︵ᠬᠦᠲᠦᠯᠦᠭᠡ ᠨᠢᠭᠡ︶ | ᠨᠠ᠊ · ᠵᠢᠷᠭᠠᠯ ︵ᠠᠷᠤ ᠬᠤᠷᠴᠢᠨ ᠬᠤᠰᠢᠭᠤ︶ | | ᠳᠡᠯᠡᠬᠡᠢ ᠭᠡᠵᠦ ᠬᠡᠯᠡᠬᠦ ᠳᠤ ᠳᠡᠩᠳᠡᠭᠦᠦ ᠪᠠᠭ᠎ᠠ ᠰᠠᠨᠠᠭᠳᠠᠨ᠎ᠠ | ᠳᠡᠭᠡᠷ᠎ᠡ ᠨᠢ ᠠᠯᠬᠤᠬᠤ ᠳᠤ ᠳᠠᠩᠴᠤ ᠵᠢᠵᠢᠭᠬᠡᠨ ᠬᠠᠷᠠᠭᠳᠠᠨ᠎ᠠ | ᠳᠡᠤᠬᠡ ᠳᠤᠮᠤᠭ ᠤᠨ ᠬᠠᠭᠤᠳᠠᠰᠤ ᠶᠢ ᠳᠡᠯᠭᠡᠬᠦ ᠳᠤ ᠢᠪᠴᠤᠤᠳᠠᠨᠠ | ᠳᠦᠷᠪᠡᠨ ᠵᠦᠭ ᠢ ᠪᠠᠷᠠᠭᠠᠯᠠᠬᠤ ᠳᠤ ᠬᠠᠷᠠᠭ᠎ᠠ ᠪᠠᠭ᠋ᠠᠨ ᠣᠶᠢᠷᠠᠲᠤᠨ᠎ᠠ | ᠳᠡᠯᠭᠡᠷ ᠰᠦᠷᠦᠭ ᠤᠨ ᠪᠠᠭᠤᠴᠠ ᠮᠢᠨᠢ ᠡᠨᠡᠤᠬᠡᠨ ᠳᠤ ᠳᠤᠲᠤᠷᠠᠨᠠ | ᠳᠡᠯᠡᠬᠡᠢ ᠭᠡᠵᠦ ᠦᠷᠢᠶ᠎ᠡ ᠳᠠᠪᠬᠢᠭᠤᠯᠬᠤ ᠭᠠᠵᠠᠷ ᠰᠢᠤᠬᠠᠨ ᠯᠠ ᠨᠠᠯᠤᠶᠢᠨᠠ | | | ᠳᠡᠯᠡᠬᠡᠢ ᠭᠡᠵᠦ ᠬᠡᠯᠡᠬᠦ ᠳᠤ ᠠᠯᠠᠭ᠎ᠠ ᠶᠢᠨ ᠵᠢᠷᠤᠭᠠᠰᠤ ᠰᠢᠭ᠋ ᠯᠠ ᠵᠤᠷᠠᠶᠢᠨᠠ | ᠳᠡᠯᠭᠡᠭᠰᠡᠨ ᠵᠢᠷᠤᠭ ᠰᠢᠭ᠋ ᠯᠠ ᠠᠯᠠᠭᠠᠨ ᠳᠡᠭᠡᠷ᠎ᠡ ᠮᠢᠨᠢ ᠠᠯᠢ ᠪᠦᠬᠦᠨ ᠣᠷᠤᠰᠢᠨ᠎ᠠ | ᠳᠡᠷᠲᠡᠭᠡ ᠵᠠᠭᠤᠨ ᠠᠴᠠ ᠦᠪᠯᠡᠵᠦ ᠢᠷᠡᠭᠰᠡᠨ ᠣᠣᠷ ᠰᠤᠶᠤᠯ ᠮᠢᠨᠢ ᠠᠮᠢᠯᠠᠨ᠎ᠠ | ᠳᠤᠷᠠᠶᠢᠲᠠᠯ᠎ᠠ ᠪᠢᠴᠢᠬᠦ ᠤᠬᠠᠭᠠᠨ ᠪᠢᠯᠢᠭ ᠤᠨ ᠠᠯᠲᠠᠨ ᠰᠤᠳᠤᠷ ᠭᠢᠯᠠᠯᠵᠠᠨ᠎ᠠ | ᠳᠡᠯᠡᠬᠡᠢ ᠭᠡᠵᠦ ᠠᠭᠲᠠ ᠬᠦᠯᠦᠭ ᠤᠨ ᠮᠢᠨᠢ ᠴᠢᠳᠠᠯ ᠰᠤᠷᠢᠬᠤ ᠵᠠᠮ ᠯᠠ ᠪᠢᠯᠡ | ᠳᠠᠪᠬᠢᠨ ᠪᠣᠯᠭᠢᠬᠤ ᠠᠳᠤᠭᠤᠨ ᠰᠦᠷᠦᠭ ᠤᠨ ᠮᠢᠨᠢ ᠤᠲᠤᠷ ᠵᠤᠰᠠᠭᠠᠯ ᠪᠠᠶᠢᠨᠠᠮ᠃ | | ᠬᠡᠪ ᠢᠶᠠᠷ ᠢᠶᠠᠨ ᠪᠠᠶᠢᠨᠤ | ᠦᠨᠳᠦᠷ ᠰᠦᠷᠯᠢᠭ ᠠᠭᠤᠯᠠᠰ ᠮᠢᠨᠢ | ᠤᠤᠯ ᠬᠡᠪ ᠢᠶᠠᠷ ᠢᠶᠠᠨ ᠪᠠᠶᠢᠨᠤ | ᠦᠷᠭᠡᠨ ᠲᠠᠩᠰᠤᠭ ᠪᠡᠯᠴᠢᠭᠡᠷ ᠮᠢᠨᠢ | ᠦᠩᠰᠢᠭ ᠨᠤᠭᠤᠭᠠᠨ ᠢᠶᠠᠷ ᠢᠶᠠᠨ ᠪᠠᠶᠢᠨᠤ | ᠤᠷᠤᠰᠬᠠᠯ ᠵᠦᠭᠡᠯᠡᠨ ᠭᠤᠣᠯ ᠮᠢᠨᠢ | ᠤᠷᠢᠳᠤ ᠶᠢᠨ ᠬᠡᠪ ᠢᠶᠠᠷ ᠢᠶᠠᠨ ᠪᠠᠶᠢᠨᠤ | ᠣᠯᠠᠨ ᠵᠦᠢᠯ ᠤᠨ ᠤᠷᠭᠤᠮᠠᠯ ᠮᠢᠨᠢ | ᠣᠨ ᠣᠨ ᠢᠶᠠᠷ ᠢᠶᠠᠨ ᠠᠮᠢᠯᠠᠵᠤ ᠪᠠᠶᠢᠨᠤ | ᠦᠩᠭᠡᠲᠦ ᠰᠠᠶᠢᠬᠠᠨ ᠰᠣᠯᠤᠩᠭ᠎ᠠ ᠨᠢ | ᠤᠯᠠᠭᠠᠨ ᠨᠤᠭᠤᠭᠠᠨ ᠢᠶᠠᠷ ᠢᠶᠠᠨ ᠪᠠᠶᠢᠨᠤ | ᠡᠭᠦᠯᠡ ᠪᠤᠯᠤᠨ ᠵᠡᠷᠭᠡᠯᠭᠡᠨ ᠨᠢ | ᠣᠯᠠᠷᠢᠯ ᠤᠨ ᠵᠢᠮ᠎ᠡ ᠪᠠᠷ ᠢᠶᠠᠨ ᠪᠠᠶᠢᠨᠤ | ᠡᠪᠦᠯ ᠵᠤᠨ ᠳᠦᠷᠪᠡᠨ ᠤᠯᠠᠷᠢᠯ ᠨᠢ | ᠦᠪᠡᠷ ᠤᠨ ᠬᠡᠪ ᠢᠶᠠᠷ ᠢᠶᠠᠨ ᠪᠠᠶᠢᠨᠤ | ᠤᠰᠤ ᠴᠠᠰᠤ ᠴᠢᠭᠢᠭ ᠬᠤᠷ᠎ᠠ | ᠤᠨᠠᠭᠠᠨ ᠪᠠᠶᠢᠭᠠᠯᠢ ᠪᠠᠷ ᠢᠶᠠᠨ ᠪᠠᠶᠢᠨᠤ | ᠠᠮᠢᠲᠠᠨ ᠭᠤᠣᠯᠲᠠᠨ ᠵᠢᠭᠦᠷᠲᠡᠨ | ᠤᠭᠰᠠᠭ᠎ᠠ ᠪᠠᠷ ᠢᠶᠠᠨ ᠪᠠᠶᠢᠨᠤ | ᠠᠳᠤᠭᠤ ᠦᠬᠡᠷ ᠬᠤᠨᠢ ᠢᠮᠠᠭ᠎ᠠ | ᠠᠶᠢᠯ ᠬᠤᠲᠠ ᠪᠠᠷ ᠢᠶᠠᠨ ᠪᠠᠶᠢᠨᠤ | ᠤᠨᠤᠭ᠎ᠠ ᠬᠦᠯᠦᠭ ᠮᠣᠷᠢᠳ ᠨᠢ | ᠦᠤᠷᠰᠡᠭᠡ ᠪᠠᠷ ᠢᠶᠠᠨ ᠪᠠᠶᠢᠨᠤ | ᠤᠷᠭ᠎ᠠ ᠪᠣᠯᠣᠨ ᠲᠠᠰᠢᠭᠤᠷ ᠨᠢ | ᠠᠰᠬᠠᠨ ᠢᠶᠠᠷ ᠢᠶᠠᠨ ᠪᠠᠶᠢᠨᠤ | ᠦᠵᠦᠭᠦᠷ ᠪᠣᠯᠤᠨ ᠬᠤᠶᠢᠪᠢ ᠨᠢ | ᠤᠷᠢᠶᠠᠯᠲᠠ ᠪᠠᠷ ᠢᠶᠠᠨ ᠪᠠᠶᠢᠨᠤ | ᠤᠰᠤᠨ ᠲᠡᠷᠭᠡ ᠠᠭᠠᠷᠤ ᠰᠠᠭᠤᠯᠭ᠎ᠠ | ᠣᠩᠭᠤᠴᠠ ᠪᠦᠷᠢᠨ ᠢᠶᠠᠷ ᠢᠶᠠᠨ ᠪᠠᠶᠢᠨᠤ | ᠤᠶᠠᠳᠠᠯ ᠲᠠᠲᠠᠭ᠎ᠠ ᠵᠡᠯ᠎ᠡ ᠠᠷᠭᠠᠮᠵᠢᠶ᠎ᠠ | ᠡᠪᠬᠡᠭᠡ ᠲᠠᠢ ᠪᠠᠷ ᠢᠶᠠᠨ ᠪᠠᠶᠢᠨᠤ | ᠤᠲᠤᠷ ᠨᠡᠭᠦᠳᠡᠯ ᠤᠨ ᠪᠡᠯᠴᠢᠭᠡᠷ | ᠢᠵᠢ ᠭᠦᠢᠴᠡᠳ ᠢᠶᠠᠷ ᠢᠶᠠᠨ ᠪᠠᠶᠢᠨᠤ | ᠦᠨᠳᠦᠰᠦᠨ ᠬᠤᠪᠴᠠᠰᠤ ᠡᠳ᠋ᠯᠡᠯ | ᠦᠩᠭᠡ ᠣᠨᠴᠠᠯᠢᠭ ᠢᠶᠠᠷ ᠢᠶᠠᠨ ᠪᠠᠶᠢᠨᠤ | ᠤᠭᠤᠷᠠᠭ ᠰᠦ ᠶᠢᠨ ᠰᠠᠪᠠ ᠨᠢ | ᠤᠷᠤ ᠤᠷᠤ ᠪᠠᠷ ᠢᠶᠠᠨ ᠪᠠᠶᠢᠨᠤ | ᠠᠶᠢᠷᠠᠭ ᠪᠣᠯᠤᠨ ᠬᠤᠷᠤᠳ ᠨᠢ | ᠠᠩᠬᠠᠨ ᠤ ᠠᠮᠲᠠ ᠪᠠᠷ ᠢᠶᠠᠨ ᠪᠠᠶᠢᠨᠤ | ᠦᠷᠦᠮ᠎ᠡ ᠪᠣᠯᠤᠨ ᠲᠤᠰᠤ ᠨᠢ | ᠦᠨᠦᠷ ᠰᠢᠮ᠎ᠡ ᠪᠠᠷ ᠢᠶᠠᠨ ᠪᠠᠶᠢᠨᠤ | ᠣᠭᠤᠲᠠ ᠪᠣᠯᠤᠨ ᠬᠦᠨᠦᠭ ᠨᠢ | ᠠᠮᠠᠰᠠᠷ ᠪᠢᠯᠬᠠᠮ᠎ᠠ ᠪᠠᠷ ᠢᠶᠠᠨ ᠪᠠᠶᠢᠨᠤ | ᠠᠭᠠᠷᠤᠤᠯ ᠡᠭᠡᠵᠡᠭᠡᠢ ᠪᠢᠰᠢᠯᠠᠭ ᠨᠢ | ᠢᠳᠡ ᠬᠦᠴᠦ ᠪᠠᠷ ᠢᠶᠠᠨ ᠪᠠᠶᠢᠨᠤ | ᠢᠳᠡᠰᠢ ᠪᠣᠯᠤᠨ ᠤᠤᠭᠤᠰᠢ ᠨᠢ | ᠢᠵᠠᠭᠤᠷ ᠶᠤᠰᠤ ᠪᠠᠷ ᠪᠠᠨ ᠪᠠᠶᠢᠨᠤ | ᠠᠮᠤ ᠪᠤᠳᠠᠭ᠎ᠠ ᠡᠯᠳᠡᠪ ᠬᠦᠨᠡᠰᠦ | ᠡᠯᠪᠡᠭ ᠨᠦᠭᠡᠴᠡ ᠲᠠᠢ ᠪᠠᠶᠢᠨᠤ | ᠢᠷᠡᠬᠦ ᠨᠠᠮᠤᠷ ᠲᠠᠢ ᠵᠤᠯᠭᠠᠲᠠᠯᠠ | ᠢᠯᠡᠭᠦᠴᠡ ᠦᠯᠡᠳᠡᠪᠦᠷᠢ ᠪᠠᠷ ᠢᠶᠠᠨ ᠪᠠᠶᠢᠨᠤ | ᠠᠷᠤᠭ ᠪᠣᠯᠣᠨ ᠰᠠᠪᠠᠷ ᠨᠢ | ᠠᠶᠢᠯ ᠬᠤᠲᠠ ᠪᠠᠷ ᠢᠶᠠᠨ ᠪᠠᠶᠢᠨᠤ | ᠠᠯᠲᠠᠭᠠᠨ᠎ᠠ ᠪᠤᠷᠭᠠᠰᠤ ᠴᠠᠷᠠᠰᠤᠨ ᠰᠢᠪᠡᠭᠡ | ᠤᠯᠠᠨ ᠵᠦᠢᠯ ᠢᠶᠠᠷ ᠢᠶᠠᠨ ᠪᠠᠶᠢᠨᠤ | ᠠᠷᠭᠠᠯ ᠬᠤᠷᠭᠤᠯ ᠲᠦᠯᠡᠰᠢ ᠨᠢ | ᠢᠯᠴᠢ ᠲᠠᠢ ᠢᠶᠠᠨ ᠪᠠᠶᠢᠨᠤ | ᠤᠩᠭᠠᠰᠤ ᠲᠠᠢ ᠭᠡᠷ ᠪᠠᠶᠠᠨ ᠭᠡᠳᠡᠭ | ᠤᠴᠢᠷ ᠶᠤᠰᠤ ᠪᠠᠷ ᠢᠶᠠᠨ ᠪᠠᠶᠢᠨᠤ | ᠤᠲᠤᠭ᠎ᠠ ᠲᠠᠢ ᠭᠡᠷ ᠳᠤᠯᠠᠭᠠᠨ ᠭᠡᠳᠡᠭ ᠢ | ᠤᠬᠠᠭᠠᠷᠠᠭᠰᠠᠨ ᠢᠶᠠᠷ ᠢᠶᠠᠨ ᠪᠠᠶᠢᠨᠤ | ᠡᠪᠦᠭᠡᠳ ᠡᠮᠡᠭᠡᠳ ᠤᠨ ᠰᠡᠳᠬᠢᠯ | ᠢᠨᠢᠶᠡᠳᠦ ᠪᠠᠶᠠᠷ ᠢᠶᠠᠷ ᠢᠶᠠᠨ ᠪᠠᠶᠢᠨᠤ | ᠢᠳᠡᠷ ᠵᠠᠯᠠᠭᠤᠴᠤᠳ ᠤᠨ ᠵᠢᠪᠬᠤᠭ᠎ᠠ | ᠢᠳᠡᠭᠡᠯ ᠲᠡᠭᠦᠰ ᠢᠶᠠᠷ ᠢᠶᠠᠨ ᠪᠠᠶᠢᠨᠤ | ᠦᠬᠢᠳ ᠪᠡᠷᠢᠶᠡᠳ ᠤᠨ ᠬᠠᠷᠠᠴᠠ | ᠡᠶᠡᠯᠰᠡᠭ ᠢᠶᠠᠷ ᠢᠶᠠᠨ ᠪᠠᠶᠢᠨᠤ | ᠠᠴᠢᠷ ᠬᠡᠤᠬᠡᠳ ᠤᠨ ᠴᠢᠷᠠᠢ | ᠠᠯᠢᠶ᠎ᠠ ᠳᠡᠭᠵᠢᠨ ᠢᠶᠠᠷ ᠢᠶᠠᠨ ᠪᠠᠶᠢᠨᠤ | ᠠᠪᠤ ᠳᠡᠭᠡᠳᠦ ᠶᠢᠨ ᠰᠤᠷᠭᠠᠯ | ᠤᠯᠠᠮᠵᠢᠯᠠᠯ ᠢᠶᠠᠷ ᠢᠶᠠᠨ ᠪᠠᠶᠢᠨᠤ | ᠠᠷᠢᠭᠤᠨ ᠴᠠᠶᠢᠯᠭᠠᠨ ᠰᠤᠷᠲᠠᠯ | ᠠᠲᠠᠭ᠎ᠠ ᠦᠭᠡᠢ ᠪᠠᠷ ᠢᠶᠠᠨ ᠪᠠᠶᠢᠨᠤ | ᠠᠶᠢᠯ ᠭᠡᠷ ᠤᠨ ᠵᠠᠩᠰᠢᠯ | ᠠᠩᠬᠠᠨ ᠢᠶᠠᠷ ᠢᠶᠠᠨ ᠪᠠᠶᠢᠨᠤ | ᠡᠯᠳᠡᠪ ᠡᠰᠡᠨ ᠤ ᠲᠦᠢᠳᠬᠡᠷ ᠦᠭᠡᠢ | ᠡᠶ᠎ᠡ ᠡᠪ ᠢᠶᠠᠷ ᠢᠶᠠᠨ ᠪᠠᠶᠢᠨᠤ | ᠡᠨᠡ ᠪᠦᠬᠦᠨ ᠵᠦᠢᠯᠡᠰ ᠮᠢᠨᠢ | ᠡᠭᠡᠯ ᠲᠦᠮᠡᠨ ᠤ ᠰᠢᠲᠦᠭᠡᠨ ᠶᠤᠮ | ᠠᠰᠢᠲᠠ ᠶᠢᠨ ᠰᠠᠶᠢᠬᠠᠨ ᠠᠮᠢᠳᠤᠷᠠᠯ | ᠠᠮᠤᠷ ᠵᠢᠷᠭᠠᠯᠠᠩ ᠢᠶᠠᠷ ᠢᠶᠠᠨ ᠪᠠᠶᠢᠭᠠᠰᠠᠢ︕ | ︵ᠡᠬᠡ ᠪᠢᠴᠢᠭ ᠢ ᠠᠷᠤ ᠬᠤᠷᠴᠢᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ ᠬᠠᠩᠭᠠᠪᠠ︶ | | |