ᠴᠢᠩ ᠴᠦᠨ ᠱᠠᠨ ᠵᠡᠭᠡᠯᠢ ᠭᠤᠳᠤᠮᠵᠢ ᠶᠢᠨ ᠲᠣᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2021/5/17
     青春山2.jpg
          ᠴᠢᠩ ᠴᠦᠨ ᠱᠠᠨ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠪᠤᠯ ᠤᠤᠯ ᠤᠨ 2009 ᠣᠨ ᠤ 7 ᠰᠠᠷ᠎ᠠ ᠳᠤ ᠪᠠᠶᠢᠭᠤᠯᠤᠭᠰᠠᠨ ᠬᠢᠶ᠎ᠠ ᠪᠠᠭᠰᠢ ᠰᠢᠨ᠎ᠡ ᠲᠣᠭᠤᠷᠢᠭ ᠤᠨ ᠬᠥᠭᠵᠢᠯᠲᠡ ᠶᠢᠨ  ᠳᠣᠪᠴᠢᠶ᠎ᠠ ᠠᠴᠠ ᠣᠷᠣᠯᠠᠨ ᠬᠠᠮᠢᠶᠠᠷᠴᠤ ᠪᠠᠶᠢᠭᠰᠠᠨ ᠵᠦᠵᠢᠶᠠᠩ ᠨᠡᠶᠢᠭᠡᠮ ᠲᠣᠭᠤᠷᠢᠭ ᠪᠤᠯᠤᠨ᠎ᠠ᠂ 2010 ᠣᠨ ᠤ 4 ᠰᠠᠷ᠎ᠠ ᠳᠤ ᠴᠢᠩ ᠴᠦᠨ ᠱᠠᠨ ᠵᠡᠭᠡᠯᠢ ᠭᠤᠳᠤᠮᠵᠢ ᠶᠢ ᠪᠡᠯᠡᠳᠬᠡᠨ ᠪᠠᠶᠢᠭᠤᠯᠬᠤ ᠠᠯᠪᠠᠨ ᠭᠡᠷ ᠢ ᠪᠠᠶᠢᠭᠤᠯᠵᠤ᠂ 2011 ᠣᠨ ᠤ 7 ᠰᠠᠷ᠎ᠠ ᠳᠤ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠥᠪᠰᠢᠶᠡᠷᠡᠯ ᠢᠶᠠᠷ ᠴᠢᠩ ᠴᠦᠨ ᠱᠠᠨ ᠵᠡᠭᠡᠯᠢ ᠭᠤᠳᠤᠮᠵᠢ ᠶᠢᠨ ᠨᠠᠮ ᠤᠨ ᠠᠵᠢᠯᠯᠠᠬᠤ ᠬᠤᠷᠢᠶ᠎ᠠ᠂ ᠬᠡᠷᠡᠭ ᠡᠷᠬᠢᠯᠡᠬᠦ ᠭᠠᠵᠠᠷ ᠢ ᠵᠢᠩᠬᠢᠨᠢ ᠪᠠᠷ ᠪᠠᠶᠢᠭᠤᠯᠪᠠ᠃ ᠵᠡᠭᠡᠯᠢ ᠭᠤᠳᠤᠮᠵᠢ ᠨᠢ ᠬᠢᠶ᠎ᠠ ᠪᠠᠭᠰᠢ ᠲᠣᠭᠤᠷᠢᠭ ᠤᠨ ᠤᠷᠳᠤᠰ ᠶᠡᠭᠡ ᠵᠡᠭᠡᠯᠢ ᠠᠴᠠ ᠤᠮᠠᠷᠠᠰᠢ᠂ ᠶᠡᠭᠡ ᠵᠤᠤ ᠵᠡᠭᠡᠯᠢ ᠠᠴᠠ ᠡᠮᠦᠨᠡᠰᠢᠬᠢ ᠬᠠᠷᠢᠶᠠᠨ ᠳᠤ ᠪᠠᠶᠢᠵᠤ᠂ ᠶᠡᠷᠦᠩᠬᠡᠢ ᠲᠠᠯᠠᠪᠠᠢ ᠨᠢ 14.7205 ᠲᠡᠭᠰᠢ ᠳᠥᠷᠪᠡᠯᠵᠢᠨ ᠺᠢᠯᠤᠮᠧᠲᠷ᠂ ᠬᠤᠳᠠ ᠶᠢᠨ ᠲᠦᠪ ᠣᠷᠣᠨ ᠤ ᠵᠡᠭᠡᠯᠢ ᠭᠤᠳᠤᠮᠵᠢ ᠂ ᠬᠤᠳᠠ ᠶᠢᠨ ᠨᠠᠮ ᠤᠨ ᠬᠤᠷᠢᠶ᠎ᠠ᠂ ᠬᠤᠳᠠ ᠶᠢᠨ ᠵᠠᠰᠠᠭ ᠤᠨ ᠣᠷᠳᠣᠨ ᠤ ᠪᠠᠶᠢᠭ᠎ᠠ ᠭᠠᠵᠠᠷ ᠪᠣᠯᠤᠨ᠎ᠠ᠃       ᠵᠡᠭᠡᠯᠢ ᠭᠤᠳᠤᠮᠵᠢ ᠶᠢᠨ ᠬᠠᠷᠢᠶᠠᠨ ᠳᠤ  ᠶᠤᠸᠠᠨ ᠳᠢᠩ ᠨᠠᠶᠢᠬᠡᠮ ᠲᠤᠭᠤᠷᠢᠭ᠂  ᠵᠦ ᠵᠢᠶᠠᠩ ᠨᠠᠶᠢᠬᠡᠮ ᠲᠤᠭᠤᠷᠢᠭ᠂ ᠺᠠᠩ ᠱᠧᠩ ᠨᠠᠶᠢᠬᠡᠮ ᠲᠤᠭᠤᠷᠢᠭ᠂  ᠱᠧᠨ ᠬᠤᠸᠠ ᠺᠠᠩ ᠴᠧᠩ ᠨᠠᠶᠢᠬᠡᠮ ᠲᠤᠭᠤᠷᠢᠭ᠂ ᠰᠢᠤᠸᠠᠢ ᠶᠤᠸᠠᠨ ᠨᠠᠶᠢᠬᠡᠮ ᠲᠤᠭᠤᠷᠢᠭ᠂  ᠧᠨ ᠾᠧ ᠨᠠᠶᠢᠬᠡᠮ ᠲᠤᠭᠤᠷᠢᠭ ᠵᠡᠷᠭᠡ 6 ᠨᠡᠶᠢᠭᠡᠮ ᠲᠣᠭᠤᠷᠢᠭ ᠲᠠᠢ᠂ ᠨᠡᠶᠢᠲᠡ 45 ᠰᠠᠭᠤᠭᠠᠯᠢ ᠠᠷᠠᠳ ᠤᠨ ᠲᠣᠭᠤᠷᠢᠭ᠂ ᠨᠡᠶᠢᠲᠡ ᠶᠢᠨ ᠪᠠᠶᠢᠷᠢ ᠲᠠᠢ ᠪᠥᠭᠡᠳ ᠪᠦᠬᠦᠨ ᠢᠶᠠᠷ ᠢᠶᠠᠨ ᠣᠷᠣᠵᠤ ᠰᠠᠭᠤᠭᠰᠠᠨ ᠪᠠᠶᠢᠨ᠎ᠠ᠃ ᠶᠡᠷᠦᠩᠬᠡᠶ ᠡᠷᠦᠬᠡ ᠶᠢᠨ ᠲᠤᠭ᠎ᠠ ᠨᠢ 22800 ᠡᠷᠦᠬᠡ ᠪᠠᠶᠢᠵᠤ᠂ 19624 ᠡᠷᠦᠬᠡ ᠣᠷᠣᠵᠤ ᠰᠠᠭᠤᠵᠠᠶ᠂ ᠶᠡᠷᠦᠩᠬᠡᠶ ᠬᠥᠮᠦᠨ ᠠᠮᠠ ᠨᠢ 64907 ᠬᠥᠮᠦᠨ ᠪᠠᠶᠢᠵᠤ᠂ ᠶᠡᠷᠦᠩᠬᠡᠶ ᠬᠥᠮᠦᠨ ᠠᠮᠠ ᠨᠢ ᠪᠥᠬᠦ ᠲᠤᠭᠤᠷᠢᠭ ᠤᠨ ᠬᠥᠮᠦᠨ ᠠᠮᠠ ᠶᠢᠨ 57.6% ᠶᠢ ᠡᠵᠡᠯᠡᠨ᠎ᠡ᠂ ᠡᠭᠦᠨ ᠳᠤ 22028 ᠬᠥᠮᠦᠨ ᠬᠢᠶ᠎ᠠ ᠪᠠᠭᠰᠢ ᠶᠢᠨ ᠡᠷᠦᠬᠡ ᠠᠮᠠ ᠲᠠᠢ᠂ ᠴᠥᠭᠡᠨ ᠲᠣᠭᠠᠲᠤ ᠦᠨᠳᠦᠰᠦᠲᠡᠨ 5367 ᠬᠥᠮᠦᠨ ᠪᠠᠶᠢᠨ᠎ᠠ᠃ ᠵᠡᠭᠡᠯᠢ ᠭᠤᠳᠤᠮᠵᠢ ᠶᠢᠨ ᠨᠠᠮ ᠤᠨ ᠠᠵᠢᠯᠯᠠᠬᠤ ᠬᠤᠷᠢᠶ᠎ᠠ ᠶᠢᠨ ᠬᠠᠷᠢᠶᠠᠨ ᠳᠤ 12 ᠨᠠᠮ ᠤᠨ ᠵᠣᠬᠢᠶᠠᠨ ᠪᠠᠶᠢᠭᠤᠯᠤᠯᠲᠠ ᠲᠠᠢ᠂ 1 ᠪᠠᠶᠢᠭᠤᠯᠤᠯᠭ᠎ᠠ ᠶᠢᠨ ᠨᠠᠮ ᠤᠨ ᠡᠭᠦᠷ᠂ 6 ᠨᠡᠶᠢᠭᠡᠮ ᠲᠣᠭᠤᠷᠢᠭ ᠤᠨ ᠨᠠᠮ ᠤᠨ ᠡᠭᠦᠷ᠂ 5 ᠨᠡᠶᠢᠲᠡ ᠶᠢᠨ ᠥᠮᠴᠢᠯᠡᠯ ᠤᠨ ᠪᠤᠰᠤ ᠠᠵᠤ ᠠᠬᠤᠶᠢᠯᠠᠯ ᠤᠨ ᠨᠠᠮ ᠤᠨ ᠡᠭᠦᠷ᠂ ᠲᠠᠩᠰᠠᠨ ᠳᠤ ᠪᠠᠶᠢᠭ᠎ᠠ ᠨᠠᠮ ᠤᠨ ᠭᠡᠰᠢᠭᠦᠨ 301 ᠬᠥᠮᠦᠨ ᠪᠤᠢ᠃ ᠬᠠᠷᠢᠶᠠᠲᠤ ᠣᠷᠣᠨ ᠳᠤ 2 ᠶᠡᠭᠡ ᠰᠤᠷᠭᠠᠭᠤᠯᠢ᠂ 5 ᠳᠤᠮᠳᠠᠳᠤ ᠰᠤᠷᠭᠠᠭᠤᠯᠢ᠂ 6 ᠪᠠᠭ᠎ᠠ ᠰᠤᠷᠭᠠᠭᠤᠯᠢ᠂ 8 ᠬᠡᠤᠬᠡᠳ ᠤᠨ ᠴᠡᠴᠡᠷᠯᠢᠭ᠂ 2 ᠬᠤᠲᠠ ᠶᠢᠨ ᠲᠠᠰ ᠤᠨ ᠡᠮᠨᠡᠯᠭᠡ ᠶᠢᠨ ᠬᠤᠷᠢᠶ᠎ᠠ᠂ 3 ᠨᠡᠶᠢᠭᠡᠮ ᠲᠣᠭᠤᠷᠢᠭ ᠤᠨ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠥᠪ᠂ 2000 ᠭᠠᠷᠤᠶ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠪᠣᠶ᠂ ᠴᠡᠷᠢᠭ ᠤᠨ ᠬᠤᠪᠢᠶᠠᠷᠢ ᠲᠣᠭᠤᠷᠢᠭ᠂ ᠬᠤᠲᠠ ᠶᠢᠨ ᠨᠠᠮ ᠤᠨ ᠬᠤᠷᠢᠶᠠᠨ ᠤ ᠨᠠᠮ ᠤᠨ ᠰᠤᠷᠭᠠᠭᠤᠯᠢ᠂ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ᠂ ᠬᠤᠲᠠ ᠶᠢᠨ ᠤᠯᠤᠰ ᠤᠨ ᠭᠠᠵᠠᠷ ᠰᠢᠷᠣᠶ ᠶᠢᠨ ᠲᠣᠪᠴᠢᠶ᠎ᠠ᠂ ᠬᠤᠲᠠ ᠶᠢᠨ ᠣᠶ ᠰᠢᠭᠤᠶ ᠶᠢᠨ ᠲᠣᠪᠴᠢᠶ᠎ᠠ ᠵᠡᠷᠭᠡ ᠨᠢᠭᠡᠴᠢ ᠰᠠᠭᠤᠷᠢᠰᠢᠵᠤ᠂ ᠬᠢᠶ᠎ᠠ ᠪᠠᠭᠰᠢ ᠲᠣᠭᠤᠷᠢᠭ ᠤᠨ ᠬᠥᠮᠦᠨ ᠠᠮᠠ ᠪᠠᠷ ᠬᠠᠮᠤᠭ ᠤᠨ ᠣᠯᠠᠨ᠂ ᠬᠡᠪᠴᠢᠶ᠎ᠡ ᠪᠠᠷ ᠬᠠᠮᠤᠭ ᠤᠨ ᠶᠡᠭᠡ ᠵᠡᠭᠡᠯᠢ ᠭᠤᠳᠤᠮᠵᠢ ᠪᠣᠯᠤᠨ᠎ᠠ᠃
ᠢᠷᠡᠯᠲᠡ᠄ ᠳᠣᠰ ᠰᠦᠯᠵᠢᠶ᠎ᠡ