ᠰᠤᠷᠤᠯᠴᠠᠬᠤ ᠤᠷᠤᠨ ᠪᠠᠶᠢᠷᠢ  ᠶᠢ ᠨᠡᠮᠡᠭᠳᠡᠭᠦᠯᠵᠦ᠂ ᠪᠠᠭᠰᠢ ᠶᠢᠨ ᠳᠠᠷᠤᠭᠠᠰᠤ ᠶᠢ ᠬᠥᠩᠭᠡᠷᠡᠭᠦᠯᠦᠨ᠎ᠡ ᠁ ᠥᠪᠥᠷ ᠮᠣᠩᠭᠤᠯ ᠰᠤᠷᠭᠠᠨ ᠬᠥᠮᠦᠵᠢᠯ ᠤᠨ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ ᠠᠷᠪᠠᠨ ᠪᠣᠳᠠᠲᠤ ᠶᠠᠪᠤᠳᠠᠯ ᠬᠢᠬᠦ ᠲᠤᠬᠠᠢ ᠨᠡᠶᠢᠳᠡᠯᠡᠪᠡ
ᠨᠡᠶᠢᠲᠡᠯᠡᠭᠰᠡᠨ ᠴᠠᠭ᠄
2021/5/20
             ᠣᠶᠢᠷ᠎ᠠ ᠳᠤ᠂ ᠦᠪᠦᠷ ᠮᠤᠩᠭᠤᠯ ᠤᠨ ᠥᠪᠡᠷᠲᠡᠭᠡᠨ ᠵᠠᠰᠠᠬᠤ  ᠣᠷᠣᠨ ᠤ  ᠨᠠᠮ ᠤᠨ  ᠬᠤᠷᠢᠶᠠᠨ ᠤ  ᠶᠡᠭᠡ  ᠳᠡᠭᠡᠳᠦ‌‍ᠰᠤᠷᠭᠠᠭᠤᠯᠢ ᠶᠢᠨ ᠠᠵᠢᠯ ᠤᠨ ᠬᠤᠷᠢᠶ᠎ᠠ᠂ ᠰᠤᠷᠭᠠᠨ ᠬᠥᠮᠦᠵᠢᠯ ᠤᠨ ᠲᠢᠩᠬᠢᠮ ᠤᠨ ᠨᠠᠮ ᠤᠨ ᠤᠳᠤᠷᠢᠳᠬᠤ ᠳᠤᠭᠤᠶᠢᠯᠠᠩ ᠤᠨ ᠬᠢᠨ‌ᠣᠯᠠᠨ ᠲᠦᠮᠡᠨ ᠤ ᠲᠤᠰᠬᠠᠭᠰᠠᠨ ᠲᠣᠪᠤᠶᠢᠮ᠎ᠠ  ᠠᠰᠠᠭᠤᠳᠠᠯ ᠢ  ᠨᠠᠷᠢᠨ  ᠬᠢᠨᠠᠮᠠᠭᠠᠶ  ᠡᠮᠬᠢᠯᠡᠵᠦ᠂  ᠠᠷᠠᠳ  ᠣᠯᠠᠨ ᠤ  ᠰᠤᠷᠭᠠᠨ‌‍ᠬᠥ᠋ᠮᠦᠵᠢᠯ ᠤᠨ ᠲᠤᠬᠠᠶ ︽ᠪᠠᠴᠢᠮ ᠬᠦᠴᠢᠷᠳᠡᠯ ᠪᠠ ᠬᠦᠰᠡᠯ ᠡᠷᠡᠮᠡᠯᠵᠡᠯ︾ ᠤᠨ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂︽ᠪᠢ ᠣᠯᠠᠨ ᠲᠦᠮᠡᠨ ᠳᠤ ᠪᠣᠳᠠᠲᠤ ᠶᠠᠪᠤᠳᠠᠯ ᠬᠢᠵᠦ ᠥᠭᠬᠦ︾ ᠠᠷᠪᠠᠨ ᠪᠣᠳᠠᠲᠤ  ᠶᠠᠪᠤᠳᠠᠯ ᠢ  ᠨᠡᠶᠢᠲᠡᠯᠡᠵᠦ᠂  ᠴᠢᠨᠠᠷ  ᠰᠠᠶᠢᠲᠠᠶ‌‍ᠲ᠋ᠦ᠋ᠭᠡᠮᠡᠯ ᠬᠠᠷᠠᠭᠠᠯᠵᠠᠯ ᠤᠨ ᠴᠢᠨᠠᠷᠳᠠᠢ ᠰᠤᠷᠭᠠᠨ ᠬᠥᠮᠦᠵᠢᠯ ᠤᠨ ᠡᠬᠢ ᠪᠠᠶᠠᠯᠢᠭ ᠤᠨ ᠬᠠᠩᠭᠠᠯᠭ᠎ᠠ᠂  ᠰᠤᠷᠭᠠᠭᠤᠯᠢ ᠶᠢᠨ  ᠭᠠᠳᠠᠨᠠᠬᠢ‌‍ᠪᠣᠯᠪᠠᠰᠤᠷᠠᠯ ᠤᠨ  ᠪᠠᠶᠢᠭᠤᠯᠤᠮᠵᠢ ᠶᠢᠨ  ᠵᠠᠰᠠᠯᠲᠠ ᠶᠢ  ᠥᠷᠭᠡᠳᠬᠡᠬᠦ᠂  ᠠᠷᠠᠳ ᠠᠴᠠ  ᠡᠷᠭᠢᠯᠡᠭᠰᠡᠨ  ᠰᠤᠷᠭᠠᠨ  ᠬᠥᠮᠦᠵᠢᠯ ‍ᠤᠨ‌‍ᠰᠤᠷᠭᠠᠭᠤᠯᠢ ᠡᠷᠭᠢᠯᠡᠬᠦ ᠠᠵᠢᠯᠯᠠᠭ᠎ᠠ ᠶᠢ ᠵᠢᠷᠤᠮᠵᠢᠭᠤᠯᠬᠤ᠂  ᠳᠤᠮᠳᠠᠳᠤ  ᠪᠠᠭ᠎ᠠ  ᠰᠤᠷᠭᠠᠭᠤᠯᠢ ᠶᠢᠨ  ᠰᠤᠷᠤᠭᠴᠢᠳ ᠤᠨ  ᠬᠢᠴᠢᠶᠡᠯ‌‍ᠰᠤᠷᠤᠯᠭ᠎ᠠ ᠶᠢᠨ ᠳᠠᠷᠤᠭᠠᠰᠤ ᠶᠢ ᠬᠥᠩᠭᠡᠷᠡᠭᠦᠯᠬᠦ ᠵᠡᠷᠭᠡ ᠠᠷᠠᠳ ᠣᠯᠠᠨ ᠤ ᠨᠡᠶᠢᠳᠡᠮ ᠠᠩᠬᠠᠷᠴᠤ ᠪᠠᠶᠢᠭ᠎ᠠ ᠰᠤᠷᠭᠠᠨ ᠬᠥᠮᠦᠵᠢᠯ ‍ᠤᠨ‌ᠬᠠᠯᠠᠮᠰᠢᠯ ᠠᠰᠠᠭᠤᠳᠠᠯ ᠬᠦᠴᠢᠷ ᠠᠰᠠᠭᠤᠳᠠᠯ ᠢ ᠬᠦᠴᠦᠯᠡᠨ ᠰᠢᠢᠳᠪᠦᠷᠢᠯᠡᠵᠦ᠂ ᠠᠷᠠᠳ ᠣᠯᠠᠨ ᠤ ᠰᠤᠷᠭᠠᠨ ᠬᠥᠮᠦᠵᠢᠯ ᠤᠨ ᠲᠤᠬᠠᠶ‌‍ᠬᠦ᠋ᠷᠲᠡᠮᠵᠢ ᠶᠢᠨ ᠲᠥᠷᠥᠭᠳᠡᠯ᠂ ᠵᠢᠷᠭᠠᠯᠲᠤ ᠲᠥᠷᠥᠭᠳᠡᠯ ᠪᠠ ᠬᠠᠨᠤᠮᠵᠢ ᠶᠢᠨ ᠬᠡᠮᠵᠢᠶ᠎ᠡ ᠶᠢ ᠨᠡᠮᠡᠭᠳᠡᠭᠦᠯᠵᠦ ᠪᠠᠶᠢᠨ᠎ᠠ᠃      
          src=http___nimg.ws.126.net__url=http%3A%2F%2Fdingyue.ws.126.net%2F2021%2F0430%2F5a38589aj00qsd1v9004rc000xc00m9m.jpg&thumbnail=650x2147483647&quality=80&type=jpg&refer=http___nimg.ws.126.jpg
                   ᠨᠢᠭᠡ ᠳᠤ ᠬᠤᠲᠠ ᠪᠠᠯᠭᠠᠰᠤᠨ ᠤ  ᠰᠤᠷᠤᠯᠴᠠᠬᠤ  ᠤᠷᠤᠨ  ᠪᠠᠶᠢᠷᠢ     ᠶᠢᠨ  ᠬᠠᠩᠭᠠᠯᠭ᠎ᠠ ᠶᠢᠨ  ᠦᠷ᠎ᠡ  ᠠᠰᠢᠭ ᠢ‌ᠨᠡᠮᠡᠭᠳᠡᠭᠦᠯᠬᠦ ᠠᠵᠢᠯᠯᠠᠭ᠎ᠠ ᠶᠢ ᠬᠡᠷᠡᠭᠵᠢᠭᠦᠯᠦᠨ᠎ᠡ᠃  ᠬᠤᠲᠠ  ᠪᠠᠯᠭᠠᠰᠤᠨ ᠤ  ᠰᠠᠭᠤᠭᠠᠯᠢ  ᠲᠣᠭᠤᠷᠢᠭ ᠤᠨ  ᠢᠵᠢ  ᠪᠥᠷᠢᠳᠦᠭᠰᠡᠨ‌‍ᠬᠡᠦᠬᠡᠳ ᠤᠨ ᠴᠡᠴᠡᠷᠯᠢᠭ ᠢ ᠵᠠᠰᠠᠭᠰᠠᠨ ᠦᠷ᠎ᠡ ᠪᠦᠲᠦᠭᠡᠯ ᠢ ᠪᠠᠬᠢᠵᠢᠭᠦᠯᠵᠦ᠂ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ‌‍ᠬᠥ᠋ᠮᠦᠵᠢᠯ ᠤᠨ ᠬᠥᠭᠵᠢᠯᠲᠡ ᠶᠢᠨ ᠲᠤᠰᠬᠠᠶ  ᠪᠠᠯᠠ  ᠮᠥᠩᠭᠦ ᠶᠢ  2.2  ᠳ᠋ᠦᠩᠰᠢᠭᠤᠷ  ᠲᠥᠭᠦᠷᠢᠭ  ᠪᠠᠭᠤᠯᠭᠠᠵᠤ᠂  ᠲᠦᠭᠡᠮᠡᠯ‌ᠬᠠᠷᠠᠭᠠᠯᠵᠠᠯ ᠤᠨ  ᠴᠢᠨᠠᠷᠲᠠᠶ  ᠬᠡᠦᠬᠡᠳ ᠤᠨ  ᠴᠡᠴᠡᠷᠯᠢᠭ ᠤᠨ  ᠬᠥᠭᠵᠢᠯᠲᠡ ᠶᠢ  ᠠᠬᠢᠭᠤᠯᠵᠤ᠂  ᠴᠡᠴᠡᠷᠯᠢᠭ ᠲᠤ  ᠣᠷᠣᠬᠤ ᠳ᠋ᠤ᠋‌‍ᠬᠦ᠋ᠴᠢᠷᠲᠡᠶ ᠪᠠ  ᠬᠡᠦᠬᠡᠳ ᠤᠨ  ᠴᠡᠴᠡᠷᠯᠢᠭ ᠲᠤ  ᠣᠷᠣᠬᠤ ᠳᠤ  ᠦᠨᠡᠲᠡᠶ  ᠪᠠᠶᠢᠬᠤ  ᠠᠰᠠᠭᠤᠳᠠᠯ ᠢ  ᠤᠯᠠᠮ  ᠨᠢᠭᠡ  ᠠᠯᠬᠤᠮ‌‍ᠰᠢᠢᠳᠪᠦᠷᠢᠯᠡᠨ᠎ᠡ᠃ ᠬᠥᠬᠡᠬᠤᠲᠠ ᠵᠡᠷᠭᠡ ᠠᠶᠢᠮᠠᠭ ᠬᠤᠲᠠ ᠶᠢᠨ ᠬᠥᠮᠦᠨ ᠠᠮᠠ ᠲᠥᠪᠯᠡᠷᠡᠨ ᠰᠠᠭᠤᠭ᠎ᠠ ᠭᠤᠣᠯᠳᠠᠯᠭ᠎ᠠ ᠲᠠᠢ ᠬᠤᠰᠢᠭᠤ‌‍ᠰᠢᠶᠠᠨ ᠲᠣᠭᠤᠷᠢᠭ ᠢ ᠥᠭᠡᠷᠡᠴᠢᠯᠡᠵᠦ ᠥᠷᠭᠡᠳᠬᠡᠨ ᠪᠠᠶᠢᠭᠤᠯᠬᠤ᠂ ᠨᠢᠭᠡ ᠪᠦᠯᠦᠭ ᠳᠤᠮᠳᠠᠳᠤ ᠪᠠᠭ᠎ᠠ ᠰᠤᠷᠭᠠᠭᠤᠯᠢ ᠶᠢ ᠰᠢᠨ᠎ᠡ ᠪᠠᠷ‌‍ᠪᠠᠶᠢᠭᠤᠯᠬᠤ ᠠᠵᠢᠯ ᠢ ᠰᠢᠮᠳᠠᠭᠤᠯᠵᠤ᠂ ᠬᠤᠲᠠ ᠪᠠᠯᠭᠠᠰᠤ ᠶᠢᠨ ᠠᠯᠪᠠᠨ ᠠᠴᠠ ᠡᠷᠬᠢᠯᠡᠭᠰᠡᠨ ᠰᠤᠷᠭᠠᠭᠤᠯᠢ ᠵᠢᠨ‌‍ᠰᠤᠷᠤᠯᠴᠠᠬᠤ ᠤᠷᠤᠨ‌‍ᠪᠠᠶᠢᠷᠢ   ᠶᠢᠨ  ᠬᠠᠩᠭᠠᠯᠭ᠎ᠠ ᠶᠢ  ︽ᠥᠷᠭᠡᠳᠬᠡᠬᠦ︾ ᠶᠢ  ᠲᠦᠷᠭᠡᠳᠬᠡᠨ᠎ᠡ᠃  ᠣᠷᠣᠰᠢᠨ  ᠰᠠᠭᠤᠬᠤ   ᠦᠨᠡᠮᠯᠡᠯ ᠢᠶᠠᠷ   ᠭᠤᠤᠯ‌ᠦᠨᠳᠦᠰᠦᠯᠡᠯ ᠪᠣᠯᠭᠠᠭᠰᠠᠨ ᠳᠠᠭᠠᠵᠤ ᠨᠡᠭᠦᠭᠰᠡᠨ ᠦᠷ᠎ᠡ ᠬᠡᠦᠬᠡᠳ ᠤᠨ ᠰᠤᠷᠭᠠᠭᠤᠯᠢ ᠳᠤ ᠣᠷᠣᠬᠤ  ᠲᠥᠷᠥ ᠶᠢᠨ  ᠪᠣᠳᠣᠯᠭ᠎ᠠ ᠵᠢ‌‍ᠬᠡᠷᠡᠭᠵᠢᠭᠦᠯᠵᠦ᠂ ᠲᠥᠯᠥᠪᠯᠡᠭᠡᠲᠦ ᠦᠷᠡᠵᠢᠯ ᠤᠨ ᠭᠡᠷᠡᠴᠢ᠂ ᠡᠷᠦᠬᠡ ᠠᠮᠠ ᠶᠢᠨ ᠲᠠᠩᠰᠠ ᠪᠠᠶᠢᠭ᠎ᠠ ᠭᠠᠵᠠᠷ ᠲᠤ ᠬᠢᠨᠠᠨ  ᠬᠠᠮᠠᠭᠠᠯᠠᠬᠤ‌‍ᠬᠦ᠋ᠮᠦᠨ ᠦᠭᠡᠢ ᠪᠠᠶᠢᠬᠤ ᠶᠢ  ᠬᠡᠷᠡᠴᠢᠯᠡᠭᠰᠡᠨ  ᠭᠡᠷᠡᠴᠢ  ᠵᠡᠷᠭᠡ  ᠴᠢᠬᠤᠯᠠ  ᠪᠤᠰᠤ  ᠭᠡᠷᠡᠴᠢ  ᠮᠠᠲ᠋ᠧᠷᠢᠶᠠᠯ ᠢ  ᠬᠦᠴᠦᠨ  ᠥᠬᠡᠶ‌‍ᠪᠣᠯᠭᠠᠨ᠎ᠠ᠃ ᠡᠯ᠎ᠡ ᠭᠠᠵᠠᠷ ᠤᠨ ᠢᠯᠡ ᠪᠠᠷ  ᠰᠣᠷᠣᠭᠴᠢ  ᠡᠯᠰᠡᠵᠦ  ᠰᠤᠷᠭᠠᠭᠤᠯᠢ ᠳᠤ  ᠣᠷᠣᠭᠤᠯᠬᠤ  ᠠᠷᠭ᠎ᠠ ᠶᠢ  ᠠᠬᠢᠭᠤᠯᠵᠤ᠂ᠲᠥᠷᠥ ᠶᠢᠨ ᠪᠣᠳᠣᠯᠭ᠎ᠠ ᠶᠢᠨ ᠬᠡᠷᠡᠭᠵᠢᠭᠦᠯᠦᠯᠲᠡ ᠳᠤ ᠬᠢᠨᠠᠯᠲᠠ ᠲᠠᠯᠪᠢᠬᠤ ᠡᠷᠴᠢᠮ ᠢᠶᠠᠨ ᠴᠢᠩᠭᠠᠷᠠᠭᠤᠯᠤᠨ᠂ ᠰᠢᠯᠭᠠᠬᠤ ᠥᠬᠡᠶ ᠪᠠᠷ‌‍ᠬᠡᠷ ᠤᠨ ᠣᠶᠢᠷᠠᠯᠴᠠᠭ᠎ᠠ ᠰᠤᠷᠭᠠᠭᠤᠯᠢ ᠳᠤᠨᠢ ᠣᠷᠣᠭᠤᠯᠬᠤ ᠲᠥᠷᠥ ᠶᠢᠨ  ᠪᠣᠳᠣᠯᠭ᠎ᠠ ᠶᠢ  ᠪᠣᠳᠠᠲᠠᠶ ᠪᠠᠷ  ᠨᠠᠶᠢᠳᠠᠪᠤᠷᠢᠵᠢᠭᠤᠯᠬᠤ ᠵᠢ‌ᠦᠨᠡᠨ ᠬᠦ ᠪᠠᠲᠤᠯᠠᠨ᠎ᠠ᠃                  ᠬᠤᠶᠠᠷ ᠲᠤ ᠰᠤᠷᠭᠠᠭᠤᠯᠢ ᠶᠢᠨ  ᠭᠠᠳᠠᠨᠠᠬᠢ  ᠪᠣᠯᠪᠠᠰᠤᠷᠠᠯ ᠤᠨ  ᠪᠠᠶᠢᠭᠤᠯᠤᠮᠵᠢ  ᠳᠤ  ᠲᠤᠰᠬᠠᠶ  ᠵᠠᠰᠠᠯᠲᠠ  ᠬᠢᠨ᠎ᠡ᠃ᠬᠤᠯᠪᠣᠭᠳᠠᠯ ᠪᠥᠬᠦᠶ ᠰᠠᠯᠠᠭ᠎ᠠ ᠮᠥᠴᠢᠷ ᠲᠠᠢ ᠬᠠᠮᠲᠤᠷᠠᠨ ᠪᠥᠬᠦ ᠣᠷᠣᠨ ᠤ ᠡᠯ᠎ᠡ ᠱᠠᠲᠤᠨ ᠤ ᠡᠯ᠎ᠡ ᠲᠥᠷᠥᠯ ᠤᠨ ᠰᠤᠷᠭᠠᠭᠤᠯᠢ ᠵᠢᠨ‌ᠭᠠᠳᠠᠨᠠᠬᠢ ᠪᠣᠯᠪᠠᠰᠤᠷᠠᠯ ᠤᠨ ᠪᠠᠶᠢᠭᠤᠯᠤᠮᠵᠢ ᠶᠢ  ᠪᠥᠬᠦ  ᠲᠠᠯ᠎ᠠ ᠪᠠᠷ  ᠤᠶᠢᠯᠠᠭᠠᠨ  ᠪᠠᠶᠢᠴᠠᠭᠠᠵᠤ᠂  ᠠᠶᠢᠮᠠᠭ  ᠬᠤᠲᠠ  ᠬᠤᠰᠢᠭᠤ‌‍ᠰᠢᠶᠠᠨ ᠤ ᠰᠤᠷᠭᠠᠨ ᠬᠥᠮᠦᠵᠢᠯ ᠤᠨ ᠲᠣᠪᠴᠢᠶ᠎ᠠ ᠶᠢᠨ ᠬᠢᠨ ᠪᠠᠶᠢᠭᠤᠯᠤᠮᠵᠢ ᠶᠢᠨ ᠣᠨ ᠤ  ᠪᠠᠶᠢᠴᠠᠭᠠᠯᠲᠠ  ᠪᠠ  ᠲᠤᠰᠬᠠᠶ  ᠬᠢᠨᠠᠨ‌ᠵᠢᠯᠣᠭᠤᠳᠣᠯᠭ᠎ᠠ  ᠥᠷᠨᠢᠭᠦᠯᠵᠦ᠂  ᠬᠠᠷᠢᠶ᠎ᠠ   ᠣᠷᠣᠨ ᠤ   ᠳᠣᠲᠣᠷᠠᠬᠢ   ᠰᠤᠷᠭᠠᠭᠤᠯᠢ ᠶᠢᠨ   ᠭᠠᠳᠠᠨᠠᠬᠢ   ᠪᠣᠯᠪᠠᠰᠤᠷᠠᠯ ‍ᠤᠨ‌‍ᠪᠠᠶᠢᠭᠤᠯᠤᠮᠵᠢ ᠶᠢᠨ ︽ᠬᠠᠷ᠎ᠠ ᠴᠠᠭᠠᠨ  ᠲᠠᠩᠰᠠ︾ ᠶᠢ  ᠴᠠᠭ  ᠲᠤᠬᠠᠶ ᠳᠤᠨᠢ  ᠰᠢᠨᠡᠳᠬᠡᠵᠦ᠂  ᠠᠶᠢᠮᠠᠭ  ᠬᠤᠲᠠ ᠶᠢ  ᠰᠢᠪᠠᠳᠠᠵᠤ‌‍ᠪᠠᠶᠢᠭᠠᠳ ᠳᠠᠰᠬᠠᠯ ᠲᠠᠭᠠᠭᠠᠯᠭᠠᠪᠤᠷᠢ ᠶᠢᠨ ᠬᠠᠮᠢᠶᠠᠷᠤᠯᠲᠠ ᠶᠢ ᠵᠢᠷᠤᠮᠵᠢᠭᠤᠯᠬᠤ ᠪᠠ ᠪᠠᠭᠰᠢ ᠶᠢᠨ ᠰᠦᠢᠳᠭᠡᠯ ᠬᠤᠷᠢᠶᠠᠵᠤ  ᠬᠢᠴᠢᠶᠡᠯ‌ᠨᠥ᠋ᠬᠦᠬᠦ ᠶᠢ ᠬᠢᠨᠠᠨ ᠬᠠᠮᠢᠶᠠᠷᠬᠤ ᠲᠠᠪᠴᠠᠩ  ᠪᠠᠶᠢᠭᠤᠯᠵᠤ᠂  ᠢᠯᠡᠴᠢᠯᠡᠨ  ᠮᠡᠳᠡᠭᠦᠯᠦᠭᠰᠡᠨ  ᠪᠠ  ᠪᠠᠶᠢᠴᠠᠭᠠᠨ  ᠰᠢᠢᠳᠪᠦᠷᠢᠯᠡᠭᠰᠡᠨ‌‍ᠪᠠᠶᠢᠳᠠᠯ ᠢ ᠲᠣᠭᠲᠠᠮᠠᠯ ᠬᠤᠭᠤᠴᠠᠭ᠎ᠠ ᠲᠠᠢ ᠪᠠᠷ ᠨᠡᠶᠢᠭᠡᠮ ᠳᠤ ᠨᠡᠶᠢᠲᠡᠯᠡᠵᠦ᠂  ᠰᠣᠷᠣᠭᠴᠢ  ᠪᠠ  ᠬᠡᠷ  ᠪᠦᠯᠢ ᠶᠢᠨ  ᠳᠠᠷᠤᠭᠠᠰᠤ ᠵᠢ‌ᠦᠨᠡᠨ ᠬᠦ ᠬᠥᠩᠭᠡᠷᠡᠭᠦᠯᠬᠦ ᠬᠡᠷᠡᠭᠲᠡᠶ ᠭᠡᠵᠦ ᠱᠠᠭᠠᠷᠳᠠᠪᠠ᠃                   ᠭᠤᠷᠪᠠ ᠳᠤ ᠠᠷᠠᠳ ᠠᠴᠠ ᠡᠷᠭᠢᠯᠡᠭᠰᠡᠨ ᠰᠤᠷᠭᠠᠭᠤᠯᠢ ᠶᠢ ᠵᠢᠷᠤᠮᠵᠢᠭᠤᠯᠤᠨ  ᠬᠥᠭᠵᠢᠭᠦᠯᠬᠦ  ᠲᠤᠰᠬᠠᠶ  ᠠᠵᠢᠯᠯᠠᠭ᠎ᠠ ᠵᠢ‌ᠵᠣᠬᠢᠶᠠᠨ ᠪᠠᠶᠢᠭᠤᠯᠤᠨ᠎ᠠ᠃ ᠠᠬᠢᠭᠤᠯᠬᠤ ᠪᠠ ᠵᠢᠷᠤᠮᠵᠢᠭᠤᠯᠬᠤ ᠶᠢ ᠵᠡᠷᠭᠡᠪᠡᠷ ᠴᠢᠬᠤᠯᠠᠴᠢᠯᠠᠬᠤ ᠶᠢ ᠪᠠᠷᠢᠮᠲᠠᠯᠠᠨ᠂  ᠡᠯ᠎ᠡ  ᠱᠠᠲᠤᠨ ‍ᠤ‌ᠡᠯ᠎ᠡ ᠲᠥᠷᠥᠯ ᠤᠨ ᠠᠷᠠᠳ ᠠᠴᠠ  ᠡᠷᠭᠢᠯᠡᠭᠰᠡᠨ  ᠰᠤᠷᠭᠠᠭᠤᠯᠢ ᠶᠢ  ᠰᠤᠷᠭᠠᠭᠤᠯᠢ  ᠡᠷᠭᠢᠯᠡᠬᠦ  ᠨᠥᠬᠦᠴᠡᠯ᠂  ᠰᠣᠷᠣᠭᠴᠢ  ᠡᠯᠰᠡᠬᠦ‌ᠤᠬᠠᠭᠤᠯᠭ᠎ᠠ᠂ ᠰᠤᠷᠭᠠᠭᠤᠯᠢ ᠡᠷᠭᠢᠯᠡᠬᠦ ᠦᠢᠯᠡ ᠠᠵᠢᠯᠯᠠᠭ᠎ᠠ᠂ ᠪᠠᠭᠰᠢ ᠶᠢᠨ  ᠡᠩᠨᠡᠭᠡ᠂  ᠵᠠᠷᠤᠳᠠᠯ ᠤᠨ  ᠬᠡᠷᠡᠭᠯᠡᠯᠲᠡ᠂  ᠨᠠᠮ ‍ᠤᠨ‌‍ᠪᠠᠶᠢᠭᠤᠯᠤᠯᠲᠠ  ᠵᠡᠷᠭᠡ  ᠲᠠᠯ᠎ᠠ ᠪᠠᠷ  ᠵᠢᠷᠤᠮᠵᠢᠭᠤᠯᠵᠤ᠂  ᠠᠰᠠᠭᠤᠳᠠᠯ ᠢ  ᠴᠡᠭᠴᠡᠯᠡᠨ  ᠰᠠᠶᠢᠵᠢᠷᠠᠭᠤᠯᠬᠤ ᠶᠢ   ᠴᠢᠩᠭᠠᠷᠠᠭᠤᠯᠤᠨ᠂ᠠᠷᠠᠳ ᠠᠴᠠ ᠡᠷᠭᠢᠯᠡᠭᠰᠡᠨ ᠰᠤᠷᠭᠠᠨ ᠬᠥᠮᠦᠵᠢᠯ ᠤᠨ ᠡᠷᠡᠭᠦᠯ ᠢᠶᠠᠷ ᠬᠥᠭᠵᠢᠬᠦ ᠶᠢ ᠠᠬᠢᠭᠤᠯᠤᠨ᠎ᠠ᠃                   ᠳᠥᠷᠪᠡ ᠳᠤ  ᠠᠵᠢᠯ  ᠮᠡᠷᠭᠡᠵᠢᠯ ᠤᠨ  ᠰᠤᠷᠭᠠᠨ  ᠬᠥᠮᠦᠵᠢᠯ ᠤᠨ  ︽ᠶᠠᠰᠤ  ᠴᠢᠨᠠᠷ ᠢ  ᠳᠡᠭᠡᠭᠰᠢᠯᠡᠭᠦᠯᠦᠨ  ᠰᠢᠯᠢᠳᠡᠭ‌‍ᠰᠤᠷᠤᠬᠴᠢ ᠬᠥᠮᠦᠵᠢᠭᠦᠯᠬᠦ︾ ᠲᠥᠯᠥᠪᠯᠡᠭᠡ ᠶᠢ ᠲᠠᠰ ᠳᠡᠪᠰᠢᠭᠦᠯᠦᠨ᠎ᠡ᠃  ᠪᠥᠬᠦ  ᠤᠯᠤᠰ ᠤᠨ  ᠠᠵᠢᠯ  ᠮᠡᠷᠭᠡᠵᠢᠯ ᠤᠨ  ᠰᠤᠷᠭᠠᠨ‌‍ᠬᠥ᠋ᠮᠦᠵᠢᠯ ᠤᠨ ᠶᠡᠭᠡ ᠬᠤᠷᠠᠯ ᠤᠨ ᠵᠣᠷᠢᠭ ᠰᠠᠨᠠᠭ᠎ᠠ ᠶᠢ ᠪᠥᠬᠦ  ᠲᠠᠯ᠎ᠠ ᠪᠠᠷ  ᠨᠠᠶᠢᠳᠠᠪᠤᠷᠢᠵᠢᠭᠤᠯᠵᠤ᠂  ᠮᠠᠨ ᠤ  ᠣᠷᠣᠨ ᠤ  ᠠᠵᠢᠯ‌ᠮᠡᠷᠭᠡᠵᠢᠯ ᠤᠨ  ᠰᠤᠷᠭᠠᠨ  ᠬᠥᠮᠦᠵᠢᠯ ᠤᠨ  ᠴᠢᠨᠠᠷ  ᠰᠠᠶᠢᠲᠠᠶ  ᠬᠥᠭᠵᠢᠯᠲᠡ ᠶᠢ  ᠠᠬᠢᠭᠤᠯᠬᠤ  ᠪᠣᠳᠠᠲᠠᠶ  ᠠᠷᠭ᠎ᠠ   ᠬᠡᠮᠵᠢᠶ᠎ᠡ ᠵᠢ‌‍ᠲ᠋ᠣᠭᠲᠠᠭᠠᠵᠤ᠂ ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠵᠣᠬᠢᠴᠠᠬᠤ  ᠴᠢᠨᠠᠷ ᠢ  ᠴᠢᠩᠭᠠᠷᠠᠭᠤᠯᠤᠨ᠎ᠠ᠃  ︽ᠶᠠᠰᠤ  ᠴᠢᠨᠠᠷ ᠢ‌‍ᠲ᠋ᠡᠭᠡᠭᠰᠢᠯᠡᠭᠦᠯᠦᠨ ᠰᠢᠯᠢᠳᠡᠭ ᠰᠤᠷᠤᠬᠴᠢ ᠬᠥᠮᠦᠵᠢᠭᠦᠯᠬᠦ︾ ᠠᠵᠢᠯᠯᠠᠭᠠᠨ ᠤ ᠲᠥᠯᠥᠪᠯᠡᠭᠡ ᠶᠢ ᠭᠦᠨᠵᠡᠭᠡᠢ ᠬᠡᠷᠡᠭᠵᠢᠭᠦᠯᠵᠦ᠂  ︽ᠶᠠᠰᠤ‌‍ᠴᠢᠨᠠᠷ ᠢ ᠳᠡᠭᠡᠭᠰᠢᠯᠡᠭᠦᠯᠦᠨ ᠰᠢᠯᠢᠳᠡᠭ ᠰᠤᠷᠤᠬᠴᠢ  ᠬᠥᠮᠦᠵᠢᠭᠦᠯᠬᠦ︾  ᠲᠥᠷᠥᠯ  ᠵᠦᠢᠯ ᠤᠨ  ᠬᠠᠮᠢᠶᠠᠷᠤᠯᠲᠠ ᠶᠢᠨ  ᠲᠠᠪᠴᠠᠩ  ᠢ‌‍ᠪᠠᠶᠢᠭᠤᠯᠤᠨ᠎ᠠ᠃  ᠬᠥᠳᠡᠭᠡ  ᠲᠣᠰᠬᠤᠨ ᠢ  ᠬᠥᠭᠵᠢᠭᠦᠯᠦᠨ  ᠮᠠᠨᠳᠤᠭᠤᠯᠬᠤ ᠳᠤ  ᠬᠦᠴᠦᠨ   ᠨᠡᠮᠡᠷᠢᠯᠡᠬᠦ   ᠪᠠ   ᠶᠠᠳᠠᠭᠤ ᠡᠴᠠ‌ᠠᠩᠭᠢᠵᠢᠷᠠᠭᠤᠯᠬᠤ ᠰᠢᠪᠲᠤᠯᠤᠯᠲᠠ ᠶᠢᠨ ᠦᠷ᠎ᠡ ᠪᠦᠲᠦᠭᠡᠯ ᠢ ᠪᠠᠬᠢᠵᠢᠭᠦᠯᠵᠦ᠂  ᠰᠤᠷᠭᠠᠨ  ᠬᠥᠮᠦᠵᠢᠯ ᠢ  ᠬᠥᠳᠡᠭᠡ  ᠪᠠᠭᠤᠯᠭᠠᠬᠤ᠂ᠮᠡᠷᠭᠡᠵᠢᠯ ᠢ  ᠲᠠᠷᠢᠶᠠᠨ  ᠭᠠᠵᠠᠷ ᠲᠤ  ᠬᠦᠷᠭᠡᠬᠦ  ᠬᠡᠯᠪᠡᠷᠢ ᠪᠠᠷ  ᠨᠢᠭᠡ  ᠪᠦᠯᠦᠭ  ᠬᠡᠷᠡᠭᠯᠡᠭᠡᠨ ᠤ   ᠮᠡᠷᠭᠡᠵᠢᠯ ᠤᠨ   ᠪᠣᠯᠪᠠᠰᠤᠷᠠᠯ‌ᠥᠷᠨᠢᠭᠦᠯᠦᠨ᠎ᠡ᠃              ᠲᠠᠪᠤ ᠳᠤ ᠳᠡᠭᠡᠳᠦ ᠳᠡᠰ ᠤᠨ  ᠴᠢᠳᠠᠪᠤᠷᠢᠲᠠᠨ ᠤ  ᠦᠷ᠎ᠡ  ᠬᠡᠦᠬᠡᠳ ᠤᠨ  ᠰᠤᠷᠭᠠᠭᠤᠯᠢ ᠳᠤ  ᠣᠷᠣᠬᠤ  ᠲᠥᠷᠥ ᠵᠢᠨ‌‍ᠪᠣᠳᠣᠯᠭ᠎ᠠ ᠶᠢ ᠲᠣᠭᠲᠠᠭᠠᠨ ᠨᠡᠶᠢᠲᠡᠯᠡᠨ᠎ᠡ᠃ ᠥᠪᠡᠷᠲᠡᠭᠡᠨ ᠵᠠᠰᠠᠬᠤ ᠣᠷᠣᠨ ᠤ ᠳᠡᠭᠡᠳᠦ ᠳᠡᠰ ᠤᠨ ᠴᠢᠳᠠᠪᠤᠷᠢᠲᠠᠨ ᠢ  ᠣᠷᠣᠭᠤᠯᠤᠨ‌ᠠᠪᠴᠢᠷᠠᠬᠤ  ᠠᠵᠢᠯ ᠳᠤ  ᠬᠦᠴᠦᠯᠡᠨ  ᠦᠢᠯᠡᠴᠢᠯᠡᠵᠦ᠂  ᠳᠡᠭᠡᠳᠦ   ᠳᠡᠰ ᠤᠨ   ᠴᠢᠳᠠᠪᠤᠷᠢᠲᠠᠨ ᠤ   ᠦᠷ᠎ᠡ   ᠬᠡᠦᠬᠡᠳ ‍ᠤᠨ‌‍ᠰᠤᠷᠭᠠᠭᠤᠯᠢ ᠳᠤ ᠣᠷᠣᠬᠤ ᠠᠷᠭ᠎ᠠ ᠶᠢ ᠰᠤᠳᠤᠯᠤᠨ ᠲᠣᠭᠲᠠᠭᠠᠵᠤ᠂ ᠳᠡᠭᠡᠳᠦ ᠳᠡᠰ ᠤᠨ ᠴᠢᠳᠠᠪᠤᠷᠢᠲᠠᠨ ᠤ  ᠦᠷ᠎ᠡ  ᠬᠡᠦᠬᠡᠳ ‍ᠤᠨ‌‍ᠰᠤᠷᠭᠠᠭᠤᠯᠢ ᠳᠤ ᠣᠷᠣᠬᠤ ᠶᠢ ᠰᠤᠷᠭᠠᠨ ᠬᠥᠮᠦᠵᠢᠯ ᠤᠨ ᠰᠠᠯᠠᠭ᠎ᠠ  ᠮᠥᠴᠢᠷ ᠤᠨ  ᠵᠠᠰᠠᠭ ᠤᠨ  ᠶᠠᠪᠤᠳᠠᠯ ᠤᠨ  ᠦᠢᠯᠡᠴᠢᠯᠡᠭᠡᠨ ‍ᠤ‌‍ᠭᠦ᠋ᠢᠴᠡᠳᠬᠡᠬᠦ ᠲᠥᠷᠥᠯ ᠵᠦᠢᠯ ᠳᠤ ᠣᠷᠣᠭᠤᠯᠵᠤ᠂ ᠴᠠᠭ ᠲᠤᠬᠠᠢ ᠳᠤᠨᠢ ᠭᠦᠢᠴᠡᠳᠬᠡᠬᠦ ︽ᠰᠠᠭᠠᠳ ᠦᠭᠡᠢ  ᠨᠡᠪᠲᠡᠷᠡᠬᠦ  ᠵᠠᠮ︾ ᠢ‌ᠨᠡᠭᠡᠭᠡᠵᠦ᠂ ᠴᠢᠳᠠᠪᠤᠷᠢᠲᠠᠨ ᠤ ᠣᠷᠴᠢᠨ ᠲᠣᠭᠤᠷᠢᠨ ᠢ ᠰᠢᠯᠢᠳᠡᠭᠵᠢᠭᠦᠯᠬᠦ ᠳᠤ ᠦᠢᠯᠡᠴᠢᠯᠡᠭᠡᠨ ᠤ ᠪᠠᠲᠤᠯᠠᠭ᠎ᠠ ᠬᠠᠩᠭᠠᠨ᠎ᠠ᠃                  ᠵᠢᠷᠭᠤᠭ᠎ᠠ ᠳᠤ᠂ ᠰᠢᠯᠢᠳᠡᠭ ᠬᠢᠴᠢᠶᠡᠯ ᠤᠨ ᠡᠬᠢ ᠪᠠᠶᠠᠯᠢᠭ ᠤᠨ ᠲᠠᠪᠴᠠᠩ ᠢ ᠪᠠᠶᠢᠭᠤᠯᠤᠨ᠎ᠠ᠃ ᠴᠢᠨᠠᠷ ᠰᠠᠶᠢᠲᠠᠶ ᠰᠤᠷᠭᠠᠨ‌‍ᠬᠥ᠋ᠮᠦᠵᠢᠯ ᠤᠨ ᠡᠬᠢ ᠪᠠᠶᠠᠯᠢᠭ ᠤᠨ ᠬᠠᠩᠭᠠᠯᠭ᠎ᠠ ᠶᠢᠨ ᠡᠷᠴᠢᠮ ᠢ ᠬᠦᠴᠦᠯᠡᠨ ᠴᠢᠩᠭᠠᠷᠠᠭᠤᠯᠵᠤ᠂ ᠪᠥᠬᠦ ᠣᠷᠣᠨ ᠤ ᠳᠤᠮᠳᠠᠳᠤ ᠪᠠᠭ᠎ᠠ‌‍ᠰᠤᠷᠭᠠᠭᠤᠯᠢ ᠶᠢᠨ  ᠰᠤᠷᠤᠭᠴᠢᠳ ᠲᠤ  ᠬᠠᠨᠳᠤᠭᠤᠯᠤᠭᠰᠠᠨ  ︽ᠰᠦᠯᠵᠢᠶᠡᠨ  ᠳᠡᠭᠡᠷᠡᠬᠢ  ᠰᠢᠯᠢᠳᠡᠭ  ᠬᠢᠴᠢᠶᠡᠯ︾  ᠲᠠᠪᠴᠠᠩ ᠢ‌ᠨᠡᠭᠡᠭᠡᠵᠦ᠂ ᠡᠪᠦᠯ ᠵᠣᠨ ᠤ ᠠᠮᠠᠷᠠᠯᠲᠠ ᠪᠠᠷ ᠭᠤᠤᠯ ᠪᠣᠯᠭᠠᠨ᠂ ᠭᠠᠷᠠᠭ ᠤᠨ ᠵᠢᠷᠭᠤᠭᠠᠨ ᠪᠠ ᠭᠠᠷᠠᠭ ᠤᠨ ᠡᠳᠦᠷ ᠢᠶᠠᠷ ᠬᠠᠪᠰᠤᠷᠤᠮᠵᠢ‌‍ᠪᠣᠯᠭᠠᠵᠤ᠂ ᠪᠥᠬᠦ ᠣᠷᠣᠨ ᠤ ᠰᠢᠯᠢᠳᠡᠭ ᠪᠠᠭᠰᠢ ᠨᠠᠷ ᠢ ᠵᠣᠬᠢᠶᠠᠨ ᠪᠠᠶᠢᠭᠤᠯᠤᠨ ᠰᠤᠷᠤᠭᠴᠢᠳ ᠤᠨ ᠬᠡᠷᠡᠭᠴᠡᠭᠡ  ᠱᠠᠭᠠᠷᠳᠠᠯᠭ᠎ᠠ ᠵᠢᠨ‌‍ᠲ᠋ᠣᠭᠤᠷᠢᠨ ᠳᠤ᠂ ᠬᠢᠴᠢᠶᠡᠯ ᠲᠥᠷᠥᠯ ᠤᠨ ᠬᠦᠴᠢᠷᠲᠡᠶ  ᠠᠰᠠᠭᠤᠳᠠᠯ  ᠪᠠ  ᠭᠤᠤᠯᠳᠠᠯᠭ᠎ᠠ ᠶᠢ  ᠳ᠋ᠦᠩᠨᠡᠨ  ᠡᠮᠬᠢᠯᠡᠵᠦ᠂  ᠲᠤᠰᠬᠠᠶ‌‍ᠰᠡᠳᠦᠪᠲᠦ ᠰᠦᠯᠵᠢᠶᠡᠨ ᠤ ᠬᠢᠴᠢᠶᠡᠯ ᠢ ᠰᠢᠩᠭᠡᠭᠡᠨ ᠨᠡᠪᠲᠡᠷᠡᠭᠦᠯᠵᠦ᠂ ᠰᠤᠷᠭᠠᠨ ᠬᠥᠮᠦᠵᠢᠯ ᠤᠨ ᠡᠭᠦᠯᠡᠨ  ᠲᠠᠪᠴᠠᠩ  ᠪᠠ  ᠥᠪᠥᠷ‌ᠮᠣᠩᠭᠤᠯ ᠤᠨ  ᠤᠲᠠᠰᠤᠲᠤ  ᠲᠧᠯᠸᠢᠰ ᠤᠨ  ᠰᠦᠯᠵᠢᠶᠡᠨ  ᠳᠡᠭᠡᠷᠡᠬᠢ  ᠰᠢᠯᠢᠳᠡᠭ  ᠬᠢᠴᠢᠶᠡᠯ  ᠰᠤᠪᠠᠭ ᠢᠶᠠᠷ   ᠳᠠᠮᠵᠢᠭᠤᠯᠤᠨ᠂ᠰᠤᠷᠤᠭᠴᠢᠳ ᠤᠨ ᠥᠪᠡᠷᠮᠢᠴᠡ᠂ ᠣᠯᠠᠨ ᠡᠰᠢᠵᠢᠭᠰᠡᠨ ᠰᠤᠷᠤᠯᠴᠠᠬᠤ ᠬᠡᠷᠡᠭᠴᠡᠭᠡ ᠱᠠᠭᠠᠷᠳᠠᠯᠭ᠎ᠠ ᠶᠢ ᠬᠠᠩᠭᠠᠨ᠎ᠠ᠃                    ᠳᠣᠯᠤᠭ᠎ᠠ ᠳᠤ ᠰᠤᠷᠤᠭᠴᠢᠳ ᠤᠨ ᠪᠡᠶ᠎ᠡ ᠰᠡᠳᠬᠢᠯ ᠤᠨ  ᠪᠤᠶᠢᠵᠢᠯᠲᠠ ᠶᠢ  ᠬᠠᠯᠠᠮᠵᠢᠯᠠᠨ  ᠬᠠᠶᠢᠷᠠᠯᠠᠬᠤ  ᠠᠵᠢᠯᠯᠠᠭ᠎ᠠ ᠵᠢ‌ᠠᠬᠢᠭᠤᠯᠤᠨ᠎ᠠ᠃ ᠪᠥᠬᠦ ᠣᠷᠣᠨ ᠤ ᠰᠡᠳᠬᠢᠴᠡ ᠶᠢᠨ ᠵᠦᠢ ᠡᠷᠡᠭᠦᠯ ᠮᠡᠨᠳᠦ ᠶᠢᠨ  ᠰᠢᠯᠢᠳᠡᠭ  ᠪᠠᠭᠰᠢ ᠶᠢ  ᠵᠣᠬᠢᠶᠠᠨ  ᠪᠠᠶᠢᠭᠤᠯᠤᠨ‌ᠦᠰᠦᠨ ᠪᠤᠶᠢᠵᠢᠬᠤ ᠵᠢᠮ᠎ᠡ ᠶᠣᠰᠣ᠂ ᠳᠠᠳᠬᠠᠯᠰᠢᠬᠤ᠂ ᠰᠢᠯᠭᠠᠯᠲᠠ ᠠᠴᠠ ᠡᠮᠦᠨᠡᠬᠢ ᠬᠠᠪᠰᠤᠷᠤᠨ ᠵᠢᠯᠣᠭᠤᠳᠤᠮᠵᠢ ᠵᠡᠷᠭᠡ ᠬᠢᠴᠢᠶᠡᠯ ᠢ‌ᠨᠠᠶᠢᠷᠠᠭᠤᠯᠤᠨ ᠵᠣᠬᠢᠶᠠᠵᠤ᠂ ᠬᠢᠴᠢᠶᠡᠯ ᠢ ᠳᠡᠯᠭᠡᠷᠡᠭᠦᠯᠬᠦ ᠠᠵᠢᠯ ᠢ ᠢᠳᠡᠪᠬᠢᠲᠡᠶ ᠥᠷᠨᠢᠭᠦᠯᠦᠨ᠂  ᠬᠡᠷ  ᠪᠦᠯᠢ ᠶᠢᠨ  ᠬᠥᠮᠦᠵᠢᠯ ‍ᠤᠨ‌ᠵᠢᠯᠣᠭᠤᠳᠣᠯᠭ᠎ᠠ ᠶᠢ ᠰᠠᠶᠢᠲᠤᠷ ᠬᠢᠨ᠎ᠠ᠃ ᠳᠤᠮᠳᠠᠳᠤ  ᠪᠠᠭ᠎ᠠ  ᠰᠤᠷᠭᠠᠭᠤᠯᠢ ᠶᠢᠨ  ᠭᠠᠷ  ᠤᠲᠠᠰᠤ᠂  ᠳᠠᠰᠬᠠᠯ  ᠲᠠᠭᠠᠭᠠᠯᠭᠠᠪᠤᠷᠢ᠂ᠤᠨᠳᠠᠬᠤ ᠨᠦᠢᠷ᠂ ᠪᠡᠶ᠎ᠡ ᠮᠠᠬᠠᠪᠣᠳ᠂ ᠤᠩᠰᠢᠬᠤ ᠪᠢᠴᠢᠭ ᠤᠨ ᠬᠠᠮᠢᠶᠠᠷᠤᠯᠲᠠ ᠳᠤ ᠠᠩᠬᠠᠷᠤᠯ ᠢᠶᠠᠨ ᠲᠥᠪᠯᠡᠷᠡᠭᠦᠯᠵᠦ᠂ ᠪᠡᠶ᠎ᠡ ᠵᠢᠨ‌‍ᠲ᠋ᠠᠮᠢᠷ  ᠭᠤᠸ᠎ᠠ  ᠰᠠᠶᠢᠬᠠᠨ ᠤ  ᠬᠥᠮᠦᠵᠢᠯ  ᠬᠥᠳᠡᠯᠮᠦᠷᠢ ᠶᠢᠨ  ᠬᠥᠮᠦᠵᠢᠯ ᠤᠨ  ︽ᠲᠤᠯᠤᠭᠠᠨ  ᠨᠢᠭᠡ︾ ᠶᠢᠨ   ᠱᠠᠭᠠᠷᠳᠠᠯᠭ᠎ᠠ ᠵᠢ‌‍ᠰᠤᠷᠭᠠᠭᠤᠯᠢ ᠳᠤ ᠣᠷᠣᠭᠤᠯᠬᠤ ᠠᠩᠭᠢ ᠳᠤ ᠣᠷᠣᠭᠤᠯᠬᠤ ᠬᠢᠴᠢᠶᠡᠯ ᠳᠤ ᠣᠷᠣᠭᠤᠯᠬᠤ ᠶᠢ ᠠᠬᠢᠭᠤᠯᠤᠨ᠎ᠠ᠃                  ᠨᠠᠢᠮᠠ ᠳᠤ ᠶᠡᠭᠡ ᠳᠡᠭᠡᠳᠦ ᠰᠤᠷᠭᠠᠭᠤᠯᠢ  ᠲᠡᠭᠦᠰᠦᠭᠰᠡᠳ ᠤᠨ  ᠠᠵᠢᠯ  ᠣᠯᠭᠤᠯᠲᠠ ᠶᠢ  ᠠᠬᠢᠭᠤᠯᠬᠤ  ᠠᠵᠢᠯᠯᠠᠭ᠎ᠠ ᠵᠢ‌ᠵᠣᠬᠢᠶᠠᠨ ᠪᠠᠶᠢᠭᠤᠯᠤᠨ᠎ᠠ᠃ ︽ᠶᠡᠭᠡ ᠳᠡᠭᠡᠳᠦ ᠰᠤᠷᠭᠠᠭᠤᠯᠢ ᠲᠡᠭᠦᠰᠦᠭᠰᠡᠳ ᠤᠨ ᠠᠵᠢᠯ ᠣᠯᠭᠤᠯᠲᠠ ᠶᠢ ᠠᠬᠢᠭᠤᠯᠬᠤ  ᠭᠠᠷᠠᠭ︾᠂︽ᠠᠵᠢᠯ ᠣᠯᠭᠤᠬᠤ ᠦᠢᠯᠡᠰ ᠪᠤᠰᠬᠠᠬᠤ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠶᠢᠨ ᠰᠠᠷ᠎ᠠ︾ ᠵᠡᠷᠭᠡ ᠠᠵᠢᠯᠯᠠᠭ᠎ᠠ ᠪᠠ ᠶᠡᠭᠡ‌‍ᠲ᠋ᠡᠭᠡᠳᠦ ᠰᠤᠷᠭᠠᠭᠤᠯᠢ ᠲᠡᠭᠦᠰᠦᠭᠰᠡᠳ ᠢ ᠤᠷᠢᠵᠤ ᠡᠯᠰᠡᠬᠦ 100 ᠲᠠᠯᠠᠪᠠᠶ ᠴᠤᠭᠯᠠᠭᠠᠨ ᠢ  ᠡᠷᠭᠢᠯᠡᠨ᠎ᠡ᠃  ᠤᠮᠠᠷᠠᠲᠤ  ᠬᠢᠯᠢ ᠵᠢᠨ‌ᠠᠵᠢᠯ  ᠣᠯᠭᠤᠯᠲᠠ ᠶᠢᠨ  ᠰᠦᠯᠵᠢᠶ᠎ᠡ ᠶᠢ  ᠲᠠᠰ  ᠳᠡᠪᠰᠢᠭᠦᠯᠵᠦ᠂  ᠠᠵᠢᠯ  ᠣᠯᠭᠤᠬᠤ  ᠭᠠᠷᠳᠠᠮ ᠢ  ︽ᠰᠦᠯᠵᠢᠶᠡᠨ  ᠳᠡᠭᠡᠷ᠎ᠡ‌‍ᠬᠦ᠋ᠢᠴᠡᠳᠭᠡᠬᠦ᠂ ᠨᠢᠭᠡ ᠤᠳᠠᠭ᠎ᠠ ᠴᠦ ᠭᠦᠶᠦᠯᠭᠡᠬᠦ  ᠥᠬᠡᠶ︾  ᠪᠠᠶᠢᠬᠤ ᠶᠢ  ᠪᠡᠶᠡᠯᠡᠭᠦᠯᠦᠨ᠎ᠡ᠃  ᠰᠦᠯᠵᠢᠶᠡᠨ  ᠳᠡᠭᠡᠷᠡᠬᠢ  ᠠᠵᠢᠯ‌ᠣᠯᠭᠤᠯᠲᠠ ᠶᠢᠨ ᠪᠣᠯᠪᠠᠰᠤᠷᠠᠯ ᠪᠠ ᠠᠵᠢᠯ ᠮᠡᠷᠭᠡᠵᠢᠯ ᠤᠨ ᠰᠢᠯᠭᠠᠨ ᠦᠨᠡᠯᠡᠯᠲᠡ ᠶᠢ ᠵᠣᠬᠢᠶᠠᠨ ᠪᠠᠶᠢᠭᠤᠯᠵᠤ᠂ ᠨᠡᠷ᠎ᠡ ᠮᠡᠳᠡᠭᠦᠯᠦᠭᠰᠡᠨ‌‍ᠬᠡᠷᠡᠴᠢ  ᠶᠢ  ᠰᠢᠦᠳᠠᠨ ᠢᠶᠠᠷ  ᠪᠤᠴᠠᠭᠠᠨ  ᠶᠠᠪᠤᠭᠤᠯᠬᠤ  ᠦᠢᠯᠡᠴᠢᠯᠡᠭᠡ  ᠬᠢᠵᠦ᠂  ᠠᠵᠢᠯ  ᠤᠯᠬᠤ  ᠬᠦᠰᠡᠯ   ᠡᠷᠡᠮᠡᠯᠵᠡᠯ ᠲᠠᠢ‌ᠭᠤᠣᠯᠳᠠᠯᠭ᠎ᠠ ᠲᠠᠢ ᠶᠡᠭᠡ ᠳᠡᠭᠡᠳᠦ ᠰᠤᠷᠭᠠᠭᠤᠯᠢ ᠲᠡᠭᠦᠰᠦᠭᠰᠡᠳ ᠢ ᠨᠡᠶᠢᠳᠡᠮ ᠳᠤᠨᠢ ᠬᠠᠪᠰᠤᠷᠤᠨ ᠲᠡᠳᠬᠦᠨ᠎ᠡ᠃                  ᠶᠢᠰᠦ ᠳᠤ᠂ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠨᠢᠭᠡᠳᠦᠯᠲᠡᠶ  ᠰᠢᠯᠭᠠᠯᠲᠠ ᠶᠢᠨ  ᠰᠤᠷᠤᠭᠴᠢᠳ ‍ᠤᠨ‌ᠦᠢᠯᠡᠴᠢᠯᠡᠭᠡᠨ ᠤ ᠶᠠᠰᠤ  ᠴᠢᠨᠠᠷ ᠢ  ᠳᠡᠭᠡᠭᠰᠢᠯᠡᠭᠦᠯᠬᠦ  ᠠᠵᠢᠯᠯᠠᠭ᠎ᠠ ᠶᠢ  ᠬᠡᠷᠡᠭᠵᠢᠭᠦᠯᠦᠨ᠎ᠡ᠃  ᠶᠡᠭᠡ  ᠳᠡᠭᠡᠳᠦ  ᠰᠤᠷᠭᠠᠭᠤᠯᠢ ᠳ᠋ᠤ᠋‌‍ᠰᠣᠷᠣᠭᠴᠢ ᠡᠯᠰᠡᠬᠦ ᠨᠢᠭᠡᠳᠦᠯᠲᠡᠶ ᠰᠢᠯᠭᠠᠯᠲᠠ ᠶᠢᠨ ᠡᠷᠡᠮᠡᠯᠵᠡᠯ ᠲᠠᠭᠯᠠᠬᠤ ᠲᠤᠰᠠᠯᠠᠬᠤ ᠰᠢᠰᠲ᠋ᠧᠮ ᠢ ᠰᠦᠯᠵᠢᠶᠡᠨ ᠳᠤ  ᠣᠷᠣᠭᠤᠯᠬᠤ‌ᠦᠢᠯᠡᠴᠢᠯᠡᠭᠡ ᠶᠢ ᠰᠤᠳᠤᠯᠤᠨ ᠨᠡᠭᠡᠭᠡᠵᠦ᠂ ᠶᠡᠭᠡ ᠳᠡᠭᠡᠳᠦ ᠰᠤᠷᠭᠠᠭᠤᠯᠢ ᠳᠤ ᠰᠣᠷᠣᠭᠴᠢ  ᠡᠯᠰᠡᠬᠦ  ᠨᠢᠭᠡᠳᠦᠯᠲᠡᠶ  ᠰᠢᠯᠭᠠᠯᠲᠠ ᠵᠢᠨ‌ᠡᠷᠡᠮᠡᠯᠵᠡᠯ ᠲᠠᠭᠯᠠᠬᠤ ᠨᠡᠶᠢᠲᠡ ᠶᠢᠨ ᠠᠰᠠᠷᠠᠮᠵᠢ ᠶᠢᠨ ᠲᠠᠶᠢᠯᠤᠮᠵᠢ ᠶᠢ ᠵᠣᠬᠢᠶᠠᠨ ᠪᠠᠶᠢᠭᠤᠯᠵᠤ᠂ ᠠᠯᠪᠠᠨ ᠤ  ᠰᠦᠯᠵᠢᠶ᠎ᠡ  ᠨᠢ  ᠶᠡᠭᠡ‌‍ᠲ᠋ᠡᠭᠡᠳᠦ  ᠰᠤᠷᠭᠠᠭᠤᠯᠢ ᠳᠤ  ᠰᠣᠷᠣᠭᠴᠢ  ᠡᠯᠰᠡᠬᠦ  ᠨᠢᠭᠡᠳᠦᠯᠲᠡᠶ  ᠰᠢᠯᠭᠠᠯᠲᠠ ᠶᠢᠨ  ᠮᠡᠳᠡᠭᠡ  ᠵᠠᠩᠭᠢ ᠶᠢ  ᠠᠰᠠᠭᠤᠨ  ᠯᠠᠪᠯᠠᠬᠤ‌ᠦᠢᠯᠡᠴᠢᠯᠡᠭᠡ ᠶᠢ  ᠪᠥᠬᠦ  ᠲᠠᠯ᠎ᠠ ᠪᠠᠷ  ᠬᠠᠩᠭᠠᠵᠤ᠂  ᠶᠡᠭᠡ  ᠳᠡᠭᠡᠳᠦ  ᠰᠤᠷᠭᠠᠭᠤᠯᠢ ᠳᠤ  ᠰᠣᠷᠣᠭᠴᠢ   ᠡᠯᠰᠡᠬᠦ   ᠨᠢᠭᠡᠳᠦᠯᠲᠡᠶ‌‍ᠰᠢᠯᠭᠠᠯᠲᠠ ᠳᠤ ᠤᠷᠤᠬᠤ ᠰᠤᠷᠤᠭᠴᠢᠳ ᠲᠤ ᠦᠢᠯᠡᠴᠢᠯᠡᠬᠦ ᠠᠵᠢᠯ ᠤᠨ ᠶᠠᠰᠤ ᠴᠢᠨᠠᠷ ᠪᠠ ᠬᠢᠷᠢ ᠲᠦᠪᠰᠢᠨ ᠢ  ᠪᠥᠬᠦ  ᠲᠠᠯ᠎ᠠ ᠪᠠᠷ‌‍ᠲ᠋ᠡᠭᠡᠭᠰᠢᠯᠡᠭᠦᠯᠦᠨ᠎ᠡ᠃                   ᠠᠷᠪᠠ ᠳᠤ᠂ ᠪᠠᠭᠰᠢ ᠶᠢᠨ ᠳᠠᠷᠤᠭᠠᠰᠤ ᠶᠢ ᠬᠥᠩᠭᠡᠷᠡᠭᠦᠯᠬᠦ ᠲᠤᠰᠬᠠᠶ  ᠰᠢᠪᠠᠳᠠᠨ  ᠪᠠᠶᠢᠴᠠᠭᠠᠯᠲᠠ ᠶᠢ  ᠥᠷᠨᠢᠭᠦᠯᠦᠨ᠎ᠡ᠃ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠰᠢᠪᠠᠳᠠᠨ  ᠪᠠᠶᠢᠴᠠᠭᠠᠬᠤ  ᠠᠯᠪᠠᠨ  ᠬᠡᠷ᠂  ᠵᠠᠰᠠᠭ ᠤᠨ  ᠣᠷᠳᠣᠨ ‍ᠤ‌‍ᠰᠢᠪᠠᠳᠠᠨ ᠪᠠᠶᠢᠴᠠᠭᠠᠬᠤ ᠠᠯᠪᠠᠨ ᠬᠡᠷ᠂ ᠡᠯ᠎ᠡ  ᠠᠶᠢᠮᠠᠭ  ᠬᠤᠲᠠ᠂  ᠬᠤᠰᠢᠭᠤ  ᠰᠢᠶᠠᠨ  ︵ᠬᠤᠲᠠ᠂  ᠲᠣᠭᠤᠷᠢᠭ︶ ᠤ  ᠨᠠᠮ ‍ᠤᠨ‌ᠬᠤᠷᠢᠶ᠎ᠠ᠂ ᠵᠠᠰᠠᠭ ᠤᠨ ᠣᠷᠳᠣᠨ ᠵᠢᠴᠢ ᠡᠯ᠎ᠡ ᠰᠠᠯᠠᠭ᠎ᠠ ᠮᠥᠴᠢᠷ ᠤᠨ ᠬᠢᠨ ᠬᠠᠮᠳᠤᠷᠠᠨ᠂  ᠳᠤᠮᠳᠠᠳᠤ  ᠪᠠᠭ᠎ᠠ  ᠰᠤᠷᠭᠠᠭᠤᠯᠢ  ᠪᠠ‌‍ᠪᠠᠭᠰᠢ ᠨᠠᠷ ᠲᠤ ᠬᠠᠨᠳᠤᠭᠤᠯᠤᠭᠰᠠᠨ ᠰᠢᠪᠠᠳᠠᠨ ᠪᠠᠶᠢᠴᠠᠭᠠᠬᠤ ᠦᠨᠡᠯᠡᠨ ᠠᠳᠠᠯᠢᠳᠬᠠᠬᠤ ᠬᠢᠨᠠᠨ ᠰᠢᠯᠭᠠᠬᠤ ᠠᠵᠢᠯ ᠪᠠ ᠨᠡᠶᠢᠭᠡᠮ ‍ᠤᠨ‌‍ᠬᠡᠷᠡᠭ ᠶᠠᠪᠤᠳᠠᠯ ᠢ ᠰᠤᠷᠭᠠᠭᠤᠯᠢ ᠶᠢᠨ ᠬᠦᠷᠢᠶᠡᠨ ᠳᠤ ᠣᠷᠣᠭᠤᠯᠬᠤ  ᠵᠦᠢᠯᠡᠰ  ᠵᠡᠷᠭᠡ ᠳᠤ  ᠲᠥᠪᠯᠡᠷᠡᠩᠭᠦᠢ  ᠲᠤᠰᠬᠠᠶ  ᠰᠢᠪᠠᠳᠠᠨ‌‍ᠪᠠᠶᠢᠴᠠᠭᠠᠯᠲᠠ ᠬᠢᠵᠦ᠂ ᠡᠯ᠎ᠡ ᠭᠠᠵᠠᠷ ᠤᠨ ᠳᠤᠮᠳᠠᠳᠤ ᠪᠠᠭ᠎ᠠ ᠰᠤᠷᠭᠠᠭᠤᠯᠢ ᠪᠠ ᠪᠠᠭᠰᠢ ᠨᠠᠷ ᠢ ᠰᠢᠪᠠᠳᠠᠨ  ᠪᠠᠶᠢᠴᠠᠭᠠᠬᠤ  ᠦᠨᠡᠯᠡᠨ‌ᠠᠳᠠᠯᠢᠳᠬᠠᠬᠤ  ᠬᠢᠨᠠᠨ  ᠰᠢᠯᠭᠠᠬᠤ  ᠵᠦᠢᠯᠡᠰ ᠢ  ᠣᠲᠣ ᠶᠢᠨ  ᠪᠠᠶᠢᠭ᠎ᠠ  ᠰᠠᠭᠤᠷᠢᠨ  ᠳᠡᠭᠡᠷ᠎ᠡ  50% ᠠᠴᠠ   ᠳᠡᠭᠡᠭᠰᠢ ᠪᠠᠷ‌‍ᠪᠠᠭᠠᠰᠬᠠᠬᠤ ᠶᠢ ᠦᠨᠡᠨᠬᠦ ᠪᠠᠲᠤᠯᠠᠨ᠂ ᠵᠢᠭᠠᠨ ᠰᠤᠷᠭᠠᠯᠲᠠ ᠯᠤᠭ᠎ᠠ ᠬᠠᠮᠢᠶ᠎ᠠ ᠥᠬᠡᠶ ᠨᠡᠶᠢᠭᠡᠮ ᠤᠨ ᠬᠡᠷᠡᠭ ᠶᠠᠪᠤᠳᠠᠯ ᠤᠨ  ᠵᠦᠢᠯᠡᠰ ᠢ‌‍ᠰᠤᠷᠭᠠᠭᠤᠯᠢ ᠶᠢᠨ ᠬᠦᠷᠢᠶᠡᠨ ᠳᠤ ᠣᠷᠣᠭᠤᠯᠬᠤ ᠶᠢ ᠴᠢᠩᠭ᠎ᠠ ᠬᠢᠵᠠᠭᠠᠷᠯᠠᠵᠤ᠂ ᠪᠠᠭᠰᠢ ᠨᠠᠷ ᠲᠤ ᠰᠠᠨᠠᠭ᠎ᠠ ᠠᠮᠤᠷ ᠵᠢᠭᠠᠨ  ᠰᠤᠷᠭᠠᠬᠤ‌ᠣᠷᠴᠢᠨ ᠨᠥᠬᠦᠴᠡᠯ ᠢ ᠡᠭᠦᠳᠴᠦ ᠥᠭᠭᠦᠨ᠎ᠡ᠃ 
ᠢᠷᠡᠯᠲᠡ᠄ ᠠᠷᠠᠳ ᠤᠨ ᠰᠥᠯᠵᠢᠶ᠎ᠡ