ᠪᠦᠬᠦ ᠬᠤᠳᠡ ᠶᠢᠨ ᠭᠤᠣᠯᠳᠡᠯᠭ᠎ᠠ ᠲᠠᠢ ᠠᠵᠢᠯ ᠤᠨ ᠲᠤᠭᠢᠷᠠᠭᠤᠯᠤᠯᠳᠠ ᠶᠢᠨ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2021/4/16
          ᠣᠶᠢᠷ᠎ᠠ ᠶᠢᠨ ᠡᠳᠣᠷ᠂ ᠬᠤᠳᠡ ᠶᠢᠨ ᠨᠠᠮ ᠤᠨ ᠬᠤᠷᠢᠶᠡᠨ ᠤ ᠱᠦᠵᠢ ᠨᠢᠤ ᠵᠢᠶᠦ᠋ᠨ ᠶᠠᠨ ᠪᠦᠬᠦ ᠬᠤᠳᠡ ᠶᠢᠨ ᠭᠤᠣᠯᠳᠡᠯᠭ᠎ᠠ ᠲᠠᠢ ᠠᠵᠢᠯ ᠤᠨ ᠲᠤᠭᠢᠷᠠᠭᠤᠯᠤᠯᠳᠠ ᠶᠢᠨ ᠬᠤᠷᠠᠯ ᠢ ᠡᠷᠬᠢᠯᠡᠨ ᠬᠤᠷᠠᠯᠳᠤᠭᠤᠯᠵᠤ ᠬᠤᠷᠡᠯ ᠳᠡᠭᠡᠷ᠎ᠡ ᠨᠡᠭᠦᠷᠡᠰᠣᠨ ᠤ ᠡᠬᠢ ᠪᠠᠶᠠᠯᠢᠭ ᠤᠨ ᠬᠦᠷᠢᠶ᠎ᠠ ᠴᠡᠷᠠᠭᠠᠨ ᠳᠠᠬᠢ ᠲᠣᠰᠬᠠᠢ ᠲᠦᠷᠣᠯ ᠢᠶᠠᠷ ᠵᠠᠰᠠᠨ ᠴᠡᠭᠴᠡᠯᠡᠬᠦ ᠠᠵᠢᠯ᠂ ᠲᠦᠪ ᠤᠨ ᠲᠣᠭᠤᠷᠢᠨ ᠪᠠᠶᠢᠴᠠᠭᠠᠯᠲᠠ ᠶᠢᠨ ᠬᠠᠷᠢᠭᠤ ᠲᠣᠰᠬᠠᠭᠰᠠᠨ ᠰᠠᠨᠠᠯ ᠢᠶᠠᠷ ᠵᠠᠰᠠᠨ ᠴᠡᠭᠴᠡᠯᠡᠬᠦ ᠠᠵᠢᠯ᠂ ᠲᠦᠪ ᠤᠨ ᠲᠣᠭᠤᠷᠢᠨ ᠪᠠᠶᠢᠴᠠᠭᠠᠬᠤ ᠲᠣᠭᠤᠶᠢᠯᠠᠩ ᠤᠨ ᠬᠢᠨ ᠤ ᠨᠠᠶᠢᠳᠠᠨ ᠲᠣᠰᠢᠶᠠᠬᠰᠠᠨ ᠵᠠᠬᠢᠳᠡᠯ ᠰᠣᠷᠪᠣᠯᠵᠢᠯᠠᠯ ᠤᠨ ᠬᠡᠷᠡᠭ ᠢ ᠬᠦᠢᠴᠠᠳᠭᠡᠬᠦ ᠵᠢᠴᠢ ᠵᠠᠬᠢᠳᠡᠯ ᠰᠣᠷᠪᠣᠯᠵᠢᠯᠠᠯ ᠤᠨ ᠳᠠᠷᠣᠭᠳᠠᠮᠠᠯ ᠬᠡᠷᠡᠭ ᠢ ᠰᠢᠢᠳᠪᠣᠷᠢᠯᠠᠬᠦ᠂ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠦᠳᠣᠭᠡᠨ ᠪᠠᠶᠢᠭᠤᠯᠤᠯᠲᠠ᠂ ᠬᠤᠳᠡᠯᠳᠤᠭ᠎ᠠ ᠡᠵᠡᠩᠨᠡᠬᠦ ᠣᠷᠴᠢᠨ ᠨᠦᠬᠦᠴᠡᠯ ᠢ ᠲᠣᠭᠤᠷᠢᠨ ᠪᠠᠶᠢᠴᠠᠭᠠᠵᠣ ᠴᠡᠭᠴᠡᠯᠡᠨ ᠰᠠᠶᠢᠵᠢᠷᠡᠭᠤᠯᠬᠤ ᠠᠵᠢᠯ᠂ ᠮᠠᠯᠵᠢᠬᠤ ᠲᠠᠷᠢᠶᠠᠯᠠᠬᠤ ᠣᠷᠣᠨ ᠤ ᠬᠦᠮᠣᠨ ᠠᠷᠠᠳ ᠤᠨ ᠣᠷᠣᠰᠢᠨ ᠰᠠᠭᠤᠷᠢᠰᠢᠬᠤ ᠣᠷᠴᠢᠨ ᠲᠣᠭᠤᠷᠢᠨ ᠢ ᠴᠡᠭᠴᠡᠯᠡᠨ ᠰᠠᠶᠢᠵᠢᠷᠡᠭᠤᠯᠬᠤ ᠪᠠ ᠬᠠᠳᠣᠨ ᠭᠤᠣᠯ ᠤᠨ ᠰᠠᠪᠠ ᠭᠠᠵᠡᠷ ᠢ ᠴᠡᠭᠴᠡᠯᠡᠬᠦ ᠠᠵᠢᠯ ᠤᠨ ᠦᠷᠨᠢᠯᠲᠠ ᠶᠢᠨ ᠪᠠᠶᠢᠳᠡᠯ ᠢ ᠨᠠᠶᠢᠳᠠᠯᠠᠵᠣ ᠬᠠᠮᠢᠶᠠᠳᠡᠢ ᠬᠤᠷᠡᠯ ᠤᠨ ᠵᠣᠷᠢᠭ ᠰᠠᠨᠠᠭ᠎ᠠ ᠶᠢ ᠣᠯᠠᠮᠵᠢᠯᠠᠬᠰᠠᠨ ᠤ ᠬᠠᠮᠳᠣ ᠲᠠᠷᠠᠭᠠᠴᠢ ᠶᠢᠨ ᠠᠯᠬᠤᠮ ᠤᠨ ᠠᠵᠢᠯ ᠢᠶᠠᠨ ᠪᠠᠶᠢᠷᠢᠯᠠᠭᠤᠯᠣᠨ ᠲᠣᠬᠢᠷᠡᠭᠤᠯᠣᠬᠰᠠᠨ ᠪᠠᠶᠢᠨ᠎ᠠ᠃
          ᠬᠤᠷᠠᠯ ᠠᠴᠠ ᠵᠢᠭᠠᠬᠤ ᠳᠤ ᠪᠠᠨ᠂ ᠡᠯ᠎ᠠ ᠱᠠᠳᠦ ᠡᠯ᠎ᠠ ᠰᠠᠯᠠᠭ᠎ᠠ ᠮᠦᠴᠢᠷ ᠤᠨ ᠬᠢᠨ ᠣᠯᠣᠰ ᠲᠦᠷᠤ ᠶᠢᠨ ᠮᠠᠭᠠᠳᠯᠠᠨ ᠨᠤᠲᠠᠯᠠᠬᠤ ᠴᠢᠳᠠᠪᠤᠷᠢ᠂ ᠣᠯᠣᠰ ᠲᠦᠷᠤ ᠶᠢᠨ ᠤᠬᠠᠨ ᠰᠡᠭᠡᠭᠡᠷᠡᠬᠦ ᠴᠢᠳᠠᠪᠤᠷᠢ᠂ ᠣᠯᠣᠰ ᠲᠦᠷᠤ ᠶᠢᠨ ᠬᠡᠷᠡᠭᠵᠢᠬᠦᠯᠦᠨ ᠬᠦᠢᠴᠠᠳᠭᠡᠬᠦ ᠴᠢᠳᠡᠪᠣᠷᠢ ᠪᠠᠨ ᠲᠠᠰᠣᠷᠡᠯᠳᠡ ᠦᠭᠡᠢ ᠨᠡᠮᠡᠭᠳᠡᠬᠦᠯᠵᠦ ᠣᠯᠣᠰ ᠲᠦᠷᠤ ᠶᠢᠨ ᠶᠡᠭᠡ ᠲᠠᠯ᠎ᠠ ᠪᠣᠯᠣᠨ ᠬᠦᠭᠵᠢᠯᠳᠡ ᠶᠢᠨ ᠶᠡᠭᠡ ᠲᠠᠯ᠎ᠠ ᠠᠴᠠ ᠡᠯ᠎ᠠ ᠲᠦᠷᠣᠯ ᠤᠨ ᠠᠵᠢᠯ ᠤᠨ ᠴᠢᠬᠤᠯᠠ ᠴᠢᠨᠡᠷ ᠪᠣᠯᠣᠨ ᠪᠠᠴᠢᠮ ᠲᠣᠯᠭᠠᠮ ᠴᠢᠨᠡᠷ ᠢ ᠳᠡᠭᠡᠳᠦ ᠬᠡᠮᠵᠢᠶ᠎ᠡ ᠪᠠᠷ ᠲᠠᠨᠢᠨ ᠡᠵᠡᠮᠰᠢᠵᠤ ᠣᠯᠣᠰ ᠲᠦᠷᠤ ᠶᠢᠨ ᠦᠵᠠᠯ ᠣᠬᠠᠮᠰᠠᠷ᠂ ᠦᠵᠠᠯ ᠰᠠᠨᠠᠭᠠᠨ ᠤ ᠣᠬᠠᠮᠰᠠᠷ ᠪᠣᠯᠣᠨ ᠦᠢᠯᠡ ᠠᠵᠢᠯᠯᠠᠭᠠᠨ ᠤ ᠣᠬᠠᠮᠰᠠᠷ ᠢᠶᠠᠨ ᠴᠢᠩᠭᠠᠳᠬᠠᠨ ᠡᠯ᠎ᠠ ᠲᠦᠷᠣᠯ ᠤᠨ ᠠᠵᠢᠯ ᠢᠶᠠᠨ ᠪᠣᠳᠠᠳᠡᠢ ᠨᠠᠶᠢᠳᠠᠪᠣᠷᠢᠵᠢᠭᠤᠯᠣᠨ ᠠᠬᠢᠭᠤᠯᠵᠤ ︽ᠠᠷᠪᠠᠨ ᠳᠦᠷᠪᠡᠳᠣᠭᠡᠷ ᠲᠠᠪᠣᠨ ᠵᠢᠯ ︾ ᠤᠨ ᠲᠦᠯᠣᠪᠵᠢᠬᠦᠯᠭᠡ ᠶᠢᠨ ᠬᠡᠷᠡᠭᠵᠢᠬᠦᠯᠦᠯᠳᠡ ᠶᠢ ᠰᠠᠶᠢᠨ ᠡᠬᠢᠯᠡᠯᠲᠡ ᠲᠠᠢ᠂ ᠰᠠᠶᠢᠨ ᠠᠬᠢᠴᠠ ᠲᠠᠢ ᠪᠣᠯᠭᠠᠬᠤ ᠶᠢ ᠪᠠᠳᠣᠯᠠᠬᠤ ᠬᠡᠷᠡᠭᠲᠡᠢ ᠭᠡᠪᠡ᠃           ᠬᠤᠷᠠᠯ ᠠᠴᠠ ᠴᠢᠬᠤᠯᠠᠴᠢᠯᠠᠬᠤ ᠳᠤ ᠪᠠᠨ᠂ ᠠᠵᠢᠯ ᠤᠨ ᠠᠷᠭ᠎ᠠ ᠠᠪᠴᠠᠯ ᠢᠶᠠᠨ ᠴᠢᠩᠭᠠᠳᠬᠠᠨ ᠡᠯ᠎ᠠ ᠲᠦᠷᠣᠯ ᠤᠨ ᠠᠵᠢᠯ ᠢᠶᠠᠨ ᠬᠦᠨᠵᠡᠭᠡᠢ ᠠᠬᠢᠭᠤᠯᠬᠤ ᠬᠡᠷᠡᠭᠲᠡᠢ᠃ ᠨᠡᠭᠦᠷᠡᠰᠣᠨ ᠤ ᠡᠬᠢ ᠪᠠᠶᠠᠯᠢᠭ ᠤᠨ ᠬᠦᠷᠢᠶ᠎ᠠ ᠴᠡᠷᠠᠭᠠᠨ ᠳᠠᠬᠢ ᠬᠠᠣᠯᠢ ᠳᠦᠷᠢᠮ ᠢ ᠵᠦᠷᠢᠴᠡᠭᠰᠡᠨ ᠠᠰᠠᠭᠤᠳᠡᠯ ᠢ ᠲᠣᠰᠬᠠᠢ ᠲᠦᠷᠣᠯ ᠢᠶᠠᠷ ᠴᠡᠭᠴᠡᠯᠡᠬᠦ ᠠᠵᠢᠯ ᠢᠶᠠᠨ ᠰᠠᠶᠢᠨ ᠬᠢᠬᠦ ᠶᠢᠨ ᠵᠡᠷᠬᠡ ᠪᠠᠶᠢᠩᠭᠤᠵᠢᠭᠤᠯᠤᠨ ︽ᠪᠠᠶᠢᠭᠤᠯᠣᠮᠵᠢ ᠶᠢ ᠬᠤᠪᠢᠷᠡᠭᠤᠯᠬᠤ ᠦᠭᠡᠢ᠂ ᠬᠦᠴᠣᠯᠠᠴᠠ ᠶᠢ ᠬᠤᠪᠢᠷᠠᠭᠤᠯᠬᠤ ᠦᠭᠡᠢ᠂ ᠡᠭᠦᠷᠭᠡ ᠬᠠᠷᠢᠭᠤᠴᠠᠯᠭ᠎ᠠ ᠶᠢ ᠬᠤᠪᠢᠷᠡᠭᠤᠯᠬᠤ ᠦᠭᠡᠢ︾ ᠪᠠᠶᠢᠯᠭᠠᠬᠤ ᠱᠠᠭᠠᠷᠳᠡᠯᠭ᠎ᠠ ᠶᠢ ᠨᠠᠶᠢᠲᠠᠪᠣᠷᠢᠵᠢᠭᠤᠯᠣᠨ ᠠᠵᠢᠯ ᠤᠨ ᠭᠤᠣᠯ ᠡᠭᠦᠷᠭᠡ ᠪᠠᠨ ᠴᠤᠮᠬᠤᠳᠬᠠᠨ ᠨᠢᠭᠡᠳᠣᠯᠳᠡᠢ ᠲᠦᠯᠣᠪᠵᠢᠬᠦᠯᠦᠨ ᠴᠢᠩᠭ᠎ᠠ ᠵᠣᠬᠢᠴᠠᠭᠤᠯᠭ᠎ᠠ ᠬᠢᠵᠤ ᠲᠣᠰᠬᠠᠢ ᠲᠦᠷᠣᠯ ᠢᠶᠠᠷ ᠴᠡᠭᠴᠡᠯᠡᠬᠦ ᠠᠵᠢᠯ ᠤᠨ ᠵᠠᠰᠠᠨ ᠰᠠᠶᠢᠵᠢᠷᠡᠭᠤᠯᠣᠯᠲᠠ ᠪᠠᠨ ᠠᠬᠢᠭᠤᠯᠬᠤ ᠬᠡᠷᠡᠭᠲᠡᠢ᠃ ᠲᠦᠪ ᠤᠨ ᠲᠣᠭᠤᠷᠢᠨ ᠪᠠᠶᠢᠴᠠᠭᠠᠯᠲᠠ ᠪᠠᠷ ᠢᠯᠡᠷᠡᠬᠦᠯᠦᠨ ᠲᠣᠰᠬᠠᠬᠰᠠᠨ ᠠᠰᠠᠭᠤᠳᠡᠯ ᠢ ᠴᠡᠭᠴᠡᠯᠡᠬᠦ ᠠᠵᠢᠯ  ᠢ ᠰᠠᠶᠢᠳᠣᠷ ᠬᠢᠵᠣ ᠡᠯ᠎ᠠ ᠲᠦᠷᠣᠯ ᠤᠨ ᠵᠠᠰᠠᠨ ᠴᠡᠭᠴᠡᠯᠡᠬᠦ ᠠᠵᠢᠯ ᠢᠶᠠᠨ ᠲᠣᠭᠲᠠᠭᠰᠠᠨ ᠬᠤᠭᠤᠴᠠᠭᠠᠨ ᠳᠤ ᠪᠠᠨ ᠴᠢᠨᠠᠷᠯᠢᠭ ᠰᠠᠶᠢᠨ ᠪᠠᠶᠠᠯᠠᠬᠦᠯᠬᠦ ᠬᠡᠷᠡᠭᠲᠡᠢ᠃ ᠲᠦᠪ ᠤᠨ ᠲᠣᠭᠤᠷᠢᠨ ᠪᠠᠶᠢᠴᠠᠭᠠᠬᠤ ᠲᠣᠭᠤᠶᠢᠯᠠᠩ ᠤᠨ ᠬᠢᠨ ᠤ ᠨᠠᠶᠢᠳᠡᠨ ᠲᠣᠰᠢᠶᠠᠬᠰᠠᠨ ᠵᠠᠬᠢᠳᠡᠯ ᠰᠣᠷᠪᠣᠯᠵᠢᠯᠠᠯ ᠤᠨ ᠬᠡᠷᠡᠭ ᠢ ᠬᠦᠢᠴᠠᠳᠭᠡᠬᠦ ᠵᠢᠴᠢ ᠵᠠᠬᠢᠳᠡᠯ ᠰᠣᠷᠪᠣᠯᠵᠢᠯᠠᠯ ᠤᠨ ᠲᠠᠷᠣᠭᠳᠠᠮᠠᠯ ᠬᠡᠷᠡᠭ ᠢ ᠲᠣᠬᠢᠳᠡᠢ ᠰᠢᠢᠳᠪᠣᠷᠢᠯᠠᠵᠣ ᠣᠯᠠᠨ ᠲᠦᠮᠡᠨ ᠤ ᠵᠠᠬᠢᠳᠡᠯ ᠰᠣᠷᠪᠣᠯᠵᠢᠯᠠᠯ ᠤᠨ ᠵᠠᠮ ᠱᠣᠭᠤᠮ ᠢ ᠰᠢᠯᠣᠭᠤᠳᠬᠠᠨ ᠵᠠᠬᠢᠳᠡᠯ ᠰᠣᠷᠪᠣᠯᠵᠢᠯᠠᠯ ᠤᠨ ᠳᠠᠷᠣᠭᠳᠠᠮᠠᠯ ᠬᠡᠷᠡᠭ ᠢ ᠲᠣᠭᠲᠠᠭᠰᠠᠨ ᠬᠤᠭᠤᠴᠠᠭᠠᠨ ᠳᠤ ᠪᠠᠨ ᠰᠢᠢᠳᠪᠣᠷᠢᠯᠠᠵᠣ ᠲᠠᠭᠤᠰᠬᠠᠬᠤ ᠶᠢ ᠪᠠᠳᠣᠯᠠᠬᠤ ᠬᠡᠷᠡᠭᠲᠡᠢ᠃            ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠦᠳᠣᠭᠡᠨ ᠪᠠᠶᠢᠭᠤᠯᠤᠯᠲᠠ ᠶᠢ ᠠᠬᠢᠭᠤᠯᠵᠤ ᠠᠵᠣ ᠠᠬᠤᠶᠢᠯᠠᠯ ᠤᠨ ᠭᠤᠣᠯ ᠴᠣᠭᠴᠠ ᠶᠢᠨ ᠬᠠᠷᠢᠭᠤᠴᠠᠯᠭ᠎ᠠ᠂ ᠣᠷᠣᠨ ᠨᠣᠳᠤᠭ ᠤᠨ ᠣᠳᠣᠷᠢᠳᠬᠤ ᠬᠠᠷᠢᠭᠤᠴᠠᠯᠭ᠎ᠠ ᠪᠣᠯᠣᠨ ᠰᠠᠯᠠᠭ᠎ᠠ ᠮᠦᠴᠢᠷ ᠤᠨ ᠬᠢᠨᠠᠨ ᠬᠠᠮᠢᠶᠠᠷᠬᠤ ᠬᠠᠷᠢᠭᠤᠴᠠᠯᠭ᠎ᠠ ᠪᠠᠨ ᠨᠠᠶᠢᠳᠠᠪᠣᠷᠢᠵᠢᠭᠤᠯᠵᠤ ᠠᠭᠤᠷᠬᠠᠢ ᠶᠢᠨ ᠣᠷᠣᠨ ᠤ ᠣᠷᠴᠢᠨ ᠲᠣᠭᠤᠷᠢᠨ ᠢ ᠵᠠᠰᠠᠨ ᠴᠡᠭᠴᠡᠯᠡᠵᠦ ᠰᠠᠷᠭᠦᠭᠡᠨ ᠰᠠᠶᠢᠵᠢᠷᠡᠭᠤᠯᠬᠤ ᠰᠠᠭᠤᠷᠢ ᠮᠦᠩᠬᠦᠨ ᠤ ᠬᠡᠷᠡᠭᠯᠡᠭᠡᠨ ᠤ ᠦᠷ᠎ᠡ ᠠᠰᠢᠭᠯᠠᠮᠵᠢ ᠶᠢ ᠲᠠᠰᠣᠷᠡᠯᠳᠡ ᠦᠭᠡᠢ ᠳᠡᠭᠡᠭᠰᠢᠯᠡᠬᠦᠯᠬᠦ ᠬᠡᠷᠡᠭᠲᠡᠢ᠃ ᠬᠤᠳᠡᠯᠳᠤᠭ᠎ᠠ ᠡᠵᠡᠩᠨᠡᠬᠦ ᠣᠷᠴᠢᠨ ᠨᠦᠬᠦᠴᠡᠯ ᠢ ᠴᠡᠭᠴᠡᠯᠡᠬᠦ ᠠᠵᠢᠯ ᠢ ᠰᠠᠶᠢᠳᠣᠷ ᠬᠢᠵᠣ ᠳᠦᠷᠢᠮ ᠲᠣᠭᠲᠠᠭᠠᠯ᠂ ᠦᠢᠯᠡᠴᠢᠯᠡᠭᠡ᠂ ᠠᠯᠬᠤᠮ ᠳᠠᠷᠠᠭ᠎ᠠ ᠶᠠᠪᠣᠴᠠ᠂ ᠬᠠᠷᠢᠭᠤᠴᠯᠠᠭ᠎ᠠ ᠶᠢᠨ ᠲᠠᠯ᠎ᠠ ᠳᠠᠬᠢ ᠲᠣᠳᠠᠭᠳᠠᠯ ᠪᠣᠶᠤ ᠣᠷᠣᠰᠢᠵᠤ ᠪᠠᠶᠢᠭ᠎ᠠ ᠠᠰᠠᠭᠤᠳᠡᠯ ᠢᠶᠠᠨ ᠰᠢᠢᠳᠪᠣᠷᠢᠯᠠᠵᠣ ᠴᠡᠭᠴᠡᠯᠡᠨ ᠰᠠᠶᠢᠵᠢᠷᠡᠭᠤᠯᠬᠤ ᠠᠵᠢᠯ ᠢᠶᠠᠨ ᠲᠣᠪᠤᠶᠢᠯᠭᠠᠨ ᠠᠳᠬᠤᠵᠣ ᠪᠠᠭᠤᠷᠠᠢ ᠪᠣᠶᠣ ᠲᠣᠲᠠᠭᠳᠠᠯ ᠲᠠᠢ ᠲᠠᠯ᠎ᠠ ᠪᠠᠨ ᠨᠦᠬᠦᠪᠣᠷᠢᠯᠡᠨ ᠪᠦᠬᠦ ᠬᠤᠳᠡ ᠶᠢᠨ ᠬᠤᠳᠡᠯᠳᠤᠭ᠎ᠠ ᠡᠵᠡᠩᠨᠡᠬᠦ ᠣᠷᠴᠢᠨ ᠨᠦᠬᠦᠴᠡᠯ ᠢ ᠰᠠᠶᠢᠵᠢᠷᠡᠭᠤᠯᠬᠤ ᠬᠡᠷᠡᠭᠲᠡᠢ᠃ ᠬᠦᠳᠡᠭᠡ ᠲᠣᠰᠬᠤᠨ ᠮᠠᠯᠵᠢᠬᠤ ᠣᠷᠣᠨ ᠤ ᠬᠦᠮᠣᠨ ᠠᠷᠠᠳ ᠤᠨ ᠣᠷᠣᠰᠢᠨ ᠰᠠᠭᠤᠷᠢᠰᠢᠬᠤ ᠣᠷᠴᠢᠨ ᠲᠣᠭᠤᠷᠢᠨ ᠢ ᠴᠡᠭᠴᠡᠯᠡᠬᠦ ᠪᠠ ᠬᠠᠳᠣᠨ ᠭᠤᠣᠯ ᠤᠨ ᠰᠠᠪᠠ ᠭᠠᠵᠡᠷ ᠢ ᠴᠡᠭᠴᠡᠯᠡᠬᠦ ᠠᠵᠢᠯ ᠢ ᠠᠬᠢᠭᠤᠯᠣᠨ ᠢᠯᠡᠷᠡᠬᠦᠯᠦᠨ ᠨᠠᠶᠢᠳᠡᠯᠡᠭᠰᠡᠨ ᠠᠰᠠᠭᠤᠳᠡᠯ ᠢ ᠲᠣᠩᠭᠠᠨ ᠡᠷᠬᠢᠴᠠᠬᠦᠯᠵᠣ ᠲᠣᠯᠢᠳᠡᠭᠤᠯᠣᠨ ᠰᠣᠷᠭᠠᠮᠵᠢ ᠠᠪᠴᠦ ᠬᠠᠮᠢᠶ᠎ᠠ ᠪᠦᠬᠦᠢ ᠬᠠᠣᠯᠢ ᠳᠦᠷᠢᠮ᠂ ᠲᠦᠷᠤ ᠶᠢᠨ ᠪᠣᠳᠣᠯᠭ᠎ᠠ ᠶᠢᠨ ᠣᠬᠠᠭᠤᠯᠭ᠎ᠠ ᠪᠠᠨ ᠴᠢᠩᠭᠠᠳᠬᠠᠨ ᠤᠯᠠᠨ ᠲᠦᠮᠡᠨ ᠢ ᠬᠦᠳᠣᠯᠣᠨ ᠳᠠᠭᠠᠭᠤᠯᠵᠤ ᠠᠮᠢ ᠠᠬᠤᠢ ᠤᠷᠴᠢᠨ ᠲᠣᠭᠤᠷᠢᠨ ᠢ ᠬᠠᠮᠠᠭᠠᠯᠠᠬᠤ ᠦᠵᠠᠯ ᠣᠬᠠᠮᠰᠠᠷ ᠢ ᠨᠢ ᠳᠡᠭᠡᠭᠰᠢᠯᠡᠬᠦᠯᠵᠦ ᠵᠠᠰᠠᠨ ᠴᠡᠭᠴᠡᠯᠡᠭᠰᠡᠨ ᠦᠷ᠎ᠡ ᠪᠦᠳᠣᠬᠡᠯ ᠢᠶᠠᠨ ᠪᠠᠬᠢᠵᠢᠬᠦᠯᠬᠦ ᠭᠡᠷᠡᠭᠳᠠᠢ ᠭᠡᠵᠡᠢ᠃
ᠢᠷᠡᠯᠲᠡ᠄ ᠲᠤᠰ ᠰᠦᠯᠵᠢᠶ᠎ᠡ