ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠲᠤᠬᠠᠢ 15 ᠠᠮᠠᠯᠠᠯᠳᠡ
ᠨᠡᠶᠢᠲᠡᠯᠡᠭᠰᠡᠨ ᠴᠠᠭ᠄
2021/3/30
         ᠶᠡᠷᠦᠩᠬᠡᠢ  ᠰᠠᠶᠢᠳ  ᠯᠢ  ᠺᠧ  ᠴᠢᠶᠠᠩ ᠤᠨ  ᠬᠢᠭᠰᠡᠨ  ︽ᠵᠠᠰᠠᠭ ᠤᠨ  ᠤᠷᠳᠤᠨ ᠤ  ᠠᠵᠢᠯ ᠤᠨ   ᠢᠯᠡᠳᠭᠡᠯ︾ ᠢ ᠦᠨᠳᠦᠰᠤᠯᠡᠪᠡᠯ᠂ 2021 ᠤᠨ ᠳᠤ  ᠵᠠᠰᠠᠭ ᠤᠨ  ᠤᠷᠳᠤᠨ ᠠᠴᠠ  ᠠᠷᠠᠳ ᠤᠨ  ᠠᠮᠢᠳᠤᠷᠠᠯ  ᠢ  ᠰᠠᠶᠢᠵᠢᠷᠠᠭᠤᠯᠬᠤ  ᠲᠤᠬᠠᠢ ᠳᠤᠤᠷᠠᠬᠢ ᠮᠡᠳᠦ ᠠᠮᠠᠯᠠᠯᠳᠠ ᠲᠠᠢ᠄                       1᠂ ᠸᠠᠺᠼᠢᠨ ᠢ ᠰᠤᠳᠤᠯᠤᠨ ᠦᠢᠯᠡᠳᠬᠦ  ᠪᠠ  ᠰᠦᠢᠳᠭᠡᠯ  ᠬᠤᠷᠢᠶᠠᠬᠤ  ᠥᠬᠡᠶ ᠪᠠᠷ  ᠳᠠᠷᠢᠬᠤ  ᠠᠵᠢᠯ ᠢ  ᠡᠮᠬᠢ ᠵᠢᠷᠤᠮ ᠲᠠᠢ ᠠᠬᠢᠭᠤᠯᠤᠨ᠎ᠠ︔                       2᠂ ᠠᠷᠠᠳ ᠤᠨ ᠦᠨᠳᠦᠰᠦᠨ ᠠᠮᠢᠳᠤᠷᠠᠯ ᠢ ᠪᠠᠳᠤᠯᠠᠬᠤ  ᠵᠠᠷᠤᠳᠡᠯ ᠢ  ᠨᠡᠮᠡᠭᠳᠡᠭᠦᠯᠬᠦ ᠠᠴᠠ  ᠪᠢᠰᠢ  ᠬᠠᠰᠤᠭᠳᠠᠭᠤᠯᠬᠤ ᠦᠭᠡᠢ︔                       3᠂ ᠭᠠᠶᠢᠯᠢ ᠶᠢ  ᠬᠦᠩᠭᠡᠷᠡᠭᠦᠯᠬᠦ  ᠲᠦᠷᠦ ᠶᠢᠨ  ᠪᠤᠳᠤᠯᠭ᠎ᠠ ᠶᠢ  ᠰᠢᠯᠢᠳᠡᠭᠵᠢᠭᠦᠯᠦᠨ  ᠨᠠᠶᠢᠳᠠᠪᠤᠷᠢᠵᠢᠭᠤᠯᠵᠤ᠂  ᠪᠠᠭ᠎ᠠ ᠬᠡᠪᠴᠢᠶᠡᠨ ᠤ  ᠭᠠᠶᠢᠯᠢ  ᠲᠤᠰᠢᠶᠠᠬᠴᠢ ᠠᠴᠠ  ᠦᠷᠳᠡᠭ  ᠨᠡᠮᠡᠭᠳᠡᠯ ᠤᠨ  ᠭᠠᠶᠢᠯᠢ  ᠲᠠᠳᠠᠪᠦᠷᠢᠯᠠᠬᠤ   ᠱᠤᠭᠤᠮ  ᠢ   ᠰᠠᠷ᠎ᠠ ᠵᠢᠨ‌‍ᠪᠤᠷᠤᠯᠠᠭᠤᠯᠭ᠎ᠠ ᠨᠢ 10 ᠲᠦᠮᠡᠨ ᠲᠦᠭᠦᠷᠢᠭ ᠪᠠᠶᠢᠬᠰᠡᠨ ᠠᠴᠠ 15 ᠲᠦᠮᠡᠨ ᠲᠦᠭᠦᠷᠢᠭ ᠪᠤᠯᠭᠠᠨ᠎ᠠ︔                         4᠂ ᠲᠤᠬᠠᠢᠢᠯᠠᠬᠰᠡᠨ  ᠠᠵᠢᠯ ᠤᠨ  ᠮᠡᠷᠭᠡᠵᠢᠯ  ᠴᠢᠳᠠᠪᠤᠷᠢ ᠶᠢ  ᠳᠡᠭᠡᠭᠰᠢᠯᠡᠭᠦᠯᠬᠦ  ᠪᠠ  ᠳᠡᠭᠡᠳᠦ  ᠵᠡᠷᠭᠡ ᠶᠢᠨ  ᠠᠵᠢᠯ ᠮᠡᠷᠭᠡᠵᠢᠯ ᠤᠨ  ᠰᠤᠷᠭᠠᠭᠤᠯᠢ ᠶᠢᠨ  ᠰᠤᠷᠤᠭᠴᠢ  ᠥᠷᠭᠡᠳᠬᠡᠨ  ᠡᠯᠰᠡᠬᠦ  ᠭᠤᠷᠪᠠᠨ  ᠵᠢᠯ ᠤᠨ  ᠠᠵᠢᠯᠯᠠᠭ᠎ᠠ ᠶᠢᠨ  ᠬᠠᠷᠠᠯᠲᠠ ᠶᠢ ᠪᠡᠶᠡᠯᠡᠭᠦᠯᠦᠨ᠎ᠡ︔                         5᠂ ᠠᠵᠤ ᠠᠬᠤᠶᠢᠯᠠᠯ  ᠪᠠ ᠣᠯᠠᠨ ᠲᠦᠮᠡᠨ ᠤ ᠪᠠᠶᠢᠩᠭᠤ ᠭᠦᠢᠴᠡᠳᠭᠡᠬᠦ  ᠴᠢᠬᠤᠯᠠᠳᠠᠢ ᠤᠴᠢᠷ  ᠶᠠᠪᠤᠳᠠᠯ ᠢ  ︽ᠮᠤᠵᠢ ᠠᠯᠤᠰᠯᠠᠨ ᠪᠦᠬᠦᠨ ᠢ  ᠭᠦᠢᠴᠡᠳᠭᠡᠭᠦ︾  ᠶᠢ ᠡᠨᠡ ᠵᠢᠯ  ᠦᠨᠳᠦᠰᠦᠨ  ᠳᠡᠭᠡᠨ   ᠪᠡᠶᠡᠯᠡᠭᠦᠯᠦᠨ᠎ᠡ︔                         6᠂ ᠳᠤᠮᠳᠠ ᠪᠠᠭ᠎ᠠ ᠠᠵᠤ ᠠᠬᠤᠶᠢᠯᠠᠯ ᠤᠨ ᠥᠷᠭᠡᠨ ᠪᠦᠰᠡᠲᠦ ᠰᠦᠯᠵᠢᠶ᠎ᠡ ᠪᠠ ᠲᠤᠰᠬᠠᠶ  ᠤᠳᠠᠰᠤ ᠶᠢᠨ  ᠵᠠᠷᠤᠳᠠᠯ ᠢ ᠳᠤᠮᠳᠠᠴᠢ ᠪᠠᠷ 10% ᠪᠠᠷ ᠪᠠᠭᠤᠷᠠᠭᠤᠯᠤᠨ᠎ᠡ︔                         7᠂ ᠵᠢᠵᠢᠭ ᠬᠤᠳᠠᠯᠳᠤᠭ᠎ᠠ ᠳᠡᠯᠭᠡᠭᠦᠷ ᠵᠡᠷᠭᠡ ᠠᠷᠠᠳ ᠲᠤ ᠲᠥᠬᠦᠮ  ᠦᠵᠡᠭᠦᠯᠬᠦ  ᠦᠶ᠋ᠯᠡᠴᠢᠯᠡᠭᠡᠨ ᠤ  ᠦᠶ᠋ᠯᠡᠰ  ᠤᠨ ᠡᠵᠡᠩᠨᠡᠯᠳᠡ ᠡᠮᠬᠢ ᠵᠢᠷᠦᠮ ᠲᠠᠢ ᠶᠠᠪᠤᠭᠳᠠᠬᠤ ᠶᠢ ᠪᠠᠳᠤᠯᠠᠨ᠎ᠡ︔                       8᠂ ᠬᠤᠳᠠ ᠪᠠᠯᠭᠠᠰᠤᠨ ᠤ 5.3  ᠲᠦᠮᠡᠨ  ᠬᠠᠭᠤᠴᠢᠨ  ᠤᠷᠤᠨ  ᠰᠠᠭᠤᠴᠠ ᠶᠢᠨ  ᠲᠤᠭᠤᠷᠢᠭ ᠢ  ᠦᠭᠡᠷᠡᠴᠢᠯᠡᠨ ᠪᠠᠶᠢᠭᠤᠯᠬᠤ ᠠᠵᠢᠯ ᠢ ᠡᠬᠢᠯᠡᠭᠦᠯᠦᠨ᠎ᠠ︔                         9᠂ ᠲᠠᠷᠢᠶᠠᠯᠠᠩ ᠤᠨ ᠪᠦᠲᠦᠭᠡᠭᠳᠡᠬᠦᠨ ᠤ ᠵᠠᠬ᠎ᠠ ᠳᠡᠯᠭᠡᠭᠦᠷ ᠤᠨ ᠬᠠᠩᠭᠠᠯᠭ᠎ᠠ ᠪᠠ ᠦᠨ᠎ᠡ ᠬᠠᠩᠰᠢ ᠦᠨᠳᠦᠰᠦᠨ  ᠳᠡᠭᠡᠨ ᠲᠣᠭᠲᠠᠭᠤᠨ ᠪᠠᠶᠢᠬᠤ ᠶᠢ ᠪᠠᠳᠤᠯᠠᠨ᠎ᠡ︔                         10᠂ ᠬᠥᠳᠡᠭᠡ ᠲᠣᠰᠬᠤᠨ ᠤ ᠬᠦᠮᠦᠨ ᠠᠷᠠᠳ ᠤᠨ ᠣᠷᠣᠰᠢᠨ  ᠠᠮᠢᠳᠤᠷᠠᠬᠤ  ᠣᠷᠴᠢᠨ  ᠨᠥᠬᠦᠴᠡᠯ ᠢ  ᠴᠡᠭᠴᠡᠯᠡᠨ ᠵᠠᠰᠠᠵᠤ ᠰᠠᠶᠢᠵᠢᠷᠠᠭᠤᠯᠬᠤ ᠲᠠᠪᠤᠨ ᠵᠢᠯ ᠤᠨ ᠠᠵᠢᠯᠯᠠᠭ᠎ᠠ ᠶᠢ ᠡᠬᠢᠯᠡᠭᠦᠯᠤᠨ᠎ᠡ︔                         11᠂ ᠬᠥᠯᠥᠰᠥᠨ ᠲᠠᠷᠢᠶᠠᠴᠢᠨ ᠤ ᠬᠦᠯᠦᠰᠦ ᠤᠯᠭᠤᠮᠵᠢ ᠶᠢ ᠴᠠᠭ ᠲᠤᠬᠠᠶ ᠳᠤᠨᠢ ᠲᠤᠭ᠎ᠠ  ᠶᠣᠰᠣᠭᠠᠷ  ᠤᠯᠭᠤᠬᠤ ᠵᠢ‌‍ᠪᠠᠳᠤᠯᠠᠨ᠎ᠡ︔                         12᠂  ᠲᠦᠭᠡᠮᠡᠯ  ᠬᠠᠷᠠᠭᠠᠯᠵᠠᠯ ᠤᠨ  ᠴᠢᠨᠠᠷᠲᠠᠶ  ᠰᠤᠷᠬᠤ  ᠨᠠᠰᠤᠨ ᠠᠴᠠ  ᠡᠮᠦᠨᠡᠬᠢ   ᠰᠤᠷᠭᠠᠨ   ᠬᠥᠮᠦᠵᠢᠯ ᠤᠨ ᠪᠠᠲᠤᠯᠠᠭ᠎ᠠ ᠶᠢᠨ ᠲᠣᠭᠲᠠᠴᠠ ᠶᠢ ᠲᠡᠭᠦᠯᠳᠡᠷᠵᠢᠭᠦᠯᠦᠨ᠂ ᠨᠡᠶᠢᠭᠡᠮ ᠤᠨ ᠬᠦᠴᠦᠨ ᠠᠴᠠ ᠴᠡᠴᠡᠷᠯᠢᠭ ᠡᠷᠬᠢᠯᠡᠬᠦ ᠶᠢ ᠳᠠᠮᠵᠢᠨ᠎ᠠ︔                       13᠂ ᠰᠠᠭᠤᠭᠠᠯᠢ  ᠠᠷᠠᠳ ᠤᠨ  ᠡᠮᠴᠢᠯᠡᠭᠡᠨ ᠤ  ᠳᠠᠭᠠᠳᠬᠠᠯ  ᠪᠠ  ᠦᠨᠳᠦᠰᠦᠨ  ᠤᠯᠠᠨ  ᠨᠡᠶᠢᠲᠡ ᠶᠢᠨ  ᠡᠷᠡᠭᠦᠯ‌ᠬᠠᠮᠠᠭᠠᠯᠠᠯ ᠤᠨ  ᠦᠢᠯᠡᠴᠢᠯᠡᠭᠡᠨ ᠤ  ᠵᠠᠷᠤᠳᠠᠯ ᠤᠨ  ᠬᠥᠮᠦᠨ  ᠳᠤᠮᠳᠠᠴᠢ ᠶᠢᠨ  ᠡᠳ᠋ ᠤᠨ  ᠵᠠᠰᠠᠭ ᠤᠨ  ᠨᠥᠬᠦᠪᠥᠷᠢ  ᠤᠯᠭᠤᠬᠤ‌‍ᠪᠠᠷᠢᠮᠵᠢᠶ᠎ᠠ  ᠶᠢ ᠲᠣᠰ ᠲᠣᠰ 30 ᠲᠥᠭᠦᠷᠢᠭ ᠪᠠ 5 ᠲᠥᠭᠦᠷᠢᠭ ᠨᠡᠮᠡᠭᠳᠡᠭᠦᠯᠦᠨ᠎ᠡ︔                         14᠂ ᠶᠡᠭᠡ ᠬᠤᠲᠠ ᠶᠢᠨ ᠣᠷᠣᠨ ᠰᠠᠭᠤᠴᠠ ᠶᠢᠨ ᠳᠤᠪᠤᠶᠢᠮ᠎ᠠ ᠠᠰᠠᠭᠤᠳᠠᠯ ᠢ ᠰᠠᠶᠢᠲᠤᠷ  ᠰᠢᠢᠳᠪᠦᠷᠢᠯᠡᠵᠤ᠂  ᠰᠢᠨ᠎ᠡ ᠬᠤᠳᠠ ᠶᠢᠨ  ᠠᠷᠠᠳ᠂  ᠵᠠᠯᠠᠭᠤᠴᠤᠳ  ᠵᠡᠷᠭᠡ ᠶᠢ  ᠬᠠᠪᠰᠤᠷᠤᠨ  ᠣᠷᠣᠨ  ᠰᠠᠭᠤᠴᠠ ᠶᠢᠨ   ᠬᠦᠴᠢᠷᠳᠡᠯ  ᠢ ᠨᠢ   ᠬᠦᠴᠦᠯᠡᠨ‌‍ᠰᠢᠢᠳᠪᠦᠷᠢᠯᠡᠵᠤ ᠦᠭᠭᠦᠨ᠎ᠠ︔                         15᠂ ᠠᠵᠢᠯ ᠠᠴᠠ ᠪᠠᠨ ᠠᠮᠠᠷᠠᠭᠰᠠᠨ ᠬᠥᠮᠦᠰ ᠤᠨ  ᠦᠨᠳᠦᠰᠦᠨ  ᠨᠠᠰᠤᠵᠢᠯ ᠤᠨ  ᠮᠥᠩᠭᠦ ᠶᠢ  ᠳᠡᠭᠡᠭᠰᠢᠯᠡᠭᠦᠯᠵᠦ᠂ ᠬᠠᠷᠠᠭᠠᠯᠵᠠᠬᠤ ᠡᠲᠡᠭᠡᠳ ᠤᠨ ᠠᠰᠠᠷᠠᠮᠵᠢ ᠪᠠ ᠠᠮᠢᠳᠤᠷᠠᠯ ᠤᠨ ᠨᠥᠬᠦᠪᠥᠷᠢ ᠶᠢᠨ ᠪᠠᠷᠢᠮᠵᠢᠶ᠎ᠠ ᠶᠢ ᠲᠡᠭᠡᠭᠰᠢᠯᠡᠭᠦᠯᠤᠨ᠎ᠡ᠃
ᠢᠷᠡᠯᠲᠡ᠄ ᠠᠷᠠᠳ ᠤᠨ ᠰᠦᠯᠵᠢᠶ᠎ᠡ