ᠨᠠᠮᠵᠢᠭᠤᠨ ᠪᠠᠶᠢᠭᠠᠴᠢ︕ ᠠᠭᠤᠵᠢᠮ ᠪᠠᠶᠢᠭᠠᠴᠢ︕
ᠨᠡᠶᠢᠲᠡᠯᠡᠭᠰᠡᠨ ᠴᠠᠭ᠄
2021/3/26
          ᠪᠢᠳᠡ ᠶᠡᠷᠦᠨᠢ ︽ᠬᠦᠮᠦᠨ ᠤ ᠠᠮᠢᠳᠤᠷᠠᠯ ᠤᠨ ᠵᠠᠮ ᠳᠠᠬᠢ ᠬᠦᠴᠢᠷ ᠲᠦᠪᠡᠭ ᠨᠢ ᠬᠠᠭᠠᠰ ᠢᠯᠡᠬᠦᠦ︾ ᠬᠡᠬᠦ ᠮᠡᠳᠦ ᠵᠢᠨ‌ᠮᠡᠷᠬᠡᠳ ᠰᠡᠴᠡᠳ ᠤᠨ ᠨᠠᠶᠢᠷᠠᠬᠰᠠᠨ ︽ᠰᠡᠳᠬᠢᠯ ᠢ ᠲᠦᠯᠵᠢᠬᠦᠯᠬᠦ ᠲᠠᠬᠢᠶᠠᠨ ᠱᠦᠯᠦ︾ ᠶᠢ ᠪᠠᠭ᠎ᠠ ᠪᠤᠰᠤ ᠠᠮᠳᠠᠯᠠᠬᠰᠠᠨ ᠪᠤᠯᠪᠠᠴᠤ᠂ ᠲᠤᠳᠠᠭᠤᠳᠠᠯ ᠬᠤᠮᠰᠠᠳᠠᠯ ᠢ ᠨᠦᠬᠦᠨ ᠲᠡᠬᠦᠯᠳᠡᠷᠵᠢᠬᠦᠯᠵᠤ᠂ ᠲᠠᠰᠢᠶᠠᠷᠠᠯ ᠠᠳᠡᠬᠦᠷᠡᠯ ᠢ ᠵᠠᠰᠠᠨ ᠵᠠᠯᠠᠷᠠᠭᠤᠯᠬᠤ ᠤᠶᠤᠨ ᠤᠬᠠᠭᠠᠨ‌ᠠᠪᠢᠶᠠᠰ ᠴᠢᠳᠠᠪᠤᠷᠢ ᠪᠠ ᠲᠠᠭᠠᠭᠠᠮᠠᠭᠠᠢ ᠲᠡᠰᠪᠦᠷᠢᠳᠡᠢ᠂ ᠪᠠᠶᠠᠰᠤᠩᠭᠤᠢ ᠢᠳᠡᠪᠬᠢᠳᠡᠢ᠂ ᠠᠭᠤᠴᠢᠯᠠᠨ  ᠪᠠᠭᠳᠠᠭᠠᠵᠤ  ᠶᠠᠪᠤᠬᠤ ᠵᠢᠨ‌ᠤᠴᠢᠷ ᠶᠤᠰᠤᠨ ᠢ ᠬᠠᠰᠢᠯᠠ ᠦᠪᠡᠷ ᠤᠨ ᠨᠤᠭᠤᠷᠠᠯ ᠪᠦᠳᠦᠷᠢᠯ ᠢ ᠲᠤᠭᠤᠯᠵᠤ ᠬᠦᠴᠢᠷ ᠲᠦᠪᠡᠭ ᠢ ᠲᠠᠪᠠᠵᠤ᠂ ᠬᠦᠷᠴᠤ ᠤᠴᠢᠬᠤ‌ᠢᠷᠡᠬᠡᠳᠦᠢ ᠪᠠᠨ ᠵᠤᠷᠢᠬᠰᠠᠨ ᠬᠠᠳᠠᠭᠤ ᠵᠤᠷᠢᠬ ᠬᠠᠯᠠᠰᠢᠷᠠᠯ ᠦᠬᠡᠢ ᠦᠢᠯᠡᠳᠦᠯᠬᠡ ᠲᠤᠷᠰᠢᠯᠭ᠎ᠠ ᠠᠴᠠ ᠪᠠᠨ ᠤᠯᠳᠠᠬ ᠪᠢᠵᠠ᠃                          ︽ ᠬᠠᠭᠠᠴᠠᠰᠢ  ᠦᠬᠡᠢ  ᠨᠦᠬᠦᠷ ᠢ  ᠮᠠᠷᠳᠠᠰᠢ  ᠦᠬᠡᠢ  ᠦᠬᠡ ᠪᠠᠷ  ᠪᠦᠦ  ᠭᠤᠮᠤᠳᠠᠭ᠎ᠠ  ︾  ᠬᠡᠵᠤ   ᠬᠠᠮᠢᠭ᠎ᠠ‌ᠦᠵᠡᠭᠰᠡᠨ ᠢᠶᠠᠨ ᠴᠡᠬᠡᠵᠢᠯᠡᠵᠤ ᠪᠠᠶᠢᠨ᠎ᠠ᠃ ᠦᠪᠡᠷ ᠢᠶᠠᠨ ᠪᠢᠳᠡ ᠦᠬᠡ ᠶᠢ ᠠᠯᠢ ᠴᠢᠳᠠᠬᠤ ᠪᠠᠷ ᠡᠪᠳᠡᠢ ᠵᠤᠬᠢᠮᠵᠢᠳᠡᠢ ᠬᠡᠯᠡᠵᠤ᠂ᠦᠷᠦᠬᠡᠯ ᠪᠤᠰᠤᠳ ᠢ ᠦᠯᠦ ᠭᠤᠮᠤᠳᠠᠭᠠᠬᠤ ᠪᠠᠷ ᠬᠢᠴᠢᠶᠡᠵᠤ ᠴᠢᠷᠮᠠᠶᠢᠬᠤ ᠪᠤᠯᠪᠠᠴᠤ᠂ ᠠᠮᠢ ᠨᠠᠰᠤᠨ ᠤ ᠠᠶᠠᠨ ᠵᠠᠮ ᠳᠠᠬᠢ ᠵᠠᠷᠢᠮ‌‍ᠰᠠᠨᠠᠮᠰᠠᠷ ᠪᠤᠰᠤ ᠬᠢᠯᠢᠰᠳᠡᠯ  ᠭᠤᠮᠤᠳᠠᠯ ᠤᠨ  ᠤᠷᠤᠮ  ᠲᠤᠯᠪᠤ ᠨᠢ  ᠬᠡᠨ  ᠬᠦᠮᠦᠨ ᠤ  ᠤᠢ  ᠲᠤᠷᠠᠳᠬᠠᠯ ᠳᠤ  ᠠᠳᠠᠯᠢ  ᠪᠤᠰᠤ‌‍ᠬᠡᠮᠵᠢᠶ᠎ᠠ ᠪᠠᠷ ᠲᠠᠮᠠᠭᠠᠯᠠᠬᠳᠠᠵᠤ ᠦᠯᠡᠳᠡᠭᠰᠡᠨ ᠪᠠᠶᠢᠳᠠᠬ᠃ ᠬᠡᠳᠦ᠋ᠢᠪᠡᠷ ᠲᠤᠬᠠᠢ ᠶᠢᠨ ᠴᠠᠬ ᠲᠠᠭᠠᠨ ᠲᠤᠩ ᠭᠤᠮᠤᠳᠠᠵᠤ᠂ ᠤᠴᠢᠷ‌ᠡᠰᠢ ᠶᠢ ᠨᠢ ᠤᠯᠵᠤ ᠶᠠᠳᠠᠨ ᠠᠭᠤᠷᠯᠠᠨ ᠪᠠᠴᠢᠮᠳᠠᠬᠤ ᠪᠤᠯᠪᠠᠴᠤ᠂ ᠠᠭᠤᠴᠢᠯᠠᠯ ᠬᠡᠳᠡᠭ ᠤᠬᠠᠭᠠᠨ ᠢᠶᠠᠷ  ᠤᠭᠤᠷᠠᠬ  ᠲᠠᠷᠢᠬᠢ ᠪᠠᠨ‌ᠵᠡᠪᠰᠡᠭᠯᠡᠵᠤ᠂ ᠨᠠᠮᠵᠢᠭᠤᠨ ᠤᠪᠤᠷ  ᠠᠭᠤᠵᠢᠮ  ᠪᠠᠭᠳᠠᠭᠠᠮᠵᠢ ᠪᠠᠷ  ᠦᠰᠦᠨ  ᠪᠤᠶᠢᠵᠢᠯᠳᠠ ᠶᠢᠨ  ᠶᠠᠪᠤᠴᠠ ᠳᠤ  ᠪᠢᠴᠢᠭᠳᠡᠭᠰᠡᠨ‌‍ᠲ᠋ᠠᠭᠠᠯᠠᠮᠵᠢ ᠦᠬᠡᠢ ᠬᠠᠭᠤᠳᠠᠰᠤ ᠪᠠᠨ ᠤᠷᠪᠠᠭᠤᠯᠵᠤ ᠬᠠᠶᠠᠪᠠᠯ ᠶᠠᠭᠤ ᠪᠦᠬᠦᠨ ᠰᠢᠨ᠎ᠠ ᠰᠡᠪᠡᠬᠦᠨ ᠦᠡᠭᠭᠡ  ᠪᠤᠳᠤᠬ  ᠪᠠ  ᠰᠠᠶᠢᠨ‌‍ᠰᠠᠶᠢᠬᠠᠨ ᠤᠳᠬ᠎ᠠ ᠴᠢᠨᠠᠷ ᠢᠶᠠᠷ ᠤᠬᠳᠤᠨ ᠢᠷᠡᠵᠤ ᠯᠡ ᠪᠠᠶᠢᠳᠠᠬ᠃                          ᠪᠢᠳᠡ ᠨᠠᠶᠢᠷ ᠵᠢᠷᠤᠮ ᠢ ᠡᠷᠬᠢᠮᠯᠡᠵᠤ᠂ ᠬᠦᠨᠳᠦᠳᠬᠡᠵᠤ ᠪᠢᠰᠢᠷᠡᠬᠦ ᠰᠡᠳᠬᠢᠯᠬᠡ ᠪᠠᠷ ᠬᠦᠮᠦᠨ ᠲᠡᠷᠢᠬᠦᠳᠡᠨ ᠳᠤ ᠬᠠᠨᠳᠤᠵᠤ᠂ ᠨᠦᠬᠦᠬᠡᠳᠡᠬᠢ ᠳᠡᠭᠡᠨ ᠡᠪ ᠦᠬᠡᠢ ᠦᠬᠡ ᠪᠤᠶᠤ ᠵᠤᠬᠢᠰ ᠦᠬᠡᠢ ᠬᠢᠳᠡᠯ ᠢᠶᠠᠨ ᠵᠠᠯᠠᠷᠠᠭᠤᠯᠬᠤ  ᠤᠷᠤᠨ  ᠴᠠᠬ  ᠵᠢᠴᠢ  ᠤᠰᠤᠯ‌‍ᠪᠤᠷᠤᠭᠤ ᠪᠠᠨ ᠮᠡᠳᠡᠷᠡᠵᠤ᠂  ᠤᠯᠠᠮ  ᠰᠠᠶᠢᠬᠠᠨ ᠢᠶᠠᠷ  ᠠᠵᠢᠯᠯᠠᠵᠤ  ᠠᠮᠢᠳᠤᠷᠠᠬᠤ  ᠱᠠᠳᠤ  ᠲᠠᠯᠪᠢᠵᠤ  ᠦᠭᠴᠤ  ᠪᠠᠶᠢᠶ᠎ᠠ  ᠃ᠦᠪᠡᠷ ᠢᠶᠠᠨ ᠨᠠᠮᠵᠢᠭᠤᠨ ᠲᠤᠬᠳᠠᠭᠤᠨ ᠪᠠᠶᠢᠵᠤ᠂ ᠦᠷᠦᠬᠡᠯ ᠤᠨ ᠬᠡᠯᠡᠬᠦ ᠶᠢ ᠢᠯᠡᠬᠦᠬᠡᠨ ᠰᠤᠨᠤᠰᠴᠤ ᠰᠤᠷᠤᠶ᠎ᠠ᠃  ᠠᠭᠤᠴᠢᠯᠠᠯ‌‍ᠪᠠᠭᠳᠠᠭᠠᠮᠵᠢ ᠬᠡᠳᠡᠭ ᠶᠠᠭᠤᠮ᠎ᠠ ᠠᠭᠤᠳᠠᠮ ᠲᠡᠨᠢᠬᠡᠷ ᠠᠮᠢᠳᠤᠷᠠᠯ ᠤᠨ ᠵᠠᠮ ᠢ ᠨᠡᠬᠡᠬᠡᠵᠤ ᠦᠭᠳᠡᠭ ᠪᠢᠯᠢᠦ᠃ ᠠᠮᠢ ᠨᠠᠰᠤᠨ ᠤ ᠠᠶᠠᠨ‌ᠵᠠᠮ ᠳᠠᠬᠢ ᠠᠯᠢ ᠪᠦᠬᠦᠢ  ᠲᠠᠭᠠᠯᠠᠮᠵᠢ  ᠦᠬᠡᠢ  ᠤᠴᠢᠷ  ᠶᠠᠪᠤᠳᠠᠯ  ᠦᠡᠭᠭᠡᠷᠡᠯᠳᠡ  ᠶᠠᠪᠤᠴᠠ ᠨᠢ  ᠬᠦᠪᠬᠦ  ᠡᠬᠦᠯᠡ  ᠰᠠᠯᠬᠢᠨ᠎ᠠ‌ᠬᠤᠶᠢᠯᠠᠷᠠᠬᠤ ᠮᠡᠳᠦ ᠪᠠᠷ ᠰᠠᠷᠨᠢᠵᠤ ᠵᠠᠳᠠᠷᠠᠬᠤ ᠪᠤᠯᠬᠤᠷ ᠲᠡᠶᠢᠮᠦᠷᠬᠦᠦ ᠡᠪ ᠵᠤᠬᠢᠮᠵᠢ ᠦᠬᠡᠢ ᠤᠴᠠᠷᠠᠯ ᠲᠤᠬᠢᠶᠠᠯᠳᠤᠯ᠂  ᠪᠦᠳᠦᠷᠢᠯ‌ᠨᠤᠭᠤᠷᠠᠯ ᠢ ᠪᠤᠳᠤᠯ ᠰᠡᠳᠬᠢᠯ ᠤᠨ ᠪᠤᠯᠤᠩ ᠲᠤᠬᠤᠢ ᠠᠴᠠ ᠪᠠᠨ ᠤᠷᠤ ᠲᠠᠰᠤ ᠦᠯᠳᠡᠵᠤ  ᠠᠷᠢᠯᠭᠠᠬᠤ ᠨᠢ  ᠲᠦᠮᠡᠨ  ᠵᠦᠢ  ᠃ᠰᠠᠨᠠᠭᠠᠨ ᠤ ᠠᠭᠤᠵᠢᠮ ᠳᠤ ᠰᠠᠨᠰᠠᠷ ᠬᠤᠷᠸ᠎ᠠ ᠲᠡᠨᠢᠬᠦᠨ ᠪᠤᠯᠤᠨ᠎ᠠ᠃                        ᠨᠠᠮᠵᠢᠭᠤᠨ ᠪᠠᠶᠢᠭᠠᠴᠢ᠂ ᠠᠭᠤᠵᠢᠮ ᠪᠠᠶᠢᠭᠠᠴᠢ ᠬᠡᠵᠤ ᠲᠤᠳᠤᠭᠠᠳᠤ ᠰᠡᠳᠬᠢᠯ ᠠᠴᠠ ᠤᠨᠳᠤᠷᠬᠤ  ᠤᠷᠠᠢ  ᠲᠠᠭᠤᠨ ᠨᠢ‌‍ᠲ᠋ᠠ ᠪᠢᠳᠡᠨ ᠳᠤ ᠰᠠᠨᠠᠭᠤᠯᠵᠤ ᠬᠢᠴᠢᠶᠡᠯᠬᠡᠵᠤ ᠯᠡ ᠪᠠᠶᠢᠳᠠᠬ᠃ ᠶᠠᠪᠤᠳᠠᠯ ᠤᠴᠢᠷ ᠲᠤ  ᠯᠠᠪᠳᠠᠭᠤᠨ  ᠪᠤᠯᠭᠤᠮᠵᠢᠳᠠᠢ  ᠪᠠᠶᠢᠵᠤ  ᠂ᠬᠦᠮᠦᠨ  ᠤᠯᠠᠨ ᠳᠤ  ᠠᠭᠤᠳᠠᠮ  ᠪᠠᠭᠳᠠᠭᠠᠮᠵᠢᠳᠠᠢ  ᠬᠠᠨᠳᠤᠵᠤ  ᠂  ᠠᠵᠢᠯ  ᠠᠮᠢᠳᠤᠷᠠᠯ ᠳᠠᠭᠠᠨ  ᠪᠠᠶᠠᠰᠤᠩᠭᠤᠢ  ᠢᠳᠡᠪᠬᠢᠳᠡᠢ‌ᠤᠷᠤᠯᠴᠠᠳᠠᠬ ᠯᠠ ᠪᠤᠯ ᠵᠤᠷᠢᠬᠰᠠᠨ ᠬᠦᠰᠡᠭᠰᠡᠨ ᠵᠦᠢᠯ ᠮᠠᠨᠢ ᠵᠤᠷᠢᠬ  ᠪᠤᠳᠤᠯ ᠢᠶᠠᠷ  ᠪᠦᠲᠦᠵᠤ  ᠪᠡᠶᠡᠯᠡᠳᠡᠭ  ᠶᠤᠮ  ᠃  ᠪᠢᠳᠡ‌ᠦᠪᠡᠷ ᠤᠨ ᠦᠵᠡᠯ ᠪᠤᠳᠤᠯ᠂ ᠦᠬᠡ ᠶᠠᠷᠢᠶ᠎ᠠ᠂ ᠦᠢᠯᠡ ᠠᠵᠢᠯᠯᠠᠭ᠎ᠠ ᠪᠦᠬᠦᠨ ᠳᠡᠭᠡᠨ ᠴᠠᠬ ᠢᠮᠠᠬᠳᠠ ᠲᠤᠬᠢᠷᠠᠭᠤᠯᠤᠯᠳᠠ ᠬᠢᠵᠤ‌ᠬᠠᠮᠤᠭ ᠤᠨ ᠵᠦᠪ ᠦᠵᠡᠯᠳᠡ᠂ ᠢᠳᠡᠪᠬᠢ ᠬᠦᠴᠦᠨ ᠢᠶᠠᠨ ᠡᠷᠬᠦᠵᠤ ᠯᠨ ᠶᠠᠪᠤᠪᠠᠯ ᠡᠨᠡ ᠶᠢᠷᠳᠢᠨᠴᠤ ᠶᠢᠨ  ᠡᠬᠡᠯᠢᠳᠡᠢ  ᠲᠤᠯᠠᠭᠠᠨ‌‍ᠪᠦ᠋ᠬᠦᠨ ᠢᠪᠡᠬᠡᠨ ᠲᠠᠭᠠᠯᠠᠵᠤ᠂ ᠡᠷᠬᠢᠮ ᠵᠦᠢᠯᠡᠰ ᠪᠦᠬᠦᠨ ᠪᠠᠶᠠᠰᠬᠠᠨ ᠰᠤᠶᠤᠷᠬᠠᠵᠤ᠂  ᠬᠡᠬᠦᠳᠡᠭ  ᠴᠡᠬᠡᠵᠢᠨ ᠤ  ᠬᠠᠨᠤᠮᠵᠢ ᠵᠢᠨ‌‍ᠪᠠᠶᠠᠰᠤᠯ ᠪᠠ ᠬᠦᠭᠵᠢᠯ ᠲᠠᠪᠰᠢᠯ ᠤᠨ ᠬᠦᠷᠳᠡᠬᠡᠯ ᠤᠯᠭᠤᠮᠵᠢ ᠶᠢ  ᠬᠦᠢᠴᠡᠳ  ᠡᠳ᠋ᠯᠡᠨ  ᠂  ᠡᠬᠡᠯ  ᠶᠡᠷᠦᠮᠳᠡᠭ  ᠠᠮᠢᠳᠤᠷᠠᠯ ᠵᠶ᠋ᠠᠨ‌ᠡᠷᠬᠢᠮᠰᠦᠭ ᠰᠠᠶᠢᠬᠠᠨ ᠴᠤᠬᠴᠠᠯᠠᠵᠤ ᠴᠢᠳᠠᠨ᠎ᠠ᠃
ᠢᠷᠡᠯᠲᠡ᠄ ᠠᠷᠠᠳ ᠤᠨ ᠰᠦᠯᠵᠢᠶ᠎ᠡ