● ᠨᠠ᠊ · ᠵᠢᠷᠭᠠᠯ | ᠡᠷᠦᠬᠡ ᠭᠡᠷ ᠤᠨ ᠡᠷᠬᠢᠮᠨᠡᠯ | ᠡᠪᠦᠭᠡ ᠲᠡᠭᠡᠳᠦᠰ ᠢᠶᠠᠨ ᠬᠦᠨᠳᠦᠳᠬᠡᠨ | ᠠᠮᠢᠨ ᠰᠢᠳᠦᠭᠡᠨ ᠢᠶᠠᠷ ᠲᠡᠭᠡᠵᠢᠯᠡᠶᠡ | ᠣᠳᠣᠮ ᠶᠣᠰᠣ ᠪᠠᠨ ᠨᠠᠨᠳᠢᠩᠨᠠᠨ | ᠤᠭᠰᠠᠭ᠎ᠠ ᠲᠦᠷᠦᠯ ᠢᠶᠠᠨ ᠪᠤᠤ ᠮᠠᠷᠳᠠᠶ᠎ᠠ | | ᠬᠠᠮᠢᠭ᠎ᠠ ᠭᠠᠵᠠᠷ ᠤᠴᠢᠭᠰᠠᠨ ᠴᠦ | ᠲᠡᠭᠡᠳᠦ ᠶᠢᠨ ᠠᠯᠳᠠᠷ ᠢᠶᠠᠨ ᠴᠭᠡᠵᠢᠯᠡᠶᠡ | ᠬᠡᠴᠢᠨᠡᠭᠡᠨ ᠬᠤᠯᠠ ᠶᠠᠪᠣᠭᠰᠠᠨ ᠴᠦ | ᠲᠦᠷᠦᠭᠰᠡᠨ ᠨᠣᠳᠤᠭ ᠢᠶᠠᠨ ᠰᠠᠨᠠᠭᠠᠯᠵᠠᠶ᠎ᠠ | | ᠠᠪᠤ ᠡᠵᠢ ᠶᠢᠨ ᠰᠣᠷᠭᠠᠯ ᠢ | ᠦᠨᠡᠨᠴᠢ ᠰᠡᠳᠬᠢᠯ ᠢᠶᠠᠷ ᠰᠣᠨᠣᠰᠣᠶ᠎ᠠ | ᠠᠯᠣᠰ ᠬᠤᠯᠠ ᠶᠠᠪᠤᠭᠰᠠᠨ ᠴᠦ | ᠦᠷᠦ ᠵᠢᠷᠦᠬᠡᠨ ᠳᠤ ᠪᠠᠨ ᠴᠡᠭᠡᠵᠢᠯᠡᠶ᠎ᠡ | | ᠠᠬ᠎ᠠ ᠲᠡᠭᠦᠦ ᠨᠠᠷ ᠲᠠᠢ ᠪᠠᠨ ᠪᠦᠯᠬᠦᠮᠳᠡᠨ | ᠡᠶᠡᠯᠰᠡᠭ ᠨᠠᠶᠢᠷ ᠲᠠᠢ ᠠᠮᠢᠳᠣᠷᠠᠶ᠎ᠠ | ᠠᠮᠢᠳᠣᠷᠠᠯ ᠠᠳᠠᠯ ᠳᠤ ᠪᠠᠨ ᠴᠢᠷᠮᠠᠶᠢᠨ | ᠠᠵᠢᠯᠴᠢ ᠪᠤᠯᠪᠠᠰᠣᠨ ᠢ ᠡᠷᠬᠢᠮᠯᠡᠶ᠎ᠡ | | ᠬᠡᠤᠬᠡᠳ ᠲᠡᠭᠦᠦ ᠨᠠᠷ ᠢᠶᠠᠨ ᠬᠠᠶᠢᠷᠠᠯᠠᠨ | ᠬᠠᠯᠠᠭᠤᠮᠰᠤᠭ ᠲᠤᠳᠣᠨᠤ ᠶᠠᠪᠤᠯᠴᠠᠶᠠ | ᠬᠦᠴᠢᠷ ᠵᠤᠪᠠᠭᠤᠷᠢ ᠪᠠᠨ ᠬᠤᠪᠢᠶᠠᠯᠴᠠᠨ | ᠬᠠᠮᠳᠣ ᠳᠤ ᠪᠠᠨ ᠰᠠᠶᠢᠬᠠᠨ ᠠᠮᠢᠳᠣᠷᠠᠶ᠎ᠠ | | ᠶᠤᠰᠣ ᠮᠤᠷᠠᠯ ᠤᠨ ᠡᠷᠬᠢᠮᠨᠡᠯ | | ᠠᠬᠠᠮᠠᠳ ᠨᠠᠰᠣᠳᠠᠳ ᠲᠠᠢ ᠠᠭᠤᠯᠵᠠᠪᠠᠯ | ᠠᠮᠤᠷ ᠠᠰᠠᠭᠤᠨ ᠮᠡᠨᠳᠦᠴᠢᠯᠡᠶ᠎ᠡ | ᠠᠶᠠᠨ ᠵᠠᠮ ᠳᠤ ᠪᠠᠨ ᠮᠡᠨᠳᠤ ᠶᠠᠪᠣᠬᠤ | ᠠᠮᠠᠨ ᠢᠷᠦᠭᠡᠯ ᠢ ᠨᠢ ᠰᠣᠨᠣᠰᠣᠶ᠎ᠠ | | ᠡᠪᠦᠭᠡᠳ ᠪᠤᠭᠤᠷᠤᠯᠴᠤᠳ ᠢᠶᠠᠨ ᠬᠦᠨᠳᠦᠯᠡᠵᠤ | ᠰᠣᠷᠭᠠᠯ ᠶᠤᠰᠤ ᠶᠢ ᠨᠢ ᠬᠦᠷᠳᠡᠶ᠎ᠡ | ᠢᠵᠠᠭᠤᠷ ᠤᠯᠠᠮᠵᠢᠯᠠᠯ ᠢᠶᠠᠨ ᠮᠡᠳᠡᠯᠴᠡᠵᠤ | ᠰᠣᠶᠣᠯ ᠵᠠᠩᠰᠢᠯ ᠢᠶᠠᠨ ᠡᠷᠬᠢᠮᠯᠡᠶ᠎ᠡ | | ᠬᠡᠨ ᠲᠠᠢ ᠬᠠᠮᠢᠭ᠎ᠠ ᠤᠴᠠᠷᠠᠭᠰᠠᠨ ᠴᠦ | ᠨᠤᠮᠤᠬᠠᠨ ᠲᠠᠷᠣᠤ ᠮᠡᠨᠳᠦᠴᠢᠯᠡᠶ᠎ᠡ | ᠮᠤᠷᠠᠯ ᠦᠭᠡᠢ ᠬᠡᠤᠬᠡᠳ ᠭᠡᠵᠤ | ᠮᠠᠭᠤᠬᠠᠢ ᠠᠭᠠᠰᠢᠯᠠᠬᠤ ᠶᠢ ᠲᠡᠪᠴᠢᠶ᠎ᠡ | | ᠠᠶᠢᠯ ᠬᠦᠷᠰᠢ ᠪᠠᠨ ᠬᠠᠮᠵᠢᠵᠤ | ᠬᠦᠴᠦ ᠲᠤᠰᠠ ᠪᠠᠨ ᠦᠵᠡᠭᠦᠯᠦᠶ᠎ᠡ | ᠡᠶ᠎ᠡ ᠡᠪ ᠢ ᠠᠩᠬᠠᠷᠴᠤ | ᠬᠦᠩᠭᠡᠮᠰᠦᠭ ᠲᠤᠳᠤᠨᠤ ᠶᠠᠪᠤᠯᠴᠠᠶᠠ | | ᠡᠷᠬᠡ ᠲᠠᠩᠬᠢ ᠶᠢ ᠵᠢᠭ᠍ᠰᠢᠵᠤ | ᠦᠭᠡ ᠨᠤᠮ ᠢ ᠰᠤᠨᠤᠰᠣᠶᠠ | ᠦᠷᠦᠭᠡᠯ ᠪᠣᠰᠣᠳ ᠲᠤ ᠵᠢᠭᠰᠢᠭᠳᠡᠬᠦ | ᠦᠭᠡᠨᠴᠡ ᠬᠡᠤᠬᠡᠳ ᠪᠣᠤ ᠪᠣᠯᠣᠶ᠎ᠠ | | ᠪᠢᠴᠢᠭ ᠨᠤᠮ ᠤᠨ ᠡᠷᠬᠢᠮᠨᠡᠯ | | ᠪᠠᠭ᠎ᠠ ᠨᠠᠰᠣᠨ ᠳᠤ ᠰᠣᠷᠬᠤ ᠦᠭᠡᠢ ᠪᠤᠯ | ᠪᠢᠴᠢᠭ ᠤᠨ ᠪᠠᠯᠠᠢ ᠪᠤᠯᠤᠨ᠎ᠠ ᠰᠢᠦ | ᠬᠢᠴᠢᠶᠡᠨ ᠰᠢᠮᠳᠠᠨ ᠰᠣᠷᠣᠯᠴᠠᠪᠠᠯ | ᠬᠤᠵᠢᠮ ᠤᠨ ᠦᠢᠯᠡᠰ ᠲᠤ ᠲᠤᠰᠠ ᠰᠢᠦ |