ᠴᠤᠤᠳᠤ ᠪᠦᠬᠡ —ᠮᠠᠨᠢ
ᠨᠡᠶᠢᠲᠡᠯᠡᠭᠰᠡᠨ ᠴᠠᠭ᠄
2021/5/11
           ᠮᠠᠨᠢ᠂ ᠳᠠᠷᠬᠠᠨ ᠪᠦᠬᠡ ᠨᠠᠮᠰᠠᠷᠠᠢ ᠶᠢᠨ  ᠵᠢᠴᠢ᠃  ᠵᠠᠯᠠᠭᠤ  ᠨᠠᠰᠤᠨ ᠠᠴᠠ  ᠪᠠᠨ  ᠲᠠᠪᠢ ᠶᠢ  ᠳᠠᠪᠠᠲᠠᠯ᠎ᠠ  ᠨᠠᠶᠢᠷ ‍ᠣᠨ‌‍ᠲ᠋ᠠᠯᠠᠪᠠᠢ ᠳᠤ ᠮᠤᠩᠭᠤᠯ ᠪᠦᠬᠡ ᠶᠢᠨ ᠤᠡᠭᠭᠤᠨ ᠰᠦᠷ ᠢ ᠬᠢᠯᠠᠯᠵᠠᠭᠤᠯᠵᠤ᠂ ᠬᠤᠷᠴᠢᠨ᠂ ᠰᠢᠯᠢ ᠶᠢᠨ ᠭᠤᠤᠯ᠂ ᠬᠦᠯᠦᠨ  ᠪᠤᠶᠢᠷ ᠲᠣ᠋‌ᠨᠠᠷ᠎ᠡ ᠴᠤᠤ ᠮᠠᠨᠳᠤᠵᠤ᠂ ᠲᠡᠷᠢᠭᠦᠨ  ᠱᠠᠩ ᠢ  ᠲᠤᠭ᠎ᠠ  ᠦᠭᠡᠢ  ᠤᠯᠠᠨ  ᠠᠪᠴᠤ  ᠳᠡᠭᠡᠳᠦ ᠶᠢᠨ  ᠠᠯᠳᠠᠷ ᠢᠶᠠᠨ  ᠳᠠᠶᠠᠭᠠᠷ ᠲᠣ᠋‌ᠮᠦ᠋ᠡᠭᠭᠡᠷᠡᠭᠦᠯᠵᠡᠢ᠃               ᠨᠢᠭᠡᠨ ᠵᠤᠨ ᠨᠤᠶᠠᠨ ᠰᠦᠮ᠎ᠡ ᠳᠤ  ᠨᠠᠶᠢᠷ  ᠬᠢᠭᠰᠡᠨ  ᠳᠤ  ᠦᠵᠦᠮᠦᠴᠢᠨ  ᠤ  ᠨᠢᠭᠡᠨ  ᠪᠦᠬᠡ  ︽ᠲᠡᠷᠢᠭᠦᠨ  ᠱᠠᠩ‌ᠮᠢᠨᠤᠬᠢ︕︾ ᠭᠡᠵᠤ ᠴᠤᠯᠪᠤᠭᠤᠷ ᠪᠦᠰᠡᠯᠡᠨ ᠢᠷᠡᠵᠠᠢ᠃ ᠨᠠᠶᠢᠷ ᠦᠵᠡᠬᠦ ᠪᠠᠷ ᠤᠴᠢᠭᠰᠠᠨ ᠮᠠᠨᠢ ᠮᠠᠮᠠ ᠡᠭᠦᠨ ᠢ  ᠰᠤᠨᠤᠰᠤᠭᠠᠳ‌ᠦᠳᠡ ᠶᠢᠨ ᠴᠠᠢ ᠶᠢᠨ ᠦᠶ᠎ᠡ ᠳᠤ ᠨᠠᠰᠤᠭ ᠮᠠᠮᠠ ᠶᠢᠨ ᠳᠤ ᠬᠦᠷᠴᠤ ᠦᠨᠦ ᠪᠦᠬᠡ ᠶᠢ ᠲᠠᠭᠤᠳᠠᠭᠤᠯᠤᠨ ᠴᠠᠢ ᠤᠤᠭᠤᠯᠭᠠᠵᠠᠢ᠃               ᠮᠠᠨᠢ ᠴᠠᠢ ᠤᠤᠭᠤᠬᠤ ᠵᠠᠭᠤᠷ᠎ᠠ ᠬᠡᠰᠡᠭ ᠬᠤᠷᠤᠳ ᠢ ᠠᠪᠴᠤ᠄ ︽ᠬᠡᠤᠬᠡ  ᠡ᠂  ᠠᠪᠤ  ᠶᠢᠨ  ᠬᠢᠨᠢ  ᠰᠢᠳᠤ  ᠦᠭᠡᠢ‌‍ᠪᠤᠯᠵᠠᠢ᠂ ᠬᠦᠦ ᠮᠢᠨᠢ ᠡᠭᠦᠨ ᠢ ᠬᠠᠭ᠎ᠠ ᠬᠠᠵᠠᠭᠠᠳ ᠬᠡ︕︾ ᠭᠡᠰᠡᠨ ᠳᠤ ᠵᠠᠯᠠᠭᠤ ᠪᠦᠬᠡ ᠬᠤᠷᠤᠳ ᠢ ᠵᠡᠭᠦᠨ ᠲᠠᠯ᠎ᠠ ᠶᠢᠨ ᠰᠢᠳᠤ‌‍ᠪᠠᠷ ᠢᠶᠠᠨ ᠢᠳᠡᠯᠡᠨ ᠬᠠᠵᠠᠵᠤ ᠬᠠᠭᠠᠯᠤᠭᠠᠳ ᠮᠠᠨᠢ ᠳᠤ ᠦᠭᠴᠠᠢ᠃ ᠵᠠᠯᠠᠭᠤ ᠪᠦᠬᠡ ᠶᠠᠪᠤᠭᠰᠠᠨ ᠤ ᠬᠤᠶᠢᠨ᠎ᠠ᠄ ︽ᠵᠠ᠂ ᠮᠠᠮᠠ  ᠨᠢ‌‍ᠪᠦ᠋ᠬᠡ ᠳᠤ ᠤᠷᠤᠵᠤ ᠡᠨᠡ ᠵᠠᠯᠠᠭᠤ ᠶᠢ ᠬᠠᠶᠠᠵᠤ ᠤᠮᠤᠭ ᠢ ᠨᠢ ᠲᠠᠷᠤᠶ᠎ᠠ︕︾ ᠭᠡᠵᠠᠢ᠃                 ᠡᠭᠦᠨ ᠢ ᠰᠤᠨᠤᠰᠤᠭᠰᠠᠨ ᠪᠤᠰᠤᠳ ᠨᠢ᠄ ︽ᠮᠠᠮᠠ ᠨᠠᠰᠤ ᠠᠭᠢᠵᠠᠢ᠂ ᠵᠠᠯᠠᠭᠤ ᠤᠯᠤᠰ ᠬᠡᠴᠡᠭᠦᠦ  ᠰᠢᠤ︕︾  ᠭᠡᠬᠦᠯᠡᠷ‌ᠮᠠᠨᠢ ᠮᠠᠮᠠ᠄ ︽ᠵᠠᠯᠠᠭᠤ ᠴᠢᠳᠠᠯ ᠲᠠᠢ ᠴᠤ ᠪᠠᠷᠠᠭᠤᠨ ᠲᠠᠯ᠎ᠠ ᠪᠠᠷ ᠢᠶᠠᠨ ᠴᠢᠳᠠᠯ ᠪᠠᠷᠤᠭᠳᠠᠢ᠂ ᠲᠡᠷᠡ  ᠲᠠᠯ᠎ᠠ  ᠪᠠᠷ  ᠨᠢ  ᠴᠤᠬᠢᠪᠠᠯ‌ᠯᠠᠪᠳᠠᠢ ᠬᠠᠶᠠᠨ᠎ᠠ︕︾ ᠭᠡᠵᠠᠢ᠃                ᠮᠠᠨᠢ ᠮᠠᠮᠠ ᠪᠦᠬᠡ ᠳᠤ ᠤᠷᠤᠬᠤᠯᠠᠷ ᠭᠠᠳᠠᠨ᠎ᠠ ᠠᠴᠠ ᠢᠷᠡᠭᠰᠡᠨ ᠪᠦᠬᠡᠴᠤᠳ᠄  ︽ᠰᠢᠳᠤ  ᠨᠢ  ᠪᠦᠷ  ᠤᠨᠠᠴᠢᠬᠠᠭᠠᠳ‌‍ᠪᠦ᠋ᠬᠡ ᠪᠠᠷᠢᠯᠳᠤᠨ᠎ᠠ ᠭᠡᠳᠡᠭ ᠴᠢᠨᠢ︾ ᠭᠡᠵᠤ ᠶᠡᠬᠡᠯ᠎ᠡ ᠱᠤᠭᠯᠠᠵᠠᠢ᠃ ᠪᠦᠬᠡ ᠪᠠᠷᠢᠯᠳᠤᠭᠰᠠᠭᠠᠷ ᠲᠡᠭᠡᠷ᠎ᠡ  ᠲᠦᠷᠪᠡ  ᠳᠤ  ᠤᠷᠤᠬᠤᠯᠠᠷ‌ᠮᠠᠨᠢ ᠮᠠᠮᠠ ᠦᠨᠦ ᠵᠠᠯᠠᠭᠤ ᠪᠦᠬᠡ ᠶᠢ ᠲᠤᠰᠴᠠᠢ᠃                 ᠲᠡᠷᠨ ᠬᠤᠶᠠᠷ ᠦᠷᠯᠦᠭᠡ ᠠᠴᠠ ᠪᠠᠷᠢᠯᠳᠤᠵᠤ᠂ ᠬᠡᠨ ᠬᠡᠨ ᠢᠶᠠᠨ ᠤᠶᠢᠴᠢᠭᠤᠯᠵᠤ ᠲᠡᠶᠢᠯᠬᠦ  ᠦᠭᠡᠢ  ᠪᠤᠯᠬᠤᠷ  ᠦᠳᠡ‌‍ᠳᠤ ᠵᠢᠭᠠᠬᠠᠨ ᠴᠠᠢ ᠤᠰᠤ ᠤᠤᠭᠤᠵᠤ᠂ ᠦᠳᠡ ᠶᠢᠨ ᠬᠤᠶᠢᠨ᠎ᠠ ᠵᠠᠯᠭᠠᠭᠠᠳ ᠪᠠᠷᠢᠯᠳᠤᠵᠠᠢ᠃                ᠨᠠᠷᠠ ᠠᠭᠤᠯᠠ ᠶᠢᠨ ᠲᠤᠯᠤᠭᠠᠢ ᠰᠢᠭᠦᠷᠡᠬᠦ ᠦᠶ᠎ᠡ ᠪᠠᠷ ᠮᠠᠨᠢ ᠨᠠᠶᠢᠷ ᠤᠨ ᠲᠠᠯᠠᠪᠠᠢ ᠶᠢᠨ  ᠭᠠᠳᠠᠨ᠎ᠠ  ᠭᠠᠷᠴᠤ  ᠵᠢᠭᠠᠬᠠᠨ‌‍ᠰᠡᠪᠬᠢᠬᠦ ᠵᠠᠭᠤᠷ᠎ᠠ ᠬᠢᠮᠤᠰᠤᠨ ᠲᠤᠯᠢᠨ ᠬᠢᠷᠢ ᠴᠢᠯᠠᠭᠤ ᠤᠯᠵᠤ ᠡᠮᠬᠦᠭᠡᠳ ᠦᠷᠭᠦᠯᠵᠢᠯᠡᠨ ᠨᠤᠴᠤᠯᠳᠤᠵᠠᠢ᠃ ᠮᠠᠨᠢ  ᠮᠠᠮᠠ  ᠵᠠᠯᠠᠭᠤ‌‍ᠪᠦ᠋ᠬᠡ ᠶᠢ ᠬᠡᠳᠦ ᠲᠤᠭᠳᠤᠷᠤᠨ ᠪᠠᠷᠠᠭᠤᠨ ᠲᠠᠯ᠎ᠠ ᠪᠠᠷ ᠨᠢ ᠭᠤᠰ ᠬᠢᠳᠡᠯ᠎ᠡ ᠲᠠᠳᠠᠵᠤ᠂ ᠠᠮᠠᠨ ᠳᠠᠬᠢ ᠴᠢᠯᠠᠭᠤ ᠪᠠᠨ ᠨᠢᠯᠪᠤᠵᠤ ᠬᠠᠯᠳᠤ‌‍ᠭᠢᠰᠭᠢᠬᠦ ᠵᠠᠪᠰᠠᠷ ᠨᠢᠭᠡ ᠯᠡ ᠬᠦᠮᠦᠷᠢᠨ ᠤᠶᠢᠴᠢᠭᠤᠯᠵᠠᠢ᠃                   ᠲᠡᠷᠡ ᠪᠦᠬᠡ᠄ ︽ᠰᠢᠳᠤ ᠨᠢ ᠦᠭᠡᠢ ᠡᠪᠦᠭᠡᠨ ᠳᠤ ᠤᠶᠢᠴᠢᠨ᠎ᠠ ᠭᠡᠳᠡᠭ ᠴᠢᠨᠢ︾ ᠭᠡᠵᠤ ᠲᠤᠬᠤ ᠪᠠᠨ  ᠰᠢᠭᠠᠨ  ᠲᠠᠭᠤ‌‍ᠲ᠋ᠠᠯᠪᠢᠵᠤ ᠨᠤᠳᠤᠭ ᠲᠤ ᠪᠠᠨ ᠬᠠᠷᠢᠭᠠᠳ ᠲᠠᠬᠢᠵᠤ ᠪᠦᠬᠡ ᠶᠢᠨ ᠬᠦᠷᠢᠶᠡᠨ ᠳᠤ ᠤᠷᠤᠭᠰᠠᠨ ᠦᠭᠡᠢ ᠭᠡᠨ᠎ᠡ᠃               ᠮᠠᠨᠢ ᠮᠠᠮᠠ ᠡᠮᠨᠡᠯᠭᠡ ᠶᠢᠨ ᠤᠬᠠᠭᠠᠨ ᠢ  ᠴᠤ  ᠬᠢᠴᠢᠶᠡᠨ  ᠰᠤᠷᠴᠤ  ᠨᠤᠲᠤᠭ  ᠤᠰᠤᠨ  ᠳᠤ  ᠪᠠᠨ  ᠪᠤᠶᠠᠨ  ᠲᠤᠰᠠ‌‍ᠬᠦ᠋ᠷᠲᠡᠭᠡᠨ᠂ ᠬᠡᠦᠬᠡᠳ ᠲᠤ ᠴᠡᠴᠡᠭ ᠲᠠᠷᠢᠵᠤ ᠡᠪᠡᠳᠴᠢᠨ ᠵᠠᠰᠠᠬᠤ ᠪᠠᠷ ᠢᠶᠠᠨ ︽ᠲᠠᠷᠢᠶᠠᠴᠢ︾  ᠬᠡᠮᠡᠨ  ᠬᠡᠳᠦᠨ  ᠴᠢᠭᠤᠯᠭᠠᠨ ᠳ᠋ᠣ᠋‌ᠢᠳᠡᠭᠡᠯ ᠬᠦᠨᠳᠦ ᠲᠠᠢ ᠶᠠᠪᠤᠵᠠᠢ᠃                ᠲᠡᠭᠦᠨ ᠤ  ᠲᠤᠬᠠᠢ  ᠵᠤᠬᠢᠶᠠᠭᠰᠠᠨ  ︽ᠮᠠᠨᠢ  ᠮᠠᠮᠠ︾  ᠭᠡᠬᠦ  ᠲᠠᠭᠤᠦ  ᠤᠳᠤ  ᠪᠤᠯᠳᠠᠯ᠎ᠠ  ᠠᠷᠠᠳ  ᠤᠨ  ᠲᠤᠮᠳᠠ‌‍ᠲ᠋ᠠᠭᠤᠯᠠᠭᠳᠠᠭᠰᠠᠭᠠᠷ ᠪᠤᠢ᠃        
             src=http___grassland.china.com.cn_images_attachement_jpg_site568_20150826_b8aeedd129eb1747ade32f.jpg&refer=http___grassland.china.com.jpg
              ᠮᠠᠨᠢ ᠮᠠᠮᠠ                        ᠮᠢᠩᠭᠠᠨ ᠬᠤᠨᠢᠨ ᠤ ᠲᠤᠮᠳᠠ ᠠᠴᠠ ᠮᠠᠮᠠ                ᠮᠠᠩᠨᠠᠢ ᠬᠠᠯᠵᠠᠨ ᠨᠢ ᠢᠯᠭᠠᠭᠤᠷᠢ ᠲᠠᠢ                ᠮᠢᠩᠭᠠᠨ ᠲᠠᠷᠢᠶᠠᠴᠢ ᠶᠢᠨ ᠲᠤᠮᠳᠠ ᠠᠴᠠ ᠬᠦ᠋                 ᠮᠠᠨᠢ ᠮᠠᠮᠠ ᠨᠢ ᠢᠯᠭᠠᠭᠤᠷᠢ ᠲᠠᠢ                     ᠲᠦᠮᠡᠨ ᠬᠤᠨᠢᠨ ᠤ ᠲᠤᠮᠳᠠ ᠠᠴᠠ ᠮᠠᠮᠠ                ᠲᠦᠷᠦᠭᠦᠦ ᠬᠠᠯᠵᠠᠨ ᠨᠢ ᠢᠯᠭᠠᠭᠤᠷᠢ ᠲᠠᠢ              ᠲᠦᠮᠡᠨ ᠲᠠᠷᠢᠶᠠᠴᠢ ᠶᠢᠨ ᠲᠤᠮᠳᠠ ᠠᠴᠠ ᠬᠦ᠋              ᠮᠠᠨᠢ ᠮᠠᠮᠠ ᠨᠢ ᠢᠯᠭᠠᠭᠤᠷᠢ ᠲᠠᠢ                    ᠵᠢᠷᠤᠭ᠎ᠠ ᠮᠤᠷᠢ ᠲᠠᠢ ᠮᠠᠨᠢ ᠮᠠᠮᠠ ᠨᠢ             ᠵᠠᠯᠠᠶᠢᠳ ᠬᠤᠰᠢᠭᠤᠨ ᠵᠦᠭ ᠵᠠᠯᠠᠷᠠᠭᠠᠳ ᠶᠠᠪᠤᠯ᠎ᠠ                 ᠵᠠᠩ ᠲᠠᠢ ᠦᠩᠭᠡ ᠲᠠᠢ ᠵᠠᠩᠷᠠᠶᠢᠮ᠎ᠠ ᠬᠡᠤᠬᠡᠨ                 ᠵᠠᠵᠢᠨ ᠤ ᠦᠰᠦ ᠪᠠᠷ ᠢᠶᠠᠨ ᠲᠠᠯᠠᠯᠤᠭᠠᠳ ᠠᠪᠤᠯ᠎ᠠ                 ᠦᠷᠢᠶ᠎ᠡ ᠮᠤᠷᠢ ᠲᠠᠢ ᠮᠠᠨᠢ ᠮᠠᠮᠠ ᠨᠢ                 ᠦᠵᠦᠮᠦᠴᠢᠨ ᠬᠤᠰᠢᠭᠤᠨ ᠵᠦᠭ ᠦᠨᠳᠡᠶᠢᠭᠡᠳ ᠶᠠᠪᠤᠯ᠎ᠠ                  ᠦᠩᠭᠡ ᠲᠠᠢ ᠵᠢᠰᠦ ᠲᠠᠢ ᠵᠠᠩᠷᠠᠶᠢᠮ᠎ᠠ ᠬᠡᠤᠬᠡᠨ                  ᠦᠰᠦᠨ ᠤ ᠦᠵᠦᠭᠦᠷ ᠢᠶᠠᠷ ᠢᠶᠠᠨ ᠲᠠᠯᠠᠯᠤᠭᠠᠳ ᠠᠪᠤᠯ᠎ᠠ                    ᠦᠨᠡᠭᠡᠨ ᠲᠡᠪᠡᠯ ᠢ ᠴᠢᠨᠢ ᠤᠶᠤᠬᠤ ᠳᠤ              ᠦᠩᠭᠡᠷᠡᠤ ᠰᠠᠨᠠᠬᠤ ᠳᠤ ᠪᠠᠨ ᠤᠶᠤᠭᠰᠠᠨ ᠰᠢᠣ ᠮᠠᠮᠠ                 ᠦᠩᠭᠡᠷᠡᠤ ᠰᠠᠨᠠᠭᠰᠠᠨ ᠢ ᠮᠡᠳᠡᠪᠡᠯ ᠳ᠋ᠠ                  ᠦᠵᠦᠮᠦᠴᠢᠨ ᠬᠤᠰᠢᠭᠤᠨ ᠳᠤ ᠪᠠᠨ ᠵᠠᠯᠠᠷᠠᠨ᠎ᠠ ᠤᠤ ᠳ᠋ᠠ ᠮᠠᠮᠠ                   ᠵᠠᠬ᠎ᠠ ᠴᠤ ᠲᠡᠪᠡᠯ ᠢ ᠴᠢᠨᠢ ᠤᠶᠤᠬᠤ ᠳᠤ                ᠵᠠᠭᠤᠢ ᠰᠠᠨᠠᠭᠰᠠᠨ ᠳᠤ ᠪᠠᠨ ᠤᠶᠤᠭᠰᠠᠨ ᠰᠢᠤ ᠮᠠᠮᠠ                  ᠵᠠᠭᠤᠢ ᠰᠠᠨᠠᠭᠰᠠᠨ ᠢ ᠮᠡᠳᠡᠪᠡᠯ ᠳ᠋ᠠ               ᠵᠠᠯᠠᠶᠢᠳ ᠬᠤᠰᠢᠭᠤᠨ ᠳᠤ ᠪᠠᠨ ᠵᠠᠯᠠᠷᠠᠨ᠎ᠠ ᠤᠤ ᠳ᠋ᠠ ᠮᠠᠮᠠ                 ᠽᠠᠨᠳᠠᠨ ᠱᠦᠭᠦᠸᠠ ᠴᠦ ᠪᠤᠯᠤᠭᠠᠰᠠᠢ               ᠰᠠᠩ ᠳᠤ ᠪᠠᠨ ᠨᠠᠶᠢᠷᠠᠭᠠᠳ ᠠᠪᠬᠤ ᠦᠭᠡᠢ ᠤᠤ ᠳ᠋ᠠ                ᠰᠠᠭᠰᠠᠭᠠᠷ ᠭᠡᠵᠢᠭᠡ ᠲᠠᠢ ᠴᠦ ᠪᠤᠯᠤᠭᠠᠰᠠᠢ               ᠰᠠᠭᠠᠳᠠᠭᠯᠠᠵᠤ ᠪᠠᠭᠤᠯᠭᠠᠭᠠᠳ ᠠᠪᠬᠤ ᠦᠭᠡᠢ ᠤᠤ ᠳ᠋ᠠ                ᠠᠷᠤᠷ᠎ᠠ ᠴᠦ ᠪᠤᠯᠤᠭᠠᠰᠠᠢ                ᠠᠷᠴᠠ ᠳᠤ ᠪᠠᠨ ᠨᠠᠶᠢᠷᠠᠭᠠᠳ ᠠᠪᠬᠤ ᠦᠭᠡᠢ ᠤᠤ ᠳ᠋ᠠ              ᠠᠷᠤ ᠳᠤ ᠪᠠᠨ ᠭᠡᠵᠢᠭᠡ ᠲᠠᠢ ᠴᠦ ᠪᠤᠯᠤᠭᠠᠰᠠᠢ                ᠠᠪᠠᠯᠢ ᠪᠤᠯᠭᠠᠭᠠᠳ ᠠᠪᠬᠤ ᠦᠭᠡᠢ ᠤᠤ ᠳ᠋ᠠ᠃                              ︵ᠠᠷᠤ ᠬᠤᠷᠴᠢᠨ ᠬᠤᠰᠢᠭᠤᠨ ᠤ ᠵᠠᠰᠠᠭ ᠤᠨ ᠣᠷᠳᠤᠨ ᠤ ᠮᠤᠩᠭᠤᠯ ᠬᠡᠯᠡᠨ ᠤ ᠰᠦᠯᠵᠢᠶ᠎ᠡ ᠡᠬᠡ ᠪᠢᠴᠢᠭ ᠢ ᠬᠠᠩᠭᠠᠪᠠ︶                                  
ᠢᠷᠡᠯᠲᠡ᠄ ᠠᠷᠠᠳ ᠤᠨ ᠰᠦᠯᠵᠢᠶ᠎ᠡ