ᠠᠵᠢᠯ ᠠᠴᠠ ᠪᠠᠨ ᠠᠮᠠᠷᠠᠭᠰᠠᠳ ᠤᠨ ᠦᠨᠳᠦᠰᠦᠨ ᠨᠠᠰᠤᠵᠢᠯ ᠤᠨ ᠳᠠᠭᠠᠳᠬᠠᠯ ᠢ 4.5% ᠪᠠᠷ ᠨᠡᠮᠡᠭᠳᠡᠬᠦᠯᠦᠨ᠎ᠠ
ᠨᠡᠶᠢᠲᠡᠯᠡᠭᠰᠡᠨ ᠴᠠᠭ᠄
2021/4/21
          ᠨᠠᠮ ᠤᠨ ᠲᠦᠪ ᠬᠤᠷᠢᠶ᠎ᠠ ᠪᠠ ᠳᠦᠷᠦ ᠶᠢᠨ ᠶᠠᠪᠤᠳᠠᠯ ᠤᠨ ᠬᠤᠷᠢᠶ᠎ᠠ ᠶᠢᠨ ᠵᠦᠪᠰᠢᠶᠡᠷᠡᠯ ᠢᠶᠠᠷ᠂ ᠬᠦᠮᠦᠨ ᠤ ᠬᠦᠴᠦᠨ ‍ᠤ‌ᠡᠬᠢ ᠪᠠᠶᠠᠯᠢᠭ ᠪᠠ ᠨᠡᠶᠢᠬᠡᠮ ᠤᠨ ᠪᠠᠳᠤᠯᠠᠭ᠎ᠠ ᠶᠢᠨ ᠶᠠᠮᠤᠨ᠂ ᠡᠳ᠋ ᠤᠨ ᠵᠠᠰᠠᠭ ᠤᠨ  ᠶᠠᠮᠤᠨ  ᠤᠢᠢᠷ᠎ᠠ ᠳᠤ  ︽2012  ᠤᠨ ‍ᠤ‌ᠠᠵᠢᠯ ᠠᠴᠠ ᠪᠠᠨ  ᠠᠮᠠᠷᠠᠭᠰᠠᠳ ᠤᠨ  ᠦᠨᠳᠦᠰᠦᠨ  ᠨᠠᠰᠤᠵᠢᠯ ᠤᠨ  ᠳᠠᠭᠠᠳᠬᠠᠯ ᠢ  ᠳᠤᠬᠢᠷᠠᠭᠤᠯᠬᠤ  ᠳᠤᠬᠠᠢ  ᠮᠡᠳᠡᠭᠳᠡᠯ︾ ᠢ‌‍ᠲ᠋ᠠᠷᠤᠮᠠᠯᠯᠠᠨ ᠲᠠᠷᠬᠠᠭᠠᠵᠦ᠂ 2012 ᠤᠨ ᠤ 1 ᠰᠠᠷ᠎ᠠ ᠶᠢᠨ 1 ᠠᠴᠠ ᠡᠬᠢᠯᠡᠨ᠂ 2020 ᠤᠨ ᠤ ᠵᠢᠯ ᠤᠨ  ᠰᠡᠬᠦᠯᠴᠢ ᠡᠴᠠ‌ᠡᠮᠦᠨ᠎ᠠ ᠳᠤᠭᠳᠠᠭᠠᠯ  ᠶᠤᠰᠤᠭᠠᠷ  ᠠᠵᠢᠯ ᠤᠨ  ᠠᠮᠠᠷᠠᠯᠳᠠ ᠪᠠᠨ  ᠠᠪᠬᠤ  ᠭᠠᠷ  ᠬᠦᠢᠴᠡᠳᠭᠡᠯ  ᠬᠢᠭᠰᠡᠨ  ᠪᠦᠬᠡᠳ  ᠰᠠᠷ᠎ᠠ ᠪᠠᠷ‌ᠨᠠᠰᠤᠵᠢᠯ ᠤᠨ ᠳᠠᠭᠠᠳᠬᠠᠯ ᠠᠪᠴᠤ ᠪᠠᠶᠢᠭ᠎ᠠ ᠠᠵᠦ ᠠᠬᠤᠢᠢᠯᠠᠯ ᠪᠠ ᠠᠵᠢᠯ ᠦᠢᠯᠡᠰ ᠤᠨ ᠨᠢᠬᠡᠴᠢ ᠶᠢᠨ ᠠᠵᠢᠯᠳᠠᠨ  ᠠᠵᠢᠯᠴᠢᠨ ‍ᠤ‌ᠦᠨᠳᠦᠰᠦᠨ ᠨᠠᠰᠤᠵᠢᠯ ᠤᠨ ᠳᠠᠭᠠᠳᠬᠠᠯ ᠤᠨ ᠳᠦᠪᠰᠢᠨ ᠢ ᠳᠡᠭᠡᠭᠰᠢᠯᠡᠬᠦᠯᠵᠦ᠂ ᠶᠡᠷᠦᠩᠬᠡᠢ ᠳᠤᠬᠢᠷᠠᠭᠤᠯᠬᠤ ᠬᠡᠮᠵᠢᠶ᠎ᠠ ᠨᠢ 2020ᠤᠨ ᠳᠤ ᠠᠵᠢᠯ ᠤᠨ ᠠᠮᠠᠷᠠᠯᠳᠠ ᠪᠠᠨ  ᠠᠪᠤᠭᠰᠠᠳ ᠤᠨ  ᠰᠠᠷ᠎ᠠ ᠶᠢᠨ  ᠬᠦᠮᠦᠨ  ᠳᠤᠮᠳᠠᠴᠢ ᠶᠢᠨ  ᠦᠨᠳᠦᠰᠦᠨ  ᠨᠠᠰᠤᠵᠢᠯ ‍ᠤᠨ‌‍ᠲ᠋ᠠᠭᠠᠳᠬᠠᠯ ᠤᠨ  4.5%  ᠪᠤᠯᠤᠨ᠎ᠠ  ᠭᠡᠵᠡᠢ᠃  ᠳᠤᠰ  ᠤᠳᠠᠭᠠᠨ ᠤ  ᠳᠤᠬᠢᠷᠠᠭᠤᠯᠤᠯᠳᠠ ᠨᠢ  ᠳᠤᠭᠳᠠᠭᠰᠠᠨ   ᠬᠡᠮᠵᠢᠶ᠎ᠠ ᠪᠠᠷ‌‍ᠲ᠋ᠤᠬᠢᠷᠠᠭᠤᠯᠬᠤ᠂ ᠬᠤᠯᠪᠤᠭᠳᠠᠭᠤᠯᠵᠦ ᠳᠤᠬᠢᠷᠠᠭᠤᠯᠬᠤ ᠪᠠ  ᠵᠤᠬᠢᠬᠤ  ᠬᠡᠮᠵᠢᠶ᠎ᠠ ᠪᠠᠷ  ᠬᠡᠯᠪᠠᠶᠢᠯᠭᠡᠬᠦ ᠶᠢ  ᠤᠶᠠᠯᠳᠤᠭᠤᠯᠬᠤ  ᠠᠷᠭ᠎ᠠ‌‍ᠬᠡᠮᠵᠢᠶ᠎ᠠ ᠶᠢ ᠦᠷᠬᠦᠯᠵᠢᠯᠡᠨ ᠭᠡᠷᠡᠭᠵᠢᠬᠦᠯᠵᠦ᠂ ᠳᠤᠭᠳᠠᠭᠰᠠᠨ ᠬᠡᠮᠵᠢᠶ᠎ᠠ ᠪᠠᠷ ᠳᠤᠬᠢᠷᠠᠭᠤᠯᠬᠤ ᠨᠢ ᠨᠡᠶᠢᠬᠡᠮ ᠤᠨ ᠳᠦᠪ ᠭᠤᠤᠯᠴᠢ ᠵᠢ‌ᠢᠯᠡᠷᠡᠬᠦᠯᠵᠦ᠂  ᠠᠳᠠᠯᠢ  ᠭᠠᠵᠠᠷ  ᠤᠷᠤᠨ ᠤ  ᠡᠯ᠎ᠠ  ᠳᠦᠷᠦᠯ ᠤᠨ  ᠠᠵᠢᠯ ᠠᠴᠠ ᠪᠠᠨ   ᠠᠮᠠᠷᠠᠭᠰᠠᠳ ᠤᠨ   ᠳᠤᠬᠢᠷᠠᠭᠤᠯᠬᠤ‌‍ᠪᠠᠷᠢᠮᠵᠢᠶ᠎ᠠ ᠶᠢ ᠦᠨᠳᠦᠰᠦᠨ ᠳᠡᠭᠡᠨ ᠠᠳᠠᠯᠢ  ᠪᠠᠶᠢᠯᠭᠠᠨ᠎ᠠ︔  ᠬᠤᠯᠪᠤᠭᠳᠠᠭᠤᠯᠵᠦ  ᠳᠤᠬᠢᠷᠠᠭᠤᠯᠬᠤ ᠨᠢ  ︽ᠠᠷᠪᠢᠨ  ᠳᠤᠰᠢᠶᠠᠪᠠᠯ‌ᠠᠷᠪᠢᠨ ᠤᠯᠬᠤ︾᠂ ︽ᠤᠷᠳᠤ ᠬᠤᠭᠤᠴᠠᠭ᠎ᠠ ᠳᠤᠰᠢᠶᠠᠪᠠᠯ  ᠠᠷᠪᠢᠨ  ᠤᠯᠬᠤ︾  ᠳᠤᠭᠳᠠᠴᠠ ᠶᠢ  ᠢᠯᠡᠷᠡᠬᠦᠯᠵᠦ᠂  ᠠᠵᠢᠯ ‍ᠤᠨ‌‍ᠪᠠᠶᠢᠷᠢᠨ ᠳᠠᠭᠠᠨ ᠪᠠᠶᠢᠬᠤ ᠳᠤ ᠠᠷᠪᠢᠨ ᠳᠤᠰᠢᠶᠠᠵᠦ᠂  ᠤᠯᠠᠨ  ᠵᠢᠯ  ᠳᠤᠰᠢᠶᠠᠭᠰᠠᠨ  ᠬᠦᠮᠦᠰ ᠲᠤ  ᠨᠠᠰᠤᠵᠢᠯ ᠤᠨ  ᠳᠠᠭᠠᠳᠬᠠᠯ‌ᠢᠯᠡᠬᠦᠦ ᠬᠦᠷᠳᠡᠭᠡᠨ᠎ᠠ︔ ᠵᠤᠬᠢᠬᠤ ᠬᠡᠮᠵᠢᠶ᠎ᠠ ᠪᠠᠷ ᠬᠡᠯᠪᠠᠶᠢᠯᠭᠡᠬᠦ ᠨᠢ  ᠭᠤᠤᠯᠳᠠᠯᠭ᠎ᠠ ᠲᠠᠢ  ᠬᠦᠮᠦᠰ ᠲᠤ  ᠬᠠᠯᠠᠮᠵᠢ  ᠬᠦᠷᠳᠡᠭᠡᠬᠦ ᠵᠢ‌ᠢᠯᠡᠷᠡᠬᠦᠯᠵᠦ᠂  ᠦᠨᠳᠦᠷ  ᠨᠠᠰᠤᠳᠠᠢ  ᠪᠠ  ᠬᠢᠯᠢ  ᠬᠢᠵᠠᠭᠠᠷ  ᠤᠷᠤᠨ ᠤ  ᠬᠦᠴᠢᠷ  ᠪᠡᠷᠭᠡᠰᠢᠶᠡᠯᠳᠡᠢ  ᠤᠷᠤᠨ ᠤ   ᠬᠦᠮᠦᠰ ᠢ‌ᠬᠠᠷᠠᠭᠠᠯᠵᠠᠭᠰᠠᠨ ᠪᠠᠶᠢᠨ᠎ᠠ᠃           ︽ᠮᠡᠳᠡᠭᠳᠡᠯ︾ ᠳᠤ᠂ ᠡᠯ᠎ᠠ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ  ᠬᠠᠷᠢᠶ᠎ᠠ  ᠬᠤᠳᠠ ᠨᠢ  ᠳᠤᠬᠠᠢ ᠵᠢᠨ‌ᠤᠷᠤᠨ ᠤ ᠪᠤᠳᠠᠳᠠᠢ ᠪᠠᠶᠢᠳᠠᠯ ᠲᠠᠢ ᠤᠶᠠᠯᠳᠤᠭᠤᠯᠵᠦ᠂ ᠭᠡᠷᠡᠭᠵᠢᠬᠦᠯᠬᠦ ᠳᠦᠰᠦᠪ  ᠳᠤᠭᠳᠠᠵᠦ᠂  ᠦᠳᠳᠡᠷ  ᠳᠦᠷᠭᠡᠨ  ᠵᠤᠬᠢᠶᠠᠨ‌‍ᠪᠠᠶᠢᠭᠤᠯᠵᠦ᠂ ᠳᠤᠬᠢᠷᠠᠭᠤᠯᠤᠭᠰᠠᠨ ᠤ ᠳᠠᠷᠠᠭᠠᠬᠢ ᠨᠠᠰᠤᠵᠢᠯ ᠤᠨ ᠳᠠᠭᠠᠳᠬᠠᠯ ᠤᠨ ᠮᠦᠩᠬᠦ ᠶᠢ ᠳᠠᠷᠤᠢ ᠳᠦᠷᠬᠡᠨ  ᠠᠵᠢᠯ ᠠᠴᠠ ᠪᠠᠨ‌ᠠᠮᠠᠷᠠᠭᠰᠠᠳ ᠤᠨ ᠭᠠᠷ ᠲᠤ ᠬᠦᠷᠭᠡᠬᠦ ᠬᠡᠷᠡᠭᠳᠡᠢ ᠭᠡᠵᠦ ᠱᠠᠭᠠᠷᠳᠠᠭᠰᠠᠨ ᠪᠠᠶᠢᠨ᠎ᠠ᠃      
ᠢᠷᠡᠯᠲᠡ᠄ ᠠᠷᠠᠳ ᠤᠨ ᠰᠦᠯᠵᠢᠶ᠎ᠡ