ᠰᠠᠨᠠᠭ᠎ᠠ ᠤᠷᠠᠨ ᠪᠤᠯ ᠨᠢᠳᠤ ᠤᠷᠠᠨ
ᠨᠡᠶᠢᠲᠡᠯᠡᠭᠰᠡᠨ ᠴᠠᠭ᠄
2021/5/11
           ᠮᠤᠩᠭᠤᠯ ᠨᠡᠭᠦᠳᠡᠯ ᠰᠤᠶᠤᠯ ᠳᠤ ︽ᠮᠠᠯᠴᠢᠨ︾ ᠪᠠ ︽ᠤᠯᠠᠮᠵᠢᠯᠠᠯ︾ ᠭᠡᠮᠡᠬᠦ ᠦᠭᠡᠨ ᠤ ᠤᠳᠬ᠎ᠠ ᠰᠠᠴᠠᠭᠤ ᠤᠴᠢᠷ  ᠢ‌‍ᠲ᠋ᠠᠶᠢᠯᠤᠨ ᠡᠨᠡ ᠤᠳᠠᠭ᠎ᠠ ᠬᠦᠬᠡᠨᠠᠭᠤᠷ ᠮᠤᠵᠢ ᠶᠢᠨ ᠭᠤᠤᠯᠮᠤᠳ ᠬᠤᠲᠠ ᠶᠢᠨ ᠭᠤᠤᠯᠮᠤᠳ ᠪᠠᠯᠭᠠᠰᠤ ᠶᠢᠨ ᠲᠤᠤᠷᠠᠢ ᠲᠤᠰᠬᠤᠨ ‍ᠤ‌ᠬᠠᠢ ᠹᠧᠩ ᠤᠨ ᠭᠡᠷ ᠲᠤ ᠬᠦᠷᠴᠦ᠂ ᠤᠯᠠᠮᠵᠢᠯᠠᠯᠲᠤ ᠢᠰᠡᠭᠡᠢ ᠰᠢᠷᠢᠮᠠᠯ  ᠤᠨ  ᠦᠢᠯᠡ  ᠪᠠᠷ  ᠤᠯᠠᠨ  ᠳᠠᠭᠠᠨ  ᠲᠠᠨᠢᠭᠳᠠᠭᠰᠠᠨ‌‍ᠶᠡᠭᠵᠢᠮ᠎ᠠ ᠡᠵᠢ ᠶᠢ ᠰᠤᠷᠪᠤᠯᠵᠢᠯᠠᠪᠠ᠃ ᠭᠡᠷ ᠤᠨ ᠬᠢᠨᠢ ᠪᠤᠱᠤᠭ᠎ᠠ ᠶᠢ ᠠᠯᠬᠤᠨ ᠤᠷᠤᠬᠤ ᠳᠤ ᠶᠡᠭᠵᠢᠮ᠎ᠠ ᠡᠵᠢ ᠬᠡᠳᠤᠶᠢᠪᠡᠷ ᠨᠠᠰᠤᠨ‌‍ᠤ ᠡᠷᠬᠡ ᠪᠠᠷ ᠬᠦᠤ ᠶᠢᠨ ᠬᠢᠨ ᠤ ᠪᠠᠨ ᠬᠠᠲᠠᠭᠤ ᠠᠵᠢᠯ ᠳᠤ ᠤᠷᠤᠯᠴᠠᠳᠠᠭ ᠦᠭᠡᠢ ᠴᠦ  ᠬᠡᠵᠢᠶᠡᠳᠡ  ᠪᠠᠨ  ︽ᠭᠠᠷ  ᠰᠤᠯᠠ︾ᠪᠠᠶᠢᠳᠠᠭ ᠦᠭᠡᠢ ᠳᠠᠳᠬᠠᠯ ᠢᠶᠠᠨ ᠬᠠᠶᠠᠵᠤ ᠶᠠᠳᠠᠨ᠂ ᠶᠠᠭ ᠪᠤᠭᠤ ᠲᠤᠭᠯᠠᠭᠠᠮ ᠤᠨ ᠲᠡᠪᠢᠰᠭᠡᠷ ᠢ ᠰᠢᠷᠢᠨ ᠰᠠᠭᠤᠵᠤ ᠪᠠᠶᠢᠯ᠎ᠠ᠃     
          11.jpg    
                ᠦᠨᠦ ᠵᠢᠯ 80 ᠨᠠᠰᠤᠨ ᠤ ᠦᠨᠳᠦᠷ ᠳᠠᠪᠠᠭ᠎ᠠ ᠶᠢ ᠲᠤᠭᠤᠯᠤᠭᠰᠠᠨ ᠡᠨᠡ ᠨᠠᠰᠤᠲᠠᠨ  ᠦᠨᠳᠦᠰᠦᠲᠡᠨ  ᠤ  ᠤᠶᠤᠳᠠᠯ‌ᠵᠦ᠋ᠢᠳᠡᠯ ᠳᠤ ᠨᠠᠰᠤᠨ ᠤ ᠪᠠᠷᠢᠯᠳᠤᠯᠭ᠎ᠠ ᠲᠠᠢ ᠪᠠᠶᠢᠵᠤ᠂  ᠢᠯᠠᠩᠭᠤᠶ᠎ᠠ  ᠢᠰᠡᠬᠡᠢ  ᠰᠢᠷᠢᠮᠠᠯ  ᠤᠨ  ᠵᠦᠢᠯᠡᠰ  ᠲᠤ  ᠲᠦᠢᠯ  ᠵᠶ᠋ᠠᠷ‌‍ᠴᠠᠭᠠᠷᠠᠵᠤ᠂ ᠤᠷᠴᠢᠮ ᠤᠨ ᠵᠢᠯ ᠳᠤ ᠮᠠᠨ ᠤ ᠳᠤᠮᠳᠠ ᠮᠠᠷᠲᠠᠭᠳᠠᠵᠤ ᠪᠠᠶᠢᠭᠰᠠᠨ ᠦᠨᠳᠦᠰᠦᠲᠡᠨ ᠤ ᠰᠤᠶᠤᠯ ᠤᠨ ᠨᠢᠭᠡᠨ ᠠᠭᠤᠯᠭ᠎ᠠ‌‍ᠶᠢ ᠲᠠᠭᠤᠳᠠᠨ ᠰᠡᠷᠡᠭᠡᠵᠤ ᠪᠠᠶᠢᠨ᠎ᠠ ᠭᠡᠪᠡᠯ ᠳᠠᠪᠠᠭᠤᠯᠤᠯ ᠪᠢᠰᠢ ᠶᠤᠮ ᠡ᠃      
           12.jpg
           13.jpg
             ᠬᠠᠷᠠᠬᠠᠨ ᠪᠠᠭ᠎ᠠ ᠠᠴᠠ ᠡᠬᠡ ᠠᠴᠠ ᠪᠠᠨ ᠰᠤᠷᠤᠭᠰᠠᠨ ᠡᠨᠡᠬᠦ ᠤᠷ᠎ᠠ ᠮᠠᠷᠭᠡᠵᠢᠯ ᠨᠢ ᠲᠤᠬᠠᠢ ᠶᠢᠨ ᠦᠶ᠎ᠡ ᠳᠤ ᠠᠮᠢᠳᠤᠷᠠᠯ‌‍ᠤᠨ ᠬᠡᠷᠡᠭᠴᠡᠭᠡ ᠶᠢ ᠬᠠᠩᠭᠠᠬᠤ ᠱᠠᠭᠠᠷᠳᠠᠯᠭ᠎ᠠ ᠪᠤᠯᠵᠤ᠂ ︽ᠲᠡᠷᠡ ᠴᠠᠭ ᠲᠤ ᠪᠠᠷᠤᠭ ᠪᠦᠬᠦ ᠶᠠᠭᠤᠮ᠎ᠠ  ᠶᠢ  ᠦᠪᠡᠷ  ᠢᠶᠠᠨ  ᠬᠢᠵᠤ‌‍ᠪᠡᠯᠡᠳᠦᠳᠡᠭ ᠪᠠᠶᠢᠯ᠎ᠠ᠃ ᠬᠠᠮᠢᠭ᠎ᠠ ᠤᠳᠤᠬᠢ ᠰᠢᠭ᠋ ᠪᠡᠯᠡᠨ ᠢᠶᠠᠷ ᠬᠤᠳᠠᠯᠳᠤᠵᠤ ᠠᠪᠬᠤ ᠶᠤᠮ ᠪᠤᠢ᠃ ᠲᠡᠭᠡᠭᠡᠳ ᠪᠢ ᠠᠪᠤ ᠡᠵᠢ ᠪᠠᠨ‌‍ᠲ᠋ᠡᠮᠨᠡᠨ ᠭᠡᠷ ᠤᠨ ᠲᠤᠭᠤᠶᠢᠯᠠᠪᠤᠷᠢ ᠰᠢᠷᠢᠳᠡᠭ ᠶᠤᠮ᠃ ᠪᠠᠰᠠ ᠬᠠᠶᠢᠰᠤᠨ ᠤ ᠪᠠᠷᠢᠭᠤᠯ᠂ ᠳᠡᠷᠢᠮ᠎ᠡ  ︵ᠲᠠᠪᠠᠭ︶  ᠶᠢᠨ  ᠲᠡᠪᠢᠰᠭᠡᠷ᠂ᠠᠶᠠᠭ᠎ᠠ ᠶᠢᠨ ᠭᠡᠷ ᠵᠡᠷᠭᠡ ᠠᠬᠠᠷ ᠴᠢᠬᠢᠷ ᠵᠦᠢᠯᠡᠰ ᠢ ᠬᠢᠳᠡᠭ ᠨᠢ  ᠤᠶᠢᠯᠡ  ᠶᠢᠨ  ᠤᠷᠠᠨ  ᠢ  ᠡᠵᠡᠮᠰᠢᠬᠦ  ᠰᠠᠶᠢᠨ  ᠪᠤᠯᠪᠠᠰᠤᠷᠠᠯ‌‍ᠪᠠᠶᠢᠵᠤ᠂ ᠬᠤᠶᠢᠨ᠎ᠠ ᠨᠢ ᠭᠡᠷ ᠤᠨ ᠡᠭᠦᠳᠡ᠂ ᠰᠢᠷᠢᠳᠡᠭ᠂ ᠡᠮᠡᠭᠡᠯ ᠤᠨ ᠤᠪᠳᠠ᠂ ᠳᠡᠪᠰᠡ᠂ ᠬᠤᠮ᠂  ᠠᠲᠠᠪᠴᠢ  ᠵᠡᠷᠭᠡ  ᠤᠯᠠᠨ‌ᠵᠦ᠋ᠢᠯ ᠢ ᠤᠷᠤᠯᠳᠤᠳᠠᠭ ᠪᠤᠯᠵᠤ᠂ ᠶᠠᠪᠤᠭᠠᠨ ᠳᠠᠭᠠᠨ ᠪᠦᠷ ᠲᠠᠰᠴᠢᠬᠠᠵᠡᠢ᠂  ᠴᠢᠯᠦᠭᠡ  ᠭᠠᠷᠪᠠᠯ  ᠶᠠᠭᠤᠮ᠎ᠠ  ᠤᠶᠤᠵᠤ  ᠰᠢᠷᠢᠳᠡᠭ‌‍ᠪᠤᠯᠤᠭᠰᠠᠨ︾ ᠭᠡᠮᠡᠨ ᠶᠡᠭᠵᠢᠮ᠎ᠠ ᠡᠵᠢ ᠬᠡᠯᠡᠬᠦ ᠳᠤ ᠲᠤᠰ ᠬᠦᠮᠦᠨ ᠤ ᠬᠢᠵᠤ ᠪᠦᠲᠦᠭᠡᠭᠰᠡᠨ ᠵᠦᠢᠯᠡᠰ ᠨᠢ ᠦᠨᠳᠦᠰᠦᠲᠡᠨ ᠤ ᠰᠤᠶᠤᠯ‌‍ᠤᠨ ᠲᠤᠳᠤᠷᠬᠠᠢ ᠨᠢᠭᠡᠨ ᠲᠦᠯᠦᠭᠡᠯᠡᠯ ᠪᠤᠯᠤᠭᠰᠠᠨ ᠨᠢ  ᠬᠤᠵᠢᠮ  ᠳᠠᠭᠠᠨ  ᠠᠩᠵᠠᠭᠠᠷᠳᠠᠭᠳᠠᠵᠡᠢ᠃  ᠡᠨᠡ  ᠨᠢ  ᠠᠩᠬ᠎ᠠ  ᠳᠤᠷ᠎ᠠ‌‍ᠰᠤᠨᠢᠷᠬᠠᠯ ᠠᠴᠠ ᠪᠤᠯᠵᠤ ᠭᠡᠷ ᠬᠤᠭᠤᠷᠤᠨᠳᠤ ᠦᠢᠯᠡ ᠶᠢᠨ ᠠᠵᠢᠯ ᠳᠠᠭᠠᠨ ᠰᠢᠮᠳᠠᠳᠠᠭ  ᠪᠠᠶᠢᠭᠰᠠᠨ  ᠪᠤᠯ  2009  ᠤᠨ  ᠳ᠋ᠥ‌ᠬᠠᠶᠢᠰᠢ ᠵᠸᠤ ᠶᠢᠨ ᠲᠠᠪᠤᠳᠤᠭᠠᠷ ᠤᠳᠠᠭᠠᠨ ᠤ ᠨᠠᠭᠠᠳᠤᠮ ᠤᠨ ᠶᠡᠭᠡ ᠬᠤᠷᠠᠯ ᠵᠢᠴᠢ ᠲᠤᠯᠤᠳᠤᠭᠠᠷ ᠤᠳᠠᠭᠠᠨ  ᠤ  ᠴᠠᠶᠢᠳᠠᠮ  ᠤᠨ︽ᠮᠥᠩᠬᠡ ᠭᠠᠯ︾ ᠰᠤᠶᠤᠯ ᠤᠨ ᠨᠠᠶᠢᠷ ᠲᠤ ᠭᠠᠷ ᠰᠢᠷᠢᠮᠠᠯ ᠪᠤᠯᠬᠤ ᠢᠰᠡᠬᠡᠢ ᠭᠡᠷ ᠤᠨ ᠡᠭᠦᠳᠡ ᠪᠠᠨ ᠠᠪᠴᠦ  ᠬᠦᠷᠦᠭᠰᠡᠨ  ᠵᠶ᠋ᠠᠷ‌ᠤᠯᠠᠨ ᠤ ᠳᠠᠭᠠᠰᠢᠶᠠᠯ ᠢ ᠤᠨᠴᠠᠭᠠᠢ ᠶᠡᠬᠡᠳᠡ ᠬᠦᠷᠲᠡᠵᠤ᠂ ᠬᠠᠳᠬᠤᠮᠠᠯ  ᠤᠨ  ᠲᠦᠷᠦᠯ  ᠵᠦᠢᠯ  ᠤᠨ  ᠨᠢᠭᠡᠳᠦᠭᠡᠷ  ᠱᠠᠩᠨᠠᠯ  ᠢ‌ᠭᠠᠷᠳᠠᠨ᠂ ᠤᠨ ᠤ ᠲᠤᠭᠤᠰᠤᠨ ᠳᠤ ᠳᠠᠷᠤᠭᠳᠠᠨ ᠮᠠᠷᠲᠠᠭᠳᠠᠵᠤ ᠪᠠᠶᠢᠭᠰᠠᠨ ᠰᠢᠷᠢᠮᠡᠯ ᠡᠳ᠋ ᠤᠨ ᠤᠷᠠᠨ ᠨᠠᠷᠢᠨ ᠢ  ᠭᠠᠶᠢᠬᠠᠭᠤᠯᠵᠤ‌‍ᠴᠢᠳᠠᠵᠡᠢ᠃ ᠲᠡᠭᠦᠨ ᠠᠴᠠ ᠬᠤᠶᠢᠰᠢ ᠶᠡᠭᠵᠢᠮ᠎ᠡ ᠡᠵᠢ ᠦᠪᠡᠷ  ᠢᠶᠠᠨ  ᠴᠦ  ᠤᠷᠮᠠᠰᠢᠨ᠂  ᠭᠤᠤᠯᠳᠠᠭᠤ  ᠢᠰᠡᠬᠡᠢ  ᠰᠢᠷᠢᠮᠡᠯ  ᠢ‌ᠤᠯᠠᠮᠵᠢᠯᠠᠨ ᠲᠦᠭᠡᠮᠡᠯᠵᠢᠭᠦᠯᠬᠦ ᠵᠤᠷᠢᠯᠭ᠎ᠠ ᠪᠠᠷ ᠨᠡᠩ ᠤᠯᠠᠨ ᠵᠦᠢᠯ ᠢ ᠰᠢᠷᠢᠳᠡᠭ ᠪᠤᠯᠵᠤ᠂ ᠭᠠᠳᠠᠭᠰᠢ  ᠤᠷᠤᠯᠳᠤᠭᠠᠨ  ᠳᠤ  ᠭᠠᠷ‌ᠤᠷᠠᠯᠠᠯ ᠢᠶᠠᠨ ᠦᠵᠡᠭᠦᠯᠬᠦ ᠨᠢ ᠨᠡᠶᠢᠳᠠᠮ ᠪᠤᠯᠤᠭᠰᠠᠨ ᠶᠤᠮ᠃ ᠡᠭᠦᠨ ᠳᠤ ᠤᠨᠴᠠᠯᠠᠨ ᠲᠤᠷᠠᠳᠤᠭᠤᠰᠢᠲᠠᠢ ᠨᠢ᠂  2011  ᠤᠨ‌‍ᠳᠥ ᠰᠢᠷᠠᠭᠴᠢᠨ ᠳᠠᠤᠯᠠᠢ ᠵᠢᠯ ᠤᠨ ᠮᠡᠨᠳᠦ ᠶᠢᠨ ᠤᠪᠤᠭᠠᠨ ᠳᠠᠬᠢᠯᠭ᠎ᠠ ᠪᠤᠯᠤᠨ ᠬᠤᠶᠠᠳᠤᠭᠠᠷ ᠤᠳᠠᠭᠠᠨ ᠤ ᠴᠠᠶᠢᠳᠠᠮ ᠤᠨ  ᠲᠡᠮᠡᠭᠡᠨ‌‍ᠰᠤᠶᠤᠯ ᠵᠤᠭᠠᠴᠠᠯ ᠤᠨ ᠨᠠᠶᠢᠷ ᠤᠨ ᠲᠡᠮᠡᠭᠡᠨ ᠵᠠᠰᠠᠯ ᠤᠨ ᠮᠦᠷᠦᠶᠢᠴᠡᠭᠡᠨ ᠳᠤ ᠨᠢᠭᠡᠳᠦᠭᠡᠷ ᠲᠡᠰ᠂ 2012 ᠤᠨ ᠳᠤ ᠬᠦᠬᠡᠨᠠᠭᠤᠷ‌‍ᠤᠨ ᠠᠷᠪᠠᠳᠤᠭᠠᠷ ᠬᠤᠭᠤᠴᠠᠭᠠᠨ ᠤ ᠦᠨᠳᠦᠰᠦᠲᠡᠨ ᠤ ᠠᠷᠠᠳ ᠤᠨ ᠭᠠᠷ ᠤᠷᠠᠯᠠᠯ ᠤᠨ ᠦᠵᠡᠭᠦᠯᠦᠯᠭᠡ ᠶᠢᠨ ᠤᠷᠤᠯᠳᠤᠭᠠᠨ  ᠳ᠋ᠥ‌ᠬᠤᠶᠠᠳᠤᠭᠠᠷ ᠲᠡᠰ᠂ 2015 ᠤᠨ ᠳᠤ ᠨᠠᠢᠮᠠᠨ ᠮᠤᠵᠢ ᠤᠷᠤᠨ  ᠤ  ᠠᠩᠬᠠᠳᠤᠭᠠᠷ  ᠬᠤᠭᠤᠴᠠᠭᠠᠨ  ᠤ  ︽ᠲᠡᠭᠷᠢᠯᠢᠭ  ᠡᠵᠡᠨ‌ᠬᠤᠨᠳᠠᠭᠠᠲᠤ︾ ᠦᠨᠳᠦᠰᠦᠲᠡᠨ ᠤ ᠭᠠᠷ ᠤᠷᠠᠯᠠᠯ ᠤᠨ ᠪᠦᠲᠦᠭᠡᠭᠳᠡᠬᠦᠨ ᠤ ᠤᠷᠤᠯᠳᠤᠭᠠᠨ  ᠳᠤ  ᠢᠰᠡᠬᠡᠢ  ᠶᠢᠨ  ᠲᠦᠷᠦᠯ  ᠵᠶ᠋ᠠᠷ‌ᠭᠤᠷᠪᠠᠳᠤᠭᠠᠷ ᠲᠡᠰ ᠵᠡᠷᠭᠡ ᠱᠠᠩᠨᠠᠯ ᠢ ᠲᠤᠰᠴᠦ᠂ ᠬᠤᠰᠢᠭᠤ ᠨᠤᠲᠤᠭ ᠲᠠᠭᠠᠨ ᠨᠡᠩ  ᠴᠦ  ᠠᠷᠪᠢᠨ  ᠠᠯᠳᠠᠷ  ᠢ  ᠠᠪᠴᠢᠷᠠᠭᠰᠠᠨ‌‍ᠪᠠᠶᠢᠨ᠎ᠠ᠃ ᠡᠨᠡ ᠨᠢ ᠨᠢᠭᠡ ᠲᠡᠯ᠎ᠠ ᠪᠠᠷ ᠢᠰᠡᠬᠡᠢ ᠰᠢᠷᠢᠮᠡᠯ ᠢᠶᠠᠷ  ᠬᠦᠮᠦᠰ  ᠤᠨ  ᠬᠠᠷᠠᠭ᠎ᠠ  ᠬᠤᠵᠢᠷᠯᠠᠵᠤ᠂  ᠦᠨᠳᠦᠰᠦᠲᠡᠨ  ‍ᠤ‌ᠤᠯᠠᠮᠵᠢᠯᠠᠯᠲᠤ ᠭᠠᠷ ᠤᠷᠠᠯᠠᠯ ᠤᠨ ᠭᠠᠶᠢᠬᠠᠮᠰᠢᠭ ᠢ ᠢᠯᠡᠷᠡᠭᠦᠯᠤᠨ᠂ ᠨᠦᠭᠦᠭᠡ ᠲᠠᠯ᠎ᠠ ᠪᠠᠷ  ᠵᠠᠯᠠᠭᠤ  ᠦᠶ᠎ᠡ  ᠶᠢᠨ  ᠬᠦᠮᠦᠰ  ᠲᠣ᠋‌ᠵᠢᠭᠠᠬᠤ ︽ᠯᠠᠪᠯᠠᠯᠲᠠ︾ ᠪᠤᠯᠤᠭᠰᠠᠨ ᠪᠠᠶᠢᠨ᠎ᠠ᠃ 2016 ᠤᠨ ᠳᠤ ᠶᠡᠭᠵᠢᠮ᠎ᠡ ᠡᠵᠢ ᠶᠢ ᠬᠠᠶᠢᠰᠢ ᠵᠸᠤ ᠶᠢᠨ ᠲᠡᠰ ᠤᠨ  ᠪᠤᠳᠠᠰ‌‍ᠤᠨ ᠪᠤᠰᠤ ᠰᠤᠶᠤᠯ ᠤᠨ ᠦᠪ ᠤᠨ ᠲᠦᠷᠦᠯ ᠵᠦᠢᠯ ᠤᠨ ᠮᠤᠩᠭᠤᠯ ᠦᠨᠳᠦᠰᠦᠲᠡᠨ ᠤ  ᠢᠰᠡᠬᠡᠢ  ᠰᠢᠷᠢᠮᠡᠯ  ᠤᠨ  ᠲᠦᠯᠦᠭᠡᠯᠡᠬᠦ‌‍ᠴᠢᠨᠠᠷᠲᠠᠢ ᠤᠯᠠᠮᠵᠢᠯᠠᠭᠴᠢ ᠪᠠᠷ ᠦᠨᠡᠯᠡᠨ᠂ 2017 ᠤᠨ ᠳᠤ ᠭᠤᠤᠯᠮᠤᠳ ᠬᠤᠲᠠ  ᠶᠢᠨ  ᠰᠤᠶᠤᠯ  ᠤᠨ  ᠲᠤᠪᠴᠢᠶ᠎ᠠ  ᠡᠴᠠ‌ᠢᠰᠡᠬᠡᠢ ᠰᠢᠷᠢᠮᠡᠯ ᠤᠨ ᠰᠤᠷᠤᠯᠴᠠᠬᠤ ᠠᠩᠬᠢ ᠶᠢ ᠵᠤᠬᠢᠶᠠᠨ ᠪᠠᠶᠢᠭᠤᠯᠵᠤ᠂ ᠶᠡᠭᠵᠢᠮ᠎ᠠ ᠡᠵᠢ  ᠲᠤᠰᠬᠠᠶᠢᠯᠠᠨ  ᠤᠷᠢᠨ  ᠵᠠᠯᠠᠭᠳᠠᠵᠤ᠂ᠢᠲᠡᠪᠬᠢᠯᠡᠨ ᠤᠷᠤᠯᠴᠠᠭᠰᠠᠨ 50 ᠭᠠᠷᠤᠢ ᠬᠦᠮᠦᠰ ᠲᠤ ᠤᠷ᠎ᠠ ᠮᠡᠷᠭᠡᠵᠢᠯ ᠢᠶᠠᠨ ᠵᠢᠭᠠᠵᠡᠢ᠃ 2018 ᠤᠨ ᠳᠤ ᠨᠠᠢᠮᠠᠨ ᠮᠤᠵᠢ‌ᠤᠷᠤᠨ ᠤ ︽ᠮᠥᠩᠬᠡ ᠭᠠᠯ︾ ᠰᠤᠶᠤᠯ ᠵᠤᠭᠠᠴᠠᠯ ᠤᠨ ᠨᠠᠶᠢᠷ ᠵᠢᠴᠢ ᠠᠷᠪᠠᠨ ᠲᠠᠪᠤᠳᠤᠭᠠᠷ ᠬᠤᠭᠤᠴᠠᠭᠠᠨ ᠤ  ᠳᠡᠭᠡᠳᠦ  ᠮᠤᠩᠭᠤᠯ‌‍ᠤᠨ ᠤᠯᠠᠮᠵᠢᠯᠠᠯᠲᠤ ᠰᠤᠶᠤᠯ ᠤᠷᠠᠯᠢᠭ ᠤᠨ ᠴᠢᠭᠤᠯᠭᠠᠨ ᠳᠤ ︽ᠳᠡᠭᠡᠳᠦ ᠮᠤᠩᠭᠤᠯ ᠤᠨ ᠰᠢᠯᠢᠳᠡᠭ ᠠᠷᠠᠳ ᠤᠨ  ᠤᠷᠠᠯᠢᠭᠴᠢᠨ︾ ᠢᠶᠠᠷ ᠴᠤᠯᠠᠯᠠᠭᠤᠯᠤᠭᠰᠠᠨ ᠶᠤᠮ᠃     
14.jpg          
15.jpg
          ᠬᠠᠵᠠᠭᠤ ᠬᠠᠪᠢ ᠳᠤᠨᠢ ᠭᠠᠷ ᠬᠦᠯ ᠪᠤᠯᠵᠤ᠂ ᠬᠠᠶᠠ ᠪᠠᠰᠠ ᠦᠢᠯᠡ ᠤᠶᠤᠳᠠᠯ ᠳᠤᠨᠢ  ᠤᠷᠤᠯᠴᠠᠭ᠎ᠠ  ᠲᠠᠢ  ᠪᠠᠶᠢᠳᠠᠭ‌‍ᠶᠡᠭᠵᠢᠮ᠎ᠡ ᠡᠵᠢ ᠶᠢᠨ ᠠᠴᠢ ᠰᠤᠯᠢ ᠬᠡᠯᠡᠬᠦ ᠳᠡᠭᠡᠨ᠄ ︽2009 ᠤᠨ ᠠᠴᠠ ᠡᠬᠢᠯᠡᠵᠤ ᠪᠤᠳᠤᠪᠠᠯ᠂ ᠮᠢᠨᠦ ᠡᠮᠡᠭᠡ ᠠᠷᠪᠠ  ᠭᠠᠷᠤᠢ‌ᠵᠢᠯ ᠤᠨ ᠬᠤᠭᠤᠷᠤᠨᠳᠤ ᠪᠠᠷᠤᠭ ᠶᠡᠭᠡ ᠪᠠᠭ᠎ᠠ 100 ᠭᠠᠷᠤᠢ ᠶᠠᠭᠤᠮ᠎ᠠ ᠰᠢᠷᠢᠴᠢᠭᠡᠵᠡᠢ᠃ ᠡᠭᠦᠨ ᠳᠤ ᠬᠠᠮᠤᠭ ᠤᠯᠠᠨ  ᠰᠢᠷᠢᠭᠰᠡᠨ‌ᠨᠢ ᠰᠢᠷᠢᠳᠡᠭ ᠪᠤᠯᠤᠨ᠎ᠠ᠃ ᠪᠠᠰᠠ ᠭᠡᠷ ᠤᠨ  ᠵᠠᠭᠪᠤᠷ  ᠢ  ᠤᠯᠠᠮᠵᠢᠯᠠᠯᠲᠤ  ᠶᠠᠩᠵᠤ  ᠪᠠᠷ  ᠪᠦᠷᠢᠨ  ᠲᠦᠭᠦᠭᠡᠷᠦᠭᠡᠳ  ᠰᠢᠷᠢᠵᠤ‌ᠭᠠᠷᠭᠠᠭᠰᠠᠨ ᠶᠤᠮ᠃ ᠡᠨᠡ ᠨᠢ ᠬᠦᠮᠦᠰ ᠤᠨ ᠠᠩᠬᠠᠷᠤᠯ ᠢ ᠶᠡᠬᠡᠳᠡ ᠲᠠᠳᠠᠳᠠᠭ᠂ ᠨᠡᠩ ᠴᠦ ᠮᠡᠳᠡᠳᠡᠭ ᠬᠦᠮᠦᠰ  ᠴᠤᠯ  ᠭᠠᠷ  ‍ᠤᠨ‌‍ᠬᠢᠴᠡ ᠪᠠᠶᠢᠬᠤ ᠶᠢ ᠦᠵᠡᠵᠤ ᠭᠠᠷᠤᠭᠠᠳ ᠲᠦᠢᠯ ᠢᠶᠠᠷ ᠲᠠᠭᠠᠰᠢᠶᠠᠳᠠᠭ ᠶᠤᠮ᠃ ᠬᠠᠶᠢᠰᠢ ᠵᠸᠤ ᠶᠢᠨ ᠰᠤᠶᠤᠯ ᠤᠨ  ᠤᠷᠳᠤᠨ  ‍ᠤ‌‍ᠲ᠋ᠡᠩᠬᠢᠮ ᠳᠤ ᠡᠮᠡᠭᠡ ᠶᠢᠨ ᠰᠢᠷᠢᠭᠰᠡᠨ ᠲᠡᠷᠭᠡᠨ ᠰᠠᠭᠤᠳᠠᠯ ᠤᠨ ᠲᠤᠳᠤᠷ᠂ ᠭᠤᠤᠯᠮᠤᠳ ᠬᠤᠲᠠ ᠶᠢᠨ ᠰᠤᠶᠤᠯ ᠤᠨ ᠲᠤᠪᠴᠢᠶ᠎ᠡ ᠳ᠋ᠥ‌‍ᠲ᠋ᠤᠭᠤᠷᠢᠭᠤᠯ ᠰᠢᠷᠢᠳᠡᠭ᠂ ᠱᠠᠭᠠᠵᠠᠩ ᠤᠨ ᠭᠡᠷ ᠢ ᠬᠠᠳᠠᠭᠠᠯᠠᠨ ᠳᠡᠯᠭᠡᠵᠤ ᠪᠠᠶᠢᠭ᠎ᠠ ᠶᠤᠮ᠃ ᠰᠢᠷᠢᠮᠡᠯ ᠤᠨ ᠬᠠᠮᠤᠭ  ᠴᠢᠬᠤᠯᠠ  ᠨᠢ‌ᠤᠶᠤᠳᠠᠯ ᠵᠠᠪᠠᠯ ᠨᠢᠬᠲᠠ ᠪᠠᠶᠢᠬᠤ ᠬᠡᠷᠡᠭᠲᠠᠢ ᠭᠡᠮᠡᠨ ᠨᠠᠳᠠ ᠳᠤ ᠳᠠᠩᠳᠠ ᠵᠠᠬᠢᠳᠠᠭ︾ ᠭᠡᠪᠡ᠃  
17.jpg  
           ︽ᠤᠳᠤ ᠶᠢᠨ ᠬᠦᠮᠦᠰ ᠭᠠᠷ ᠤᠳᠠᠰᠤ ᠤᠷᠤᠯᠳᠤᠵᠤ ᠪᠠᠶᠢᠬᠤ ᠳᠤ ᠪᠢ ᠭᠠᠷ ᠤᠶᠤᠮᠠᠯ ᠲᠠᠢ ︿ᠤᠷᠢᠶᠠᠯᠳᠤᠳᠠᠭ ﹀︾ᠭᠡᠮᠡᠨ ᠡᠶᠡᠯᠳᠡᠭ ᠢᠨᠢᠶᠡᠮᠰᠦᠭᠯᠡᠨ ᠬᠡᠯᠡᠭᠰᠡᠨ ᠶᠡᠭᠵᠢᠮ᠎ᠡ ᠡᠵᠢ ᠶᠢᠨ ᠦᠭᠡ ᠰᠠᠨᠠᠭ᠎ᠠ ᠭᠠᠨᠵᠤᠭᠠᠯᠠᠨ ᠪᠤᠴᠠᠬᠤ ᠳᠤ᠂ ᠤᠨ  ᠵᠢᠯ  ‍ᠤᠨ‌ᠤᠷᠴᠢᠯ ᠳᠤ ᠦᠨᠳᠦᠰᠦ ᠪᠠᠷ ᠢᠶᠠᠨ ᠬᠤᠭᠤᠷᠠᠳᠠᠭ ᠦᠭᠡᠢ ᠠᠮᠢᠯᠠᠯ  ᠤᠨ ᠲᠡᠰᠪᠦᠷᠢ ᠲᠠᠭᠠᠭᠠᠴᠠ ᠲᠠᠢ ᠲᠤᠭ᠎ᠠ ᠴᠦᠭᠡᠭᠡᠨ  ᠲᠤᠤᠷᠠᠢ‌ᠮᠤᠳᠤᠳ ᠢᠶᠠᠨ ᠠᠮᠢᠨ ᠰᠠᠬᠢᠭᠤᠰᠤ ᠪᠠᠨ ᠪᠤᠯᠭᠠᠨ  ᠬᠠᠶᠢᠷᠠᠯᠠᠨ  ᠬᠠᠮᠠᠭᠠᠯᠠᠵᠤ  ᠪᠠᠶᠢᠭ᠎ᠠ  ᠡᠨᠡ  ᠨᠤᠲᠤᠭ  ᠤᠨ  ᠬᠦᠮᠦᠰ  ᠯᠤᠭᠡ‌ᠠᠳᠠᠯᠢᠬᠠᠨ ᠴᠠᠭ ᠦᠶ᠎ᠡ ᠶᠢᠨ ᠡᠯᠡᠭᠳᠡᠯ ᠳᠤ ᠦᠨᠳᠦᠰᠦᠲᠡᠨ ᠤ ᠦᠢᠯᠡ ᠤᠶᠤᠳᠠᠯ ᠤᠨ ᠤᠯᠠᠮᠵᠢᠯᠠᠯᠲᠤ ᠰᠢᠨᠵᠢ  ᠪᠠᠨ  ᠦᠪᠯᠡᠨ‌‍ᠭᠦ᠋ᠭᠵᠢᠬᠦᠯᠬᠦ ᠨᠢ ᠵᠦᠢᠲᠠᠢ ᠪᠦᠯᠦᠭᠡ᠃
ᠢᠷᠡᠯᠲᠡ᠄ ᠠᠷᠠᠳ ᠤᠨ ᠰᠦᠯᠵᠢᠶ᠎ᠡ