ᠤᠡᠭᠭᠤᠳ ᠮᠢᠨᠢ
ᠨᠡᠶᠢᠲᠡᠯᠡᠭᠰᠡᠨ ᠴᠠᠭ᠄
2021/3/3
                                                 ᠵᠣᠬᠢᠶᠠᠭᠴᠢ᠄ ᠄ᠮᠡᠷᠭᠡᠨᠪᠠᠭᠠᠳᠤᠷ    ᠤᠬᠠᠭᠠᠨ ᠤ ᠳᠡᠯᠳᠠ ᠠᠴᠠ ᠳᠦᠰᠢᠬᠡᠳ ᠪᠤᠰᠬᠠᠳᠠᠭ ᠤᠩᠭᠤᠳ ᠮᠢᠨᠢ    ᠤᠶᠤᠨ ᠤ ᠲᠤᠲᠤᠷ᠎ᠠ ᠠᠴᠠ ᠤᠨᠳᠤᠷᠤᠭᠠᠳ ᠪᠠᠭᠤᠳᠠᠭ ᠤᠩᠭᠤᠳ ᠮᠢᠨᠢ    ᠤᠷᠠᠨ ᠦᠬᠡᠰ ᠢ ᠬᠤᠯᠪᠤᠭᠠᠳ ᠦᠭᠳᠡᠭ ᠤᠩᠭᠤᠳ ᠮᠢᠨᠢ    ᠤᠷᠳᠤ ᠶᠢᠨ ᠳᠠᠭᠤᠤ ᠲᠠᠢ ᠤᠶᠠᠬᠠᠨ ᠡᠬᠡᠰᠢᠭ ᠲᠠᠢ ᠤᠩᠭᠤᠳ ᠮᠢᠨᠢ ᠁    ᠴᠡᠯᠡᠭᠡᠷ ᠲᠠᠯ᠎ᠠ ᠶᠢᠨ ᠴᠢᠮᠡᠭ ᠪᠤᠯᠤᠭᠰᠠᠨ ᠠᠭᠤᠯᠠᠰ ᠢᠶᠠᠷ ᠠᠮᠢᠯᠠᠨ᠎ᠠ    ᠴᠡᠪᠡᠷ ᠠᠭᠠᠷ ᠲᠠᠢ ᠳᠡᠨᠢᠬᠦᠬᠡᠨ ᠪᠠᠶᠢᠭᠠᠯᠢ ᠶᠢᠨ ᠠᠮᠢᠰᠬᠤᠯ ᠢᠶᠠᠷ ᠠᠮᠢᠯᠠᠨ᠎ᠠ    ᠴᠡᠩᠬᠡᠭ ᠤᠰᠤ ᠲᠠᠢ ᠭᠤᠤᠯ ᠭᠤᠷᠤᠬ᠎ᠠ ᠶᠢᠨ ᠤᠷᠤᠰᠬᠠᠯ ᠢᠶᠠᠷ ᠠᠮᠢᠯᠠᠨ᠎ᠠ    ᠴᠡᠩᠬᠡᠷ ᠤᠭᠳᠠᠷᠭᠤᠢ ᠶᠢᠨ ᠴᠠᠭᠠᠨ ᠡᠬᠦᠯᠡᠰ ᠤᠨ ᠨᠡᠬᠦᠳᠡᠯ ᠢᠶᠠᠷ ᠠᠮᠢᠯᠠᠨ᠎ᠠ    ᠬᠤᠯᠠ ᠳᠤ ᠰᠦᠨᠳᠡᠷᠯᠡᠬᠦ ᠴᠠᠰᠤᠲᠤ ᠬᠠᠶᠢᠷᠬᠠᠨ ᠤ ᠬᠠᠶᠢᠯ ᠢᠶᠠᠷ ᠠᠮᠢᠯᠠᠨ᠎ᠠ    ᠬᠤᠰᠢᠭᠤᠷᠠᠵᠤ ᠨᠢᠰᠬᠦ ᠤᠰᠤᠨ ᠰᠢᠪᠠᠭᠤᠳ ᠤᠨ ᠳᠠᠭᠤᠨ ᠢᠶᠠᠷ ᠠᠮᠢᠯᠠᠨ᠎ᠠ    ᠬᠤᠳᠤᠭ ᠢᠶᠠᠨ ᠰᠠᠬᠢᠭᠰᠠᠨ ᠨᠠᠰᠤᠲᠠᠨ ᠪᠤᠭᠤᠷᠤᠯ ᠤᠨ ᠲᠤᠮᠤᠭ ᠢᠶᠠᠷ ᠠᠮᠢᠯᠠᠨ᠎ᠠ    ᠬᠤᠷᠳᠤᠨ ᠢᠶᠠᠨ ᠰᠤᠷᠢᠬᠤ ᠬᠤᠯᠠᠨ ᠵᠡᠭᠡᠷᠲᠡ ᠶᠢᠨ ᠲᠦᠪᠡᠷᠭᠡᠨ ᠢᠶᠠᠷ ᠠᠮᠢᠯᠠᠨ᠎ᠠ    ᠦᠩᠬᠡ ᠨᠢ ᠤᠨᠠᠭᠰᠠᠨ ᠰᠢᠯᠦᠭ ᠮᠢᠨᠢ    ᠪᠤᠮᠠᠨ ᠤᠯᠤᠰ ᠤᠳ ᠪᠠᠭ᠋ᠠᠷᠬᠠᠳᠠᠭ ᠵᠢᠷᠤᠭ ᠪᠤᠯᠭᠠᠵᠤ ᠳᠠᠳᠠᠯᠠᠶ᠎ᠠ ᠬᠡᠰᠡᠨ    ᠪᠤᠮᠪᠤᠭᠤᠷ ᠭᠤᠶᠤᠬᠠᠨ ᠠᠭᠤᠯᠠᠰ ᠢᠶᠠᠨ ᠴᠢᠮᠡᠭ ᠪᠤᠯᠭᠠᠵᠤ ᠤᠷᠠᠯᠠᠶ᠎ᠠ ᠬᠡᠰᠡᠨ    ᠪᠤᠳᠤᠯ ᠤᠨ ᠬᠦᠨ ᠳᠠᠬᠢ ᠤᠳᠤᠨ ᠢᠶᠠᠨ ᠰᠤᠳᠤᠨ ᠪᠤᠯᠭᠠᠵᠤ ᠬᠡᠷᠡᠯᠳᠤᠬᠦᠯᠦᠶ᠎ᠡ ᠬᠡᠰᠡᠨ    ᠪᠤᠷᠤᠭᠠᠯᠠᠵᠤ ᠢᠷᠡᠳᠡᠭ ᠬᠠᠪᠤᠷ ᠢᠶᠠᠨ ᠤᠷᠢᠬᠠᠨ ᠪᠤᠯᠭᠠᠵᠤ ᠠᠮᠢᠯᠠᠭᠤᠯᠤᠶ᠎ᠠ ᠬᠡᠰᠡᠨ ᠁     ᠲᠤᠷᠭᠠᠨ ᠦᠳᠦ ᠲᠠᠢ ᠲᠤᠭᠤᠰ ᠰᠢᠪᠠᠭᠤ ᠨᠢ ᠬᠦᠮᠦᠨ ᠢᠶᠠᠨ ᠦᠵᠡᠵᠦ ᠭᠠᠶᠢᠬᠠᠭᠤᠯᠳᠠᠭ ᠪᠤᠯᠤᠭᠰᠠᠨ ᠠᠴᠠ     ᠲᠤᠳᠤᠬᠠᠨ ᠳᠠᠭᠤ ᠲᠠᠢ ᠠᠯᠲᠠᠨ ᠭᠤᠷᠭᠤᠤᠯᠲᠠᠢ ᠨᠢ ᠤᠢ ᠪᠠᠨ ᠰᠢᠯᠢᠵᠦ ᠲᠤᠩᠭᠤᠳᠳᠠᠭ ᠪᠤᠯᠤᠭᠰᠠᠨ ᠠᠴᠠ     ᠲᠤᠭᠤᠷᠢᠮ ᠪᠦᠷᠢᠳᠤ ᠶᠢᠨ ᠤᠷᠠᠨ ᠬᠠᠵᠢᠨ ᠴᠤ ᠤᠰᠤᠨ ᠤ ᠠᠶ᠎ᠠ ᠪᠠᠷ ᠨᠡᠬᠦᠳᠡᠯᠯᠡᠨ ᠢᠷᠡᠳᠡᠭ ᠪᠤᠯᠤᠭᠰᠠᠨ ᠠᠴᠠ     ᠲᠤᠭᠤᠷᠴᠤᠭ ᠡᠯᠡᠭᠳᠡᠭᠰᠡᠨ ᠨᠠᠶᠢᠷᠠᠭ ᠮᠢᠨᠢ ᠴᠤ ᠲᠤᠭᠤᠰᠤᠨ ᠲᠤᠯᠤᠭᠠᠢ ᠲᠠᠢ ᠡᠷᠬᠢᠴᠡᠳᠡᠭ ᠪᠤᠯᠤᠭᠰᠠᠨ ᠁     ᠪᠤᠷᠤᠭᠤ ᠵᠠᠮ ᠢᠶᠠᠷ ᠠᠯᠲᠠ ᠳᠡᠭᠡᠭᠡᠭᠰᠡᠨ ᠡᠷᠲᠡᠨ ᠤ ᠲᠤᠮᠤᠭ ᠤᠨ ᠦᠯᠢᠭᠡᠷ ᠭᠠᠷᠪᠠ ᠤᠤ︖     ᠪᠤᠴᠠᠬᠤ ᠵᠠᠮ ᠳᠠᠭᠠᠨ ᠰᠢᠷᠦᠢ ᠵᠦᠭᠡᠭᠡᠭᠰᠡᠨ ᠬᠤᠱᠤᠩ ᠱᠤᠭ ᠤᠨ ᠢᠨᠢᠶᠡᠳᠦᠮ ᠪᠤᠯᠪᠠ ᠤᠤ︖     ᠪᠤᠬᠠᠨ ᠳᠠᠭᠠᠨ ᠢᠳᠡᠭᠡᠵᠦ ᠰᠦᠷᠦᠭ ᠴᠦᠬᠡᠷᠡᠭᠰᠡᠨ ᠨᠢᠳᠤ ᠦᠬᠡᠢ ᠭᠠᠷᠤᠵᠠ ᠢᠷᠡᠪᠡ ᠤᠤ︖     ᠪᠤᠷᠬᠠᠨ ᠳᠠᠭᠠᠨ ᠵᠠᠯᠪᠠᠷᠢᠵᠤ ᠰᠦᠰᠦᠭ ᠠᠯᠳᠠᠭᠰᠠᠨ ᠨᠢᠭᠤᠷ ᠦᠭᠡᠢ ᠭᠠᠢ ᠲᠤᠰᠪᠠ ᠤᠤ︖     ᠡᠬᠦᠯᠡᠨ ᠴᠢᠯᠦᠬᠡᠨ ᠤ ᠨᠠᠷᠠ ᠶᠢ ᠰᠡᠬᠦᠳᠡᠷ ᠢᠷᠡᠭᠡᠳ ᠬᠠᠯᠬᠠᠯᠠᠳᠠᠭ ᠠᠴᠠ     ᠦᠳᠡᠰᠢ ᠶᠢᠨ ᠬᠠᠷᠪᠤᠭᠰᠠᠨ ᠰᠤᠯᠢᠷ ᠰᠡᠬᠦᠯ ᠳᠠᠳᠠᠭᠠᠳ ᠦᠩᠬᠡᠷᠡᠳᠡᠭ ᠠᠴᠠ     ᠦᠨᠡᠨ ᠪᠤᠳᠤᠯ ᠤᠨ ᠤᠴᠢᠭ ᠦᠷᠦᠴᠡᠨ ᠤ ᠲᠤᠲᠤᠷ᠎ᠡ ᠵᠠᠩᠬᠢᠷᠠᠳᠠᠭ ᠠᠴᠠ     ᠦᠩᠬᠡ ᠨᠢ ᠤᠨᠠᠭᠰᠠᠨ ᠰᠢᠯᠦᠭ ᠮᠢᠨᠢ ᠴᠤ ᠦᠨᠦᠴᠢᠨ ᠨᠢᠯᠪᠤᠰᠤ ᠲᠠᠢ ᠬᠡᠶᠤᠷᠡᠬᠦ ᠶᠤᠮ᠃
ᠢᠷᠡᠯᠲᠡ᠄ ᠣᠷᠳᠣᠰ ᠮᠤᠩᠭᠤᠯ ᠰᠦᠯᠵᠢᠶ᠎ᠡ