠪᠤᠭᠳᠠᠳᠠᠭ ᠤᠷᠤᠭ ᠬᠤᠯᠪᠤᠬᠤ ᠶᠤᠰᠤᠯᠠᠯ ᠤᠨ ᠵᠠᠩ ᠤᠶᠢᠯᠡ ᠪᠤᠶᠤ᠃ ᠬᠤᠷᠢᠮ ᠤᠨ ᠶᠤᠰᠤᠯᠠᠯ ᠪᠤᠯ ᠬᠦᠮᠦᠨ ᠤ ᠨᠢᠬᠡ ᠨᠠᠰᠤᠨ ᠳᠤ ᠪᠡᠶ᠎ᠡ ᠳᠡᠭᠡᠨ ᠬᠢᠳᠡᠭ ᠬᠠᠮᠤᠭ ᠤᠨ ᠶᠡᠭᠡ ᠪᠠᠶᠠᠷ ᠨᠠᠶᠢᠷ ᠪᠤᠯᠤᠨ᠎ᠠ᠃ ᠮᠤᠩᠭᠤᠯᠴᠤᠳ ᠦᠷ᠎ᠡ ᠬᠡᠦᠬᠡᠳ ᠤᠨ ᠢᠶᠠᠨ ᠤᠷᠤᠭ ᠤᠨ ᠶᠠᠪᠤᠳᠠᠯ ᠢ ︽ ᠪᠡᠶ᠎ᠡ ᠪᠦᠳᠦᠭᠰᠡᠨ︾ ᠲᠤᠮᠤ ᠶᠠᠪᠤᠳᠠᠯ ᠬᠡᠵᠦ ᠮᠠᠰᠢ ᠴᠢᠬᠤᠯᠠᠴᠢᠯᠠᠨ ᠦᠵᠡᠳᠡᠭ ᠮᠦᠷᠳᠡᠬᠡᠨ ᠬᠤᠷᠢᠮ ᠤᠨ ᠶᠤᠰᠤᠯᠠᠯ ᠢ ᠦᠪᠡᠳᠡᠭᠰᠢ ᠶᠡᠭᠡ ᠪᠠᠷ ᠬᠦᠷ ᠬᠦᠭᠵᠢᠶᠡᠨ ᠲᠠᠢ ᠶᠠᠪᠤᠭᠳᠠᠭᠤᠯᠳᠠᠭ᠃ ᠲᠡᠬᠡᠬᠦ ᠳᠡᠭᠡᠨ ᠲᠤᠰ ᠦᠢᠯᠡ ᠶᠢ ᠬᠦᠢᠴᠡᠳᠬᠡᠬᠦ ᠳᠤ ᠮᠠᠰᠢ ᠠᠷᠪᠢᠨ ᠶᠠᠪᠤᠴᠠ ᠪᠡ ᠲᠠᠰ ᠲᠠᠷᠠᠭ᠎ᠠ ᠵᠢᠴᠢ ᠰᠢᠳᠦᠯᠬᠡ ᠪᠢᠰᠢᠷᠠᠯ᠂ ᠪᠡᠯᠬᠡᠳᠡᠯ ᠤᠨ ᠰᠢᠨᠵᠢ ᠲᠠᠢ ᠪᠠᠶᠢᠳᠠᠭ ᠢᠶᠠᠷ ᠪᠠᠷᠠᠬᠤ ᠦᠬᠡᠢ ᠤᠷᠳᠤᠰ ᠮᠤᠩᠭᠤᠯᠴᠤᠳ ᠨᠢ ᠲᠡᠦᠬᠡ ᠶᠢᠨ ᠰᠢᠯᠳᠠᠭᠠᠨ ᠪᠤᠶᠤ ᠭᠠᠵᠠᠷ ᠤᠷᠤᠨ ᠤ ᠦᠪᠡᠷᠮᠢᠴᠠ ᠤᠷᠴᠢᠨ ᠠᠴᠠ ᠪᠤᠯᠵᠤ ᠤᠷᠤᠭ ᠬᠤᠷᠢᠮ ᠤᠨ ᠶᠤᠰᠤᠨ ᠲᠡᠭᠡᠷ᠎ᠠ ᠴᠤ ᠢᠯᠡ ᠲᠤᠳᠤ ᠦᠪᠡᠷᠮᠢᠴᠡ ᠵᠠᠩ ᠦᠢᠯᠡ ᠶᠢᠨ ᠤᠯᠠᠮᠵᠢᠯᠠᠯᠳᠤ ᠰᠤᠶᠤᠯ ᠲᠠᠢ ᠪᠠᠶᠢᠳᠠᠭ᠃                 ᠴ᠊ · ᠬᠠᠰᠪᠢᠯᠢᠭ᠍ᠳᠦ ᠪᠠᠭᠰᠢ ᠶᠢᠨ ᠨᠠᠶᠢᠷᠠᠭᠤᠯᠤᠨ ᠪᠢᠴᠢᠭᠰᠡᠨ ︽ᠤᠷᠳᠤᠰ ᠬᠤᠷᠢᠮ︾ ᠨᠤᠮ ᠳᠤ ᠤᠳᠤᠭ ᠬᠤᠷᠢᠮ ᠤᠨ ᠲᠠᠰ ᠲᠠᠷᠠᠭ᠎ᠠ ᠶᠢ ᠬᠤᠷᠢᠮ ᠤᠨ ᠡᠮᠤᠨᠡᠬᠢ ᠪᠠᠯᠠᠳᠬᠡᠯ ᠪᠡ ᠬᠦᠢᠴᠡᠳᠬᠡᠯ ᠤᠨ ᠶᠤᠰᠤᠨ᠂ ᠬᠤᠷᠢᠮ ᠤᠨ ᠡᠬᠢᠯᠡᠯᠳᠡ ᠪᠡ ᠰᠠᠭᠠᠳᠠᠭ ᠮᠤᠷᠳᠠᠬᠤ ᠶᠤᠰᠤᠨ᠂ ᠰᠠᠭᠠᠳᠠᠭ ᠤᠨ ᠬᠦᠮᠦᠰ ᠢ ᠤᠭᠳᠤᠬᠤ ᠪᠡ ᠡᠬᠦᠳᠡ ᠲᠠᠷᠤᠬᠤ ᠶᠤᠰᠤᠨ᠂ ᠬᠤᠷᠢᠮ ᠤᠨ ᠮᠡᠩᠯᠡᠢ ᠵᠤᠷᠢᠭ ᠮᠡᠳᠡᠬᠦᠯᠬᠦ ᠪᠡ ᠨᠠᠷ᠎ᠠ ᠵᠢᠯ ᠭᠤᠶᠤᠬᠤ ᠶᠤᠰᠤᠨ᠂ ᠬᠡᠦᠬᠡᠨ ᠢᠶᠠᠨ ᠪᠤᠭᠳᠤᠯᠠᠵᠤ ᠮᠤᠷᠳᠠᠭᠤᠯᠬᠤ ᠪᠡ ᠬᠦᠷᠬᠡᠵᠦ ᠦᠭᠬᠦ ᠶᠤᠰᠤᠨ᠂ ᠰᠢᠨ᠎ᠡ ᠪᠡᠷᠢ ᠶᠢ ᠰᠢᠷᠢᠭ ᠠᠯᠬᠤᠭᠤᠯᠬᠤ ᠪᠡ ᠭᠠᠯ ᠳᠤ ᠮᠦᠷᠬᠦᠬᠦᠯᠬᠦ ᠶᠤᠰᠤᠨ᠂ ᠬᠡᠪᠡᠢ ᠶᠢᠨ ᠬᠤᠷᠢᠮ ᠲᠠᠯᠪᠢᠬᠤ ᠪᠠ ᠬᠡᠶᠢᠴᠢᠳ ᠢ ᠮᠤᠷᠳᠠᠭᠤᠯᠬᠤ ᠶᠤᠰᠤᠨ ᠬᠡᠮᠡᠨ ᠲᠤᠯᠤᠭᠠᠨ ᠠᠯᠬᠤᠮ ᠬᠤᠪᠢᠶᠠᠨ ᠦᠬᠦᠯᠡᠭᠰᠡᠨ ᠪᠠᠶᠢᠨ᠎ᠠ᠃ ᠲᠡᠬᠡᠬᠦ ᠳᠡᠭᠡᠨ ᠰᠢᠨ᠎ᠡ ᠪᠡᠷᠢ ᠶᠢ ᠰᠢᠷᠢᠭ ᠠᠯᠬᠤᠭᠤᠯᠬᠤ ᠶᠤᠰᠤᠨ ᠢ ᠬᠠᠮᠢᠶ᠎ᠠ ᠪᠦᠬᠦᠢ ᠮᠠᠲ᠋ᠧᠷᠢᠶᠠᠯ ᠳᠤ ︽ᠬᠠᠮᠤᠭ ᠤᠨ ᠤᠷᠢᠳ ᠰᠦ ᠲᠠᠢ ᠤᠰᠤ ᠠᠪᠴᠢᠷᠠᠵᠤ ᠪᠡᠷᠢ ᠶᠢᠨ ᠨᠢᠭᠤᠷ ᠭᠠᠷ ᠢ ᠤᠬᠢᠶᠠᠨ᠎ᠠ᠃ ᠬᠤᠶᠠᠷ ᠬᠡᠰᠡᠭ ᠲᠦᠯᠡᠰᠢ ᠰᠢᠪᠠᠭ ᠪᠠᠵᠠᠭᠠᠨ᠎ᠠ᠂ ᠡᠬᠦᠨ ᠤ ᠲᠤᠮᠳᠠ ᠨᠢᠬᠡᠨ ᠮᠤᠳᠤ ᠶᠢ ᠬᠦᠨᠳᠠᠯᠠᠨ ᠲᠠᠯᠪᠢᠭᠠᠳ ᠲᠡᠬᠡᠷ᠎ᠡ ᠨᠢ ᠢᠰᠡᠬᠡᠢ ᠲᠡᠪᠢᠰᠦᠬᠡᠳ ᠬᠤᠶᠠᠷ ᠲᠡᠯ᠎ᠡ ᠶᠢᠨ ᠰᠢᠪᠠᠭ ᠢ ᠠᠷᠴᠠ ᠲᠠᠪᠤᠰᠤ ᠬᠢᠵᠦ ᠰᠢᠳᠠᠭᠠᠮᠠᠭᠴᠠ ᠰᠢᠨ᠎ᠡ ᠪᠡᠷᠢ ᠪᠠᠨ ᠪᠡᠷᠬᠡᠳ ᠨᠢ ᠭᠠᠯ ᠤᠨ ᠲᠤᠮᠳᠠᠭᠤᠷ ᠭᠠᠷᠭᠠᠬᠤ ᠪᠠᠷ ᠲᠤᠯᠤᠭ ᠲᠡᠬᠡᠷ᠎ᠡ ᠲᠠᠭᠠᠭᠤᠯᠵᠤ ᠢᠷᠡᠬᠦ ᠳᠤ ᠬᠦᠷᠬᠡᠨ ᠬᠦᠦ ᠲᠠᠰᠢᠭᠤᠷ ᠢᠶᠠᠨ ᠪᠠᠷᠢᠵᠤ ᠰᠢᠨ᠎ᠡ ᠪᠡᠷᠢ ᠳᠤ ᠲᠠᠰᠢᠭᠤᠷ ᠤᠨ ᠨᠢᠬᠡᠨ ᠦᠵᠦᠬᠦᠷ ᠢ ᠦᠭᠬᠦ ᠳᠤ ᠰᠢᠨ᠎ᠡ ᠪᠡᠷᠢ ᠲᠠᠬᠦᠨ ᠠᠴᠠ ᠨᠤᠴᠤᠨ ᠠᠪᠤᠭᠠᠳ ᠠᠯᠬᠤᠨ ᠭᠠᠷᠴᠤ ᠢᠷᠡᠨ᠎ᠡ︾ ᠬᠡᠮᠡᠨ ᠲᠡᠮᠳᠡᠭᠯᠡᠵᠦ ᠪᠠᠶᠢᠳᠠᠭ᠃                  ᠲᠤᠷᠤᠭᠰᠢ ᠵᠤᠬᠢᠶᠠᠭᠴᠢ ᠪᠢ ᠲᠤᠰ ᠦᠬᠦᠯᠡᠯ ᠢᠶᠠᠨ ︽ᠤᠷᠳᠤᠰ ᠬᠤᠷᠢᠮ ᠳᠠᠬᠢ ︿ᠰᠢᠨ᠎ᠡ ᠪᠡᠷᠢ ᠶᠢ ᠰᠢᠷᠢᠭ ᠠᠯᠬᠤᠭᠤᠯᠬᠤ﹀ ᠲᠤᠬᠠᠢ ᠦᠬᠦᠯᠡᠬᠦᠢ︾ ᠬᠡᠮᠡᠨ ᠭᠠᠷᠴᠠᠭᠯᠠᠵᠤ᠂ ᠨᠤᠮ ᠪᠢᠴᠢᠭ ᠠᠴᠠ ᠤᠩᠰᠢᠵᠤ ᠮᠡᠳᠡᠭᠰᠡᠨ ᠵᠦᠢᠯ ᠲᠡᠬᠡᠷ᠎ᠡ ᠦᠪᠡᠷ ᠤᠨ ᠪᠤᠳᠤᠵᠤ ᠤᠯᠤᠭᠰᠠᠨ ᠢᠶᠠᠨ ᠡᠪᠯᠡᠬᠦᠯᠦᠬᠡᠳ᠂ ︽ᠰᠢᠨ᠎ᠡ ᠪᠡᠷᠢ ᠶᠢ ᠰᠢᠷᠢᠭ ᠠᠯᠬᠤᠭᠤᠯᠬᠤ︾ ᠲᠤᠬᠠᠢ ᠦᠪᠡᠷ ᠤᠨ ᠦᠵᠡᠯᠳᠡ ᠪᠠᠨ ᠲᠤᠷᠠᠳᠪᠠᠢ᠃ ᠦᠵᠡᠬᠦ ᠮᠡᠷᠬᠡᠳ ᠰᠢᠬᠦᠮᠵᠢᠯᠡᠨ ᠰᠤᠷᠭᠠᠵᠤ ᠠᠵᠢᠶᠠᠮᠤ᠃                  ᠰᠢᠷᠢᠭ ᠬᠡᠳᠡᠭ ᠪᠤᠯ ᠭᠠᠯ ᠢᠶᠠᠷ ᠠᠷᠢᠭᠤᠳᠬᠠᠯ ᠬᠢᠬᠦ ᠶᠢ ᠵᠢᠭᠠᠳᠠᠭ ᠦᠬᠡ᠃ ᠲᠡᠬᠡᠪᠡᠯ ᠶᠠᠭᠤᠨ ᠤ ᠤᠴᠢᠷ ᠠᠴᠠ ᠭᠠᠯ ᠢᠶᠠᠷ ᠠᠷᠢᠭᠤᠳᠬᠠᠯ ᠬᠢᠳᠡᠭ ᠪᠤᠢ ᠬᠡᠳᠡᠭ ᠢ ᠨᠠᠷᠢᠨ ᠲᠠᠶᠢᠯᠪᠤᠷᠢᠯᠠᠬᠤ ᠳᠤ ᠡᠷᠬᠡᠪᠰᠢ ᠮᠤᠩᠭᠤᠯᠴᠤᠳ ᠤᠨ ᠰᠢᠳᠦᠯᠬᠡ ᠪᠢᠰᠢᠷᠠᠯ ᠠᠴᠠ ᠡᠬᠢᠯᠡᠨ ᠦᠬᠦᠯᠡᠬᠦ ᠬᠡᠷᠡᠭᠳᠡᠢ᠃ ᠡᠷᠳᠡ ᠲᠡᠬᠡᠷ᠎ᠡ ᠴᠠᠭ ᠦᠶ᠎ᠡ ᠠᠴᠠ ᠮᠤᠩᠭᠤᠯ ᠤᠭᠰᠠᠭᠠᠳᠠᠨ ᠨᠡᠬᠦᠳᠡᠯᠯᠡᠵᠦ᠂ ᠮᠠᠯ ᠢᠶᠠᠨ ᠮᠠᠯᠯᠠᠵᠤ ᠠᠮᠢᠳᠤᠷᠠᠭᠰᠠᠭᠠᠷ ᠤᠯᠠᠨ ᠮᠢᠩᠭᠠᠨ ᠵᠢᠯ ᠢ ᠦᠳᠡᠬᠦ ᠳᠡᠭᠡᠨ ᠦᠪᠡᠷᠰᠡᠳ ᠤᠨ ᠠᠮᠢᠳᠤᠷᠠᠯ ᠤᠨ ᠬᠡᠪ ᠮᠠᠶ᠋ᠢᠭ ᠲᠤ ᠲᠤᠬᠢᠷᠠᠭᠰᠠᠨ ᠤᠨᠴᠠᠯᠢᠭ ᠲᠠᠢ ᠰᠢᠳᠦᠯᠬᠡ ᠶᠢᠨ ᠬᠡᠯᠪᠡᠷᠢ ᠶᠢ ᠪᠤᠢ ᠪᠤᠯᠭᠠᠵᠠᠢ᠃ ᠮᠤᠩᠭᠤᠯᠴᠤᠳ ᠤᠨ ᠡᠨᠡ ᠬᠦ ᠰᠢᠳᠦᠯᠬᠡ ᠶᠢᠨ ᠬᠡᠯᠪᠡᠷᠢ ᠨᠢ ᠡᠷᠳᠡ ᠴᠠᠭ ᠠᠴᠠ ᠪᠦᠬᠡ ᠮᠦᠷᠬᠦᠯ ᠢᠶᠠᠷ ᠲᠠᠮᠵᠢᠨ ᠲᠦᠯᠤᠪᠰᠢᠷᠡᠵᠡᠢ ᠬᠡᠰᠡᠨ ᠢ ᠮᠤᠩᠭᠤᠯ ᠤᠯᠤᠰ ᠤᠨ ᠠᠺᠠᠳᠧᠮᠢᠴᠢ ᠴ᠊ · ᠲᠠᠯᠠᠢ ᠨᠠᠷᠢᠨ ᠲᠠᠶᠢᠯᠪᠤᠷᠢᠯᠠᠯᠳᠠ ᠬᠢᠭᠰᠡᠨ ᠢᠶᠠᠷ ᠪᠠᠷᠠᠬᠤ ᠦᠬᠡᠢ᠂ ᠮᠤᠩᠭᠤᠯᠴᠤᠳ ᠤᠨ ᠪᠦᠬᠡ ᠮᠦᠷᠬᠦᠯ ᠤᠨ ᠰᠤᠶᠤᠯ ᠨᠢ ᠨᠡᠩ ᠡᠷᠳᠡᠨ ᠠᠴᠠ ᠤᠯᠪᠠᠭ᠎ᠠ ᠲᠠᠢ ᠪᠦᠬᠡᠳ ᠤᠨᠴᠠ ᠶᠢᠨ ᠦᠬᠡᠷᠡᠴᠢᠯᠡᠯᠳᠡ ᠦᠬᠡᠢ ᠬᠠᠳᠠᠭᠠᠯᠠᠭᠳᠠᠨ ᠢᠷᠡᠭᠰᠡᠨ ᠬᠡᠳᠡᠭ ᠢ ᠮᠠᠰᠢ ᠠᠷᠪᠢᠨ ᠰᠤᠳᠤᠷ ᠨᠤᠮ ᠪᠤᠶᠤ ᠤᠯᠠᠮᠵᠢᠯᠠᠭᠳᠠᠨ ᠢᠷᠡᠭᠰᠡᠨ ᠵᠠᠩ ᠦᠢᠯᠡ ᠬᠡᠷᠡᠴᠢᠯᠠᠵᠦ ᠪᠤᠢ᠃                  ᠬᠦᠮᠦᠨ ᠲᠦᠷᠦᠯᠬᠢᠳᠡᠨ ᠡᠬᠦᠰᠴᠦ ᠬᠦᠭᠵᠢᠬᠦ ᠵᠢᠮ᠎ᠡ ᠪᠠᠷ ᠮᠤᠩᠭᠤᠯᠴᠤᠳ ᠴᠤ ᠭᠠᠯ ᠲᠠᠢ ᠤᠶᠢᠷᠠᠳᠴᠤ ᠭᠠᠯ ᠢ ᠲᠠᠨᠢᠵᠤ᠂ ᠭᠠᠯ ᠢ ᠲᠦᠰᠢᠭᠯᠡᠵᠦ᠂ ᠭᠠᠯ ᠢ ᠠᠰᠢᠭᠯᠠᠵᠤ᠂ ᠭᠠᠯ ᠲᠠᠢ ᠤᠨᠴᠠ ᠶᠢᠨ ᠬᠠᠷᠢᠴᠠᠭ᠎ᠠ ᠲᠠᠢ ᠪᠤᠯᠤᠭᠰᠠᠨ ᠠᠴᠠ ᠪᠦᠬᠡ ᠮᠦᠷᠬᠦᠯ ᠳᠤ ᠭᠠᠯ ᠤᠨ ᠰᠢᠳᠦᠯᠬᠡ ᠪᠤᠢ ᠪᠤᠯᠵᠠᠢ᠃ ᠬᠡᠪᠡᠴᠦ ᠮᠤᠩᠭᠤᠯᠴᠤᠳ ᠬᠡᠵᠢᠶ᠎ᠡ ᠠᠴᠠ ᠭᠠᠯ ᠢ ᠲᠠᠬᠢᠬᠤ ᠪᠤᠯᠤᠭᠰᠠᠨ᠂ ᠬᠡᠷᠬᠢᠨ ᠲᠠᠬᠢᠵᠤ ᠪᠠᠶᠢᠭᠰᠠᠨ ᠢ ᠬᠡᠷᠡᠴᠢᠯᠡᠬᠦ ᠬᠡᠷᠡᠭᠯᠡᠭᠳᠡᠬᠦᠨ ᠲᠤᠩ ᠬᠤᠪᠤᠷ ᠪᠠᠶᠢᠳᠠᠭ ᠪᠤᠯᠪᠠᠴᠤ ︽ᠮᠤᠩᠭᠤᠯ ᠤᠨ ᠨᠢᠭᠤᠴᠠ ᠲᠤᠪᠴᠢᠶᠠᠨ︾ ᠵᠢᠴᠢ ᠡᠷᠳᠡᠨ ᠤ ᠭᠤᠷᠪᠠᠨ ᠶᠡᠭᠡ ᠵᠢᠭᠤᠯᠴᠢᠨ ᠤ ᠠᠯᠳᠠᠷᠳᠤ ᠵᠤᠬᠢᠶᠠᠯ ︽ᠫᠯᠠᠨ ᠺᠡᠷᠫᠢᠨ ᠤ ᠵᠢᠭᠤᠯᠴᠢᠯᠡᠯ ᠤᠨ ᠲᠡᠮᠳᠡᠭᠯᠡᠯ︾ ᠂ ︽ᠸᠢᠯᠯᠢᠶᠡᠮ ᠷᠦᠪᠷᠦᠩ ᠤᠨ ᠵᠢᠭᠤᠯᠴᠢᠯᠡᠯ ᠤᠨ ᠲᠡᠮᠳᠡᠭᠯᠡᠯ︾ ᠬᠢᠬᠡᠳ ︽ᠮᠠᠷᠺᠦ ᠫᠤᠯᠣ᠋ ᠶᠢᠨ ᠵᠢᠭᠤᠯᠴᠢᠯᠡᠯ ᠤᠨ ᠲᠡᠮᠳᠡᠭᠯᠡᠯ︾ ᠨᠢ ᠠᠷᠪᠠᠨ ᠭᠤᠷᠪᠠᠳᠤᠭᠠᠷ ᠵᠠᠭᠤᠨ ᠤ ᠦᠶ᠎ᠡ ᠶᠢᠨ ᠮᠤᠩᠭᠤᠯ ᠤᠨ ᠨᠡᠶᠢᠬᠡᠮ ᠤᠨ ᠤᠯᠤᠰ ᠲᠦᠷᠦ᠂ ᠡᠳ᠋ ᠤᠨ ᠵᠠᠰᠠᠭ᠂ ᠴᠡᠷᠢᠭ ᠲᠠᠶᠢᠨ᠂ ᠬᠠᠤᠯᠢ ᠴᠠᠭᠠᠵᠠ᠂ ᠰᠤᠶᠤᠯ ᠤᠷᠠᠯᠢᠭ᠂ ᠱᠠᠰᠢᠨ ᠰᠢᠳᠦᠬᠡᠨ᠂ ᠬᠡᠯᠡ ᠪᠢᠴᠢᠭ᠂ ᠵᠠᠩ ᠲᠠᠳᠬᠠᠯ ᠬᠡᠬᠦ ᠮᠡᠳᠦ ᠲᠠᠯ᠎ᠠ ᠲᠠᠯ᠎ᠠ ᠶᠢᠨ ᠪᠠᠶᠢᠳᠠᠯ ᠢ ᠪᠠᠷᠤᠭ ᠬᠡᠬᠡᠭᠳᠡᠬᠦᠯᠦᠭᠰᠡᠨ ᠦᠬᠡᠢ ᠪᠦᠷᠢᠨ ᠲᠡᠬᠦᠯᠳᠡᠷ᠂ ᠦᠨᠡᠨ ᠪᠤᠳᠠᠳᠠᠢ ᠂ ᠨᠠᠷᠢᠨ ᠲᠤᠳᠤᠷᠬᠠᠢ ᠲᠡᠮᠳᠡᠭᠯᠡᠵᠦ ᠦᠯᠡᠳᠡᠬᠡᠭᠰᠡᠨ ᠪᠠᠶᠢᠳᠠᠭ᠃                  ᠮᠤᠩᠭᠤᠯᠴᠤᠳ ᠠᠯᠢ ᠡᠷᠳᠡᠨ ᠠᠴᠠ ᠨᠠᠷᠠ᠂ ᠰᠠᠷᠠ᠂ ᠭᠠᠯ ᠬᠢᠬᠡᠳ ᠤᠰᠤ᠂ ᠭᠠᠵᠠᠷ ᠲᠡᠯᠡᠬᠡᠢ ᠶᠢ ᠴᠤ ᠴᠢᠩ ᠦᠨᠠᠨᠴᠢ ᠪᠠᠷ ᠰᠦᠰᠦᠭᠯᠡᠨ᠂ ᠭᠠᠯ ᠤᠨ ᠲᠡᠷᠬᠡᠳᠡ ᠰᠦᠬᠡ ᠪᠠᠷ ᠶᠠᠭᠤᠮ᠎ᠠ ᠴᠠᠪᠴᠢᠬᠤ ᠬᠡᠬᠦ ᠮᠡᠳᠦᠴᠢᠯᠡᠭᠰᠡᠨ ᠶᠡᠪᠤᠳᠠᠯ ᠤᠳ ᠴᠦᠮ ︽ᠭᠠᠯ︾ ᠤᠨ ᠲᠤᠯᠤᠭᠠᠢ ᠶᠢ ᠴᠠᠪᠴᠢᠭᠰᠠᠨ ᠨᠢᠬᠦᠯ ᠬᠡᠵᠦ ᠴᠢᠩᠭ᠎ᠠ ᠵᠢᠷᠤᠮᠯᠠᠳᠠᠭ ᠠᠴᠠ ᠪᠤᠵᠠᠷ ᠪᠤᠷᠳᠠᠭ ᠶᠠᠭᠤᠮ᠎ᠠ ᠶᠢ ᠭᠠᠯ ᠳᠤ ᠦᠯᠦ ᠬᠠᠶᠠᠬᠤ᠂ ᠭᠠᠯ ᠤᠷᠤᠭᠤ ᠦᠯᠦ ᠨᠤᠯᠮᠤᠬᠤ᠂ ᠭᠠᠯ ᠤᠨ ᠤᠪᠤᠭᠠᠨ ᠲᠡᠷᠬᠡᠳᠡ ᠦᠯᠦ ᠠᠯᠴᠠᠶᠢᠵᠤ ᠰᠠᠭᠤᠬᠤ᠂ ᠭᠠᠯ ᠳᠤ ᠬᠢᠳᠤᠭ᠎ᠠ ᠲᠦᠷᠦᠬᠦ ᠶᠢ ᠴᠡᠬᠡᠷᠯᠡᠬᠦ᠂ ᠭᠠᠯ ᠳᠤ ᠮᠤᠷᠢᠨ ᠬᠤᠮᠤᠯ ᠦᠯᠤ ᠲᠦᠯᠡᠬᠦ᠂ ᠭᠠᠯ ᠢ ᠴᠢᠴᠢᠯᠡᠬᠦ ᠶᠢ ᠴᠡᠬᠡᠷᠯᠡᠳᠡᠭ ᠪᠠᠶᠢᠵᠠᠢ᠃ ᠭᠠᠯ ᠤᠨ ᠴᠡᠬᠡᠷ ᠲᠠᠢ ᠬᠤᠯᠪᠤᠭᠳᠠᠭᠤᠯᠤᠨ ᠮᠤᠩᠭᠤᠯ ᠤᠨ ᠪᠦᠬᠡ ᠶᠢᠨ ᠮᠦᠷᠬᠦᠯᠳᠡᠨ ᠨᠦᠭᠦᠳ ᠪᠡᠰᠠ ᠭᠠᠯ ᠪᠤᠯ ᠪᠠᠷᠴᠢᠳ ᠢ ᠲᠠᠷᠤᠬᠤ ᠶᠠᠷᠤ ᠪᠤᠰᠤ ᠶᠢᠨ ᠴᠢᠳᠠᠯ ᠲᠠᠢ ᠬᠡᠵᠦ ᠢᠳᠡᠬᠡᠨ ᠰᠢᠳᠦᠳᠡᠭ᠃ ᠲᠡᠬᠡᠬᠡᠳ ︽ᠶᠠᠭᠤᠮ᠎ᠠ ᠪᠦᠬᠦᠨ ᠴᠦᠮ ᠭᠠᠯ ᠳᠤ ᠠᠷᠢᠭᠤᠳᠬᠠᠬᠳᠠᠳᠠᠭ︾ ᠬᠡᠮᠡᠨ ᠦᠵᠡᠳᠡᠭ ᠪᠤᠯᠬᠤᠷ ︽ᠬᠤᠶᠠᠷ ᠬᠡᠰᠡᠭ ᠭᠠᠯ ᠤᠨ ᠲᠤᠮᠳᠠᠭᠤᠷ ᠶᠠᠪᠤᠭᠤᠯᠤᠨ ᠭᠠᠯ ᠤᠨ ᠠᠷᠢᠭᠤᠳᠬᠠᠯ︾ ᠬᠢᠬᠦ ᠳᠡᠭᠡᠨ᠄                  ︽ᠰᠠᠬᠢᠭᠤᠯᠰᠤᠨ ᠲᠡᠭᠷᠢ ᠶᠢ ᠪᠤᠵᠠᠷᠯᠠᠭᠰᠠᠨ ᠪᠦᠬᠡᠰᠦ᠂                    ᠰᠠᠶᠢᠨ ᠤ ᠬᠡᠬᠡᠨ ᠬᠤᠭᠤᠰᠤᠨ᠎ᠠ ᠠᠷᠢᠭᠤᠳᠬᠠᠬᠤ ᠪᠤᠯᠳᠤᠭᠠᠢ                    ᠁ ᠁                  ᠁ ᠁                    ᠤᠳᠬᠠᠨ ᠭᠠᠯ ᠤᠨ ᠲᠡᠭᠷᠢ ᠪᠤᠵᠠᠷᠯᠠᠭᠰᠠᠨ ᠪᠦᠬᠡᠰᠦ᠂                    ᠦᠨᠡᠨ ᠰᠠᠩ ᠤᠨ ᠦᠨᠦᠷ ᠢᠶᠠᠷ ᠠᠷᠢᠭᠤᠳᠬᠠᠬᠤ ᠪᠤᠯᠳᠤᠭᠠᠢ︾ ᠬᠡᠵᠦ ᠠᠯᠢᠪᠠ ᠵᠦᠢᠯ ᠪᠤᠵᠠᠷᠯᠠᠪᠠᠰᠤ᠂ ᠴᠦᠮ ᠲᠡᠭᠷᠢ ᠰᠠᠬᠢᠭᠤᠰᠤ ᠶᠢ ᠪᠤᠵᠠᠷᠯᠠᠭᠰᠠᠨ ᠶᠠᠪᠤᠳᠠᠯ ᠪᠤᠯᠤᠨ᠎ᠠ ᠬᠡᠵᠦ ᠲᠤᠰᠬᠠᠢ ᠠᠷᠢᠭᠤᠯᠠᠬᠤ ᠰᠠᠩ ᠤᠡᠭᠰᠢᠵᠤ ᠭᠠᠯ ᠳᠤ ᠠᠷᠢᠭᠤᠯᠠᠳᠠᠭ ᠪᠠᠶᠢᠨ᠎ᠠ᠃ ᠭᠠᠯ ᠪᠤᠯ ᠭᠠᠢ ᠲᠦᠢᠳᠬᠡᠷ ᠢ ᠲᠠᠷᠤᠬᠤ ᠴᠢᠳᠠᠯ ᠲᠠᠢ ᠲᠡᠳᠦᠢ ᠪᠤᠰᠤ᠂ ᠪᠠᠰᠠ ᠬᠦᠮᠦᠨ ᠤ ᠬᠠᠷ᠎ᠠ ᠰᠠᠨᠠᠭ᠎ᠠ ᠶᠢ ᠴᠤ ᠤᠰᠠᠳᠬᠠᠵᠤ ᠴᠢᠳᠠᠨ᠎ᠠ ᠬᠡᠵᠦ ᠮᠤᠩᠭᠤᠯᠴᠤᠳ ᠦᠵᠡᠳᠡᠭ᠃ ᠬᠤᠶᠠᠷ ᠭᠠᠯ ᠤᠨ ᠲᠤᠮᠳᠠᠭᠤᠷ ᠶᠠᠪᠤᠭᠤᠯᠳᠠᠭ ᠵᠠᠩ ᠲᠠᠳᠬᠠᠯ ᠬᠢᠬᠡᠳ ᠶᠤᠰᠤᠯᠠᠯ ᠮᠦᠷᠬᠦᠯ ᠨᠢ ᠭᠠᠯ ᠤᠨ ᠰᠢᠳᠦᠯᠬᠡ ᠲᠠᠢ ᠰᠢᠭᠤᠳ ᠬᠤᠯᠪᠤᠭ᠎ᠠ ᠲᠠᠢ ᠪᠠᠶᠢᠳᠠᠭ᠃ ᠪᠢᠳᠠ ᠪᠦᠬᠦᠨ ᠤ ᠮᠡᠳᠡᠬᠡᠵᠢ ᠪᠠᠷ ᠮᠤᠩᠭᠤᠯᠴᠤᠳ ᠤᠨ ᠬᠢᠨ ᠤ ᠳᠤ ᠭᠠᠳᠠᠭᠠᠳᠤ ᠶᠢᠨ ᠡᠯᠴᠢᠨ ᠰᠠᠶᠢᠳ ᠢᠷᠡᠵᠦ ᠮᠤᠩᠭᠤᠯ ᠬᠠᠨ ᠳᠤ ᠪᠠᠷᠠᠭᠠᠯᠠᠬᠤ ᠦᠶ᠎ᠡ ᠳᠤ ᠡᠷᠬᠡᠪᠰᠢ ᠬᠤᠶᠠᠷ ᠬᠡᠰᠡᠭ ᠭᠠᠯ ᠤᠨ ᠲᠤᠮᠳᠠᠭᠤᠷ ᠶᠠᠪᠤᠭᠤᠯᠳᠠᠭ᠃ ᠤᠴᠢᠷ ᠨᠢ ᠭᠠᠯ ᠪᠤᠯ ᠬᠦᠮᠦᠰ ᠤᠨ ᠮᠠᠭᠤ ᠬᠡᠷᠡᠭ ᠦᠢᠯᠡᠳᠬᠦ ᠪᠤᠯᠤᠮᠵᠢ ᠶᠢ ᠤᠰᠠᠳᠬᠠᠵᠤ ᠴᠢᠳᠠᠨ᠎ᠠ ᠬᠡᠵᠦ ᠲᠡᠳᠡᠨᠡᠷ ᠦᠵᠡᠳᠡᠭ᠃ ᠡᠳᠡᠬᠡᠷ ᠵᠠᠩᠰᠢᠯ ᠨᠢ ᠦᠨᠦᠳᠦᠷ ᠪᠤᠯᠳᠠᠯ᠎ᠠ ᠪᠠᠰᠠ ᠮᠤᠩᠭᠤᠯᠴᠤᠳ ᠤᠨ ᠲᠤᠮᠳᠠ ᠡᠳᠦᠷ ᠲᠡᠳᠦᠢ ᠬᠠᠳᠠᠭᠠᠯᠠᠭᠳᠠᠭᠰᠠᠭᠠᠷ ᠪᠠᠶᠢᠭ᠎ᠠ ᠶᠤᠮ᠃                   ᠡᠬᠦᠨ ᠠᠴᠠ ᠦᠵᠡᠪᠡᠯ ᠭᠠᠯ ᠰᠢᠳᠦᠯᠬᠡ ᠪᠤᠯ ᠡᠷᠳᠡᠨ ᠤ ᠮᠤᠩᠭᠤᠯᠴᠤᠳ ᠤᠨ ᠠᠮᠢᠳᠤᠷᠠᠯ ᠲᠤᠮᠳᠠᠬᠢ ᠴᠢᠬᠤᠯᠠ ᠨᠢᠬᠡ ᠰᠢᠳᠦᠯᠬᠡ ᠪᠤᠯᠤᠭᠰᠠᠨ ᠢ ᠬᠠᠷᠠᠭᠤᠯᠵᠤ ᠪᠠᠶᠢᠨ᠎ᠠ᠃ ᠮᠤᠩᠭᠤᠯᠴᠤᠳ ᠤᠨ ᠭᠠᠯ ᠤᠨ ᠰᠢᠳᠦᠯᠬᠡ ᠪᠤᠯ ᠠᠯᠢ ᠡᠷᠳᠡ ᠪᠤᠢ ᠪᠤᠯᠤᠭᠰᠠᠨ ᠬᠡᠳᠡᠭ ᠢ ᠲᠡᠬᠡᠷᠡᠬᠢ ᠲᠤᠭᠠᠴᠢᠯᠳᠠ ᠬᠡᠷᠡᠴᠢᠯᠡᠵᠦ ᠪᠠᠶᠢᠬᠤ ᠪᠠᠷ ᠪᠠᠷᠠᠬᠤ ᠦᠬᠡᠢ ᠭᠠᠯ ᠤᠨ ᠰᠢᠳᠦᠬᠡᠨ ᠳᠤ ᠤᠩᠭᠤᠳ ᠤᠷᠤᠰᠢᠵᠤ ᠪᠤᠢ ᠲᠤᠯᠠ ᠲᠡᠷᠡ ᠨᠢ ᠠᠮᠢ ᠨᠠᠰᠤ ᠶᠢ ᠪᠠᠳᠤᠯᠠᠨ ᠬᠠᠮᠠᠭᠠᠯᠠᠵᠤ᠂ ᠠᠶᠤᠯ ᠪᠠᠷᠴᠢᠳ ᠢ ᠠᠷᠢᠯᠭᠠᠵᠤ᠂ ᠠᠪᠤᠷᠠᠯ ᠡᠨᠡᠷᠢᠯ ᠬᠦᠷᠳᠡᠬᠡᠳᠡᠭ ᠬᠡᠮᠡᠨ ᠦᠵᠡᠳᠡᠭ ᠪᠤᠯᠬᠤᠷ ᠭᠠᠯ ᠢᠶᠠᠨ ᠲᠡᠬᠢᠵᠦ᠂ ᠭᠠᠯ ᠳᠠᠭᠠᠨ ᠮᠦᠷᠬᠦᠨ᠂ ᠭᠠᠯ ᠳᠠᠭᠠᠨ ᠰᠢᠷᠢᠭᠯᠡᠳᠡᠭ ᠵᠠᠩ ᠦᠢᠯᠡ ᠪᠠᠨ ᠦᠨᠦᠳᠦᠷ ᠪᠤᠯᠳᠠᠯ᠎ᠠ ᠤᠯᠠᠮᠵᠢᠯᠠᠵᠤ᠂ ︽ᠭᠠᠯ ᠤᠨ ᠪᠤᠷᠬᠠᠨ ︾ ᠢᠶᠠᠨ ᠲᠡᠬᠡᠳᠦᠯᠡᠨ ᠲᠠᠬᠢᠳᠠᠭ᠃ ᠡᠷᠳᠡᠨ ᠤ ᠮᠤᠩᠭᠤᠯᠴᠤᠳ ᠭᠠᠯ ᠪᠤᠯ ᠪᠠᠷᠴᠢᠳ ᠢ ᠲᠠᠷᠤᠬᠤ ᠶᠡᠷᠦ ᠪᠤᠰᠤ ᠶᠢᠨ ᠬᠦᠴᠦᠨ ᠴᠢᠳᠠᠯ ᠲᠠᠢ ᠲᠡᠳᠦᠢ ᠪᠤᠰᠤ᠂ ᠠᠯᠢᠪᠠ ᠮᠠᠭᠤ ᠮᠠᠭᠤᠬᠠᠢ ᠶᠢ ᠤᠰᠠᠳᠬᠠᠨ᠂ ᠬᠠᠷᠠᠩᠭᠤᠢ ᠬᠦᠢᠳᠡᠨ ᠢ ᠦᠯᠳᠡᠨ᠂ ᠬᠡᠷᠡᠯ ᠬᠡᠬᠡ ᠪᠠ ᠬᠠᠯᠠᠭᠤᠨ ᠲᠤᠯᠠᠭᠠᠨ ᠢ ᠠᠪᠴᠢᠷᠠᠳᠠᠭ ᠬᠡᠮᠡᠬᠦ ᠪᠠᠯᠠᠷᠯᠢᠭ ᠦᠵᠡᠯᠳᠡ ᠲᠠᠢ ᠪᠠᠶᠢᠳᠠᠭ ᠠᠴᠠ ᠬᠦᠮᠦᠨ ᠤ ᠠᠮᠢᠳᠤᠷᠠᠯ ᠤᠨ ᠲᠤᠮᠳᠠᠬᠢ ︽ᠭᠠᠢ ᠲᠦᠢᠳᠬᠡᠷ︾ ᠢ ᠭᠠᠯ ᠢᠶᠠᠷ ᠠᠷᠢᠭᠤᠳᠬᠠᠨ ᠠᠷᠢᠯᠭᠠᠵᠤ ᠪᠤᠯᠳᠠᠭ ᠬᠡᠰᠡᠨ ᠭᠤᠸ᠎ᠠ ᠰᠠᠶᠢᠬᠠᠨ ᠤ ᠡᠷᠢᠯ ᠲᠠᠭᠠᠰᠢᠶᠠᠯ ᠬᠦᠬᠡᠬᠡᠴᠡᠯᠳᠦᠯ ᠤᠨ ᠠᠭᠤᠯᠭ᠎ᠠ ᠠᠭᠤᠯᠤᠭᠳᠠᠵᠤ ᠪᠠᠶᠢᠳᠠᠭ ᠃ ᠡᠶᠢᠮᠤ ᠠᠴᠠ ᠤᠷᠳᠤᠰᠴᠤᠳ ᠤᠨ ︽ᠰᠢᠨ᠎ᠡ ᠪᠡᠷᠢ ᠶᠢ ᠰᠢᠷᠢᠭ ᠠᠯᠬᠤᠭᠤᠯᠬᠤ︾ ᠶᠤᠰᠤᠨ ᠪᠤᠯ ᠨᠠᠶᠢᠳᠠ ᠮᠤᠩᠭᠤᠯᠴᠤᠳ ᠤᠨ ᠭᠠᠯ ᠰᠢᠳᠦᠯᠬᠡ ᠠᠴᠠ ᠪᠤᠢ ᠪᠤᠯᠤᠭᠰᠠᠨ ︽ᠭᠠᠢ ᠲᠦᠢᠳᠬᠡᠷ ᠢ ᠲᠠᠷᠤᠵᠤ᠂ ᠬᠠᠷ᠎ᠠ ᠰᠠᠨᠠᠭ᠎ᠠ ᠶᠢ ᠤᠰᠠᠳᠬᠠᠳᠠᠭ︾ ᠰᠤᠶᠤᠯ ᠤᠨ ᠤᠶᠢᠯᠠᠭᠠᠯᠳᠠ ᠲᠠᠢ ᠰᠢᠭᠤᠳ ᠬᠤᠯᠪᠤᠭ᠎ᠠ ᠲᠠᠢ᠃ ᠡᠨᠡ ᠬᠦ ᠵᠠᠩ ᠦᠢᠯᠡ ᠨᠢ ᠭᠠᠯ ᠰᠢᠳᠦᠯᠬᠡ ᠪᠠᠷ ᠲᠠᠮᠵᠢᠨ ᠤᠯᠠᠮᠵᠢᠯᠠᠭᠳᠠᠵᠤ ᠢᠷᠡᠭᠰᠡᠨ ᠵᠠᠩ ᠦᠢᠯᠡ ᠮᠦᠨ ᠬᠡᠳᠡᠭ ᠨᠢ ᠲᠤᠳᠤᠷᠬᠠᠢ ᠪᠠᠶᠢᠵᠤ᠂ ᠬᠤᠷᠢᠮ ᠤᠨ ᠶᠤᠰᠤ ᠵᠢᠷᠤᠮ ᠨᠢ ᠡᠷᠳᠡᠨ ᠤ ᠭᠠᠯ ᠰᠢᠳᠦᠯᠬᠡ ᠳᠤ ᠬᠦᠨ ᠨᠦᠯᠦᠬᠡᠯᠡᠭᠳᠡᠵᠦ᠂ ᠭᠠᠯ ᠢᠶᠠᠷ ᠠᠷᠢᠭᠤᠳᠬᠠᠬᠤ ᠪᠤᠯ ᠬᠠᠮᠤᠭ ᠲᠦᠢᠳᠬᠡᠷ ᠢ ᠠᠷᠢᠯᠭᠠᠳᠠᠭ ᠰᠤᠶᠤᠯ ᠢᠷᠬᠡᠨᠰᠢᠯ ᠪᠤᠯᠤᠨ᠎ᠠ ᠬᠡᠳᠡᠭ ᠢ ᠤᠯᠵᠤ ᠮᠠᠳᠠᠵᠤ ᠪᠤᠯᠤᠨ᠎ᠠ᠃                  ᠡᠬᠦᠨ ᠤ ᠲᠠᠭᠠᠤ ᠪᠠᠷ ᠤᠷᠳᠤᠰ ᠬᠤᠷᠢᠮ ᠳᠠᠬᠢ ︽ᠰᠢᠨ᠎ᠡ ᠪᠡᠷᠢ ᠶᠢ ᠰᠢᠷᠢᠭ ᠠᠯᠬᠤᠭᠤᠯᠬᠤ︾ ᠶᠤᠰᠤᠨ ᠪᠤᠯ ᠠᠪᠤ ᠡᠵᠢ ᠪᠤᠯᠤᠭᠰᠠᠳ ᠦᠷ᠎ᠡ ᠬᠡᠦᠬᠡᠳ ᠤᠨ ᠢᠶᠠᠨ ᠬᠡᠰᠢᠭ ᠪᠤᠶᠠᠨ ᠨᠢ ᠨᠡᠮᠡᠭᠳᠡᠵᠦ᠂ ᠠᠵᠤ ᠠᠮᠢᠳᠤᠷᠠᠯ ᠤᠨ ᠠᠮᠤᠷ ᠵᠢᠷᠭᠠᠯ ᠢ ᠢᠷᠦᠬᠡᠬᠦ ᠶᠢᠨ ᠬᠠᠮᠳᠤ ᠤᠷᠳᠤ ᠨᠠᠰᠤᠯᠠᠵᠤ ᠤᠳᠠᠭᠠᠨ ᠵᠢᠷᠭᠠᠬᠤ ᠶᠢ ᠪᠡᠯᠬᠡᠳᠡᠭᠰᠡᠨ ᠰᠠᠨᠠᠭ᠎ᠠ ᠪᠠᠨ ︽ᠰᠢᠷᠢᠭᠯᠡᠬᠦᠯᠬᠦ︾ ᠪᠠᠷ ᠲᠡᠮᠵᠢᠨ ᠪᠡᠯᠬᠡᠳᠡᠯ ᠢᠶᠠᠨ ᠪᠡᠶᠡᠯᠡᠬᠦᠯᠦᠭᠰᠡᠨ ᠲᠡᠳᠦᠢ ᠪᠤᠰᠤ ᠪᠠᠰᠠ ᠰᠢᠨ᠎ᠡ ᠪᠡᠷᠢ ᠶᠢᠨ ᠢᠶᠠᠨ ︽ᠭᠠᠢ ᠪᠠᠷᠴᠢᠳ︾ ᠢ ᠠᠷᠢᠯᠭᠠᠭᠰᠠᠨ ᠰᠠᠨᠠᠭ᠎ᠠ ᠠᠬᠤᠢ ᠠᠭᠤᠯᠤᠭᠳᠠᠵᠤ ᠪᠤᠢ᠃ ᠡᠶᠢᠮᠤ ᠠᠴᠠ ᠪᠢᠳᠠ ᠤᠷᠳᠤᠰ ᠬᠤᠷᠢᠮ ᠤᠨ ᠶᠤᠰᠤᠨ ᠳᠠᠬᠢ ᠤᠤᠭᠠᠯ ᠰᠢᠳᠦᠯᠬᠡ ᠶᠢ ᠰᠢᠨᠵᠢᠯᠡᠨ ᠰᠤᠳᠤᠯᠵᠤ᠂ ᠬᠦᠨ ᠲᠠᠯᠳᠠ ᠪᠡᠯᠬᠡᠳᠡᠯ ᠤᠨ ᠤᠳᠬ᠎ᠠ ᠰᠠᠨᠠᠭ᠎ᠠ ᠶᠢ ᠨᠠᠷᠢᠨ ᠲᠤᠩᠭᠠᠵᠤ᠂ ᠦᠨᠳᠦᠰᠦᠳᠡᠨ ᠤ ᠪᠠᠨ ᠤᠷᠳᠤ ᠤᠳᠠᠭᠠᠨ ᠲᠡᠦᠬᠡᠳᠦ ᠵᠠᠩ ᠦᠢᠯᠡ ᠪᠠᠨ ᠬᠦᠨᠳᠦᠳᠬᠡᠨ ᠦᠪ ᠰᠤᠶᠤᠯ ᠢ ᠬᠢᠮᠠᠭᠠᠳᠠᠨ ᠠᠪᠤᠷᠠᠵᠤ᠂ ᠦᠨᠳᠦᠰᠦᠳᠡᠨ ᠤ ᠦᠬᠡ ᠬᠡᠯᠡ᠂ ᠵᠠᠩ ᠰᠠᠳᠬᠢᠴᠠ ᠬᠠᠶᠢᠯᠤᠭᠳᠠᠭ᠎ᠠ ᠦᠬᠡᠢ ᠡᠨᠡ ᠡᠷᠢᠨ ᠳᠤ ᠬᠦᠨᠳᠡᠯᠡᠨ ᠠᠴᠠ ᠤᠷᠤᠵᠤ ᠢᠷᠡᠭᠰᠡᠨ ᠤᠯᠠᠭᠠᠨ ᠴᠠᠭᠠᠰᠤᠨ ᠨᠢᠰᠬᠡ ᠤᠷᠢᠯᠭ᠎ᠠ ᠲᠠᠯᠪᠢᠵᠦ ᠬᠤᠭᠤᠯᠠᠨ ᠬᠡᠷ ᠲᠤ ᠬᠤᠶᠠᠷ ᠴᠠᠭ ᠬᠤᠷᠭᠤᠳᠠᠨ ᠶᠠᠪᠤᠭᠳᠠᠳᠠᠭ ᠬᠤᠷᠢᠮ ᠤᠨ ᠶᠤᠰᠤᠯᠠᠯ ᠨᠢ ᠶᠠᠮᠠᠷ ᠴᠤ ᠰᠤᠶᠤᠯ ᠢᠷᠬᠡᠨᠰᠢᠯ ᠤᠨ ᠠᠭᠤᠯᠭ᠎ᠠ ᠦᠬᠡᠢ ᠬᠡᠳᠡᠭ ᠢ ᠤᠠᠬᠠᠭᠠᠨ ᠰᠠᠨᠠᠭᠠᠨ ᠳᠠᠭᠠᠨ ᠲᠤᠩᠭᠠᠪᠠᠯ ᠵᠤᠬᠢᠬᠤ ᠪᠤᠶᠤ᠃ ︵ ᠬᠡᠷᠡᠯ ᠵᠢᠷᠤᠭ ᠤᠳ ᠢ ᠲᠠᠪᠰᠢᠯᠲᠤ ᠬᠠᠨᠭ᠍ᠭᠠᠪᠠ︶
 
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ