ᠢᠮᠠᠭ᠎ᠠ ᠭᠥᠳᠥᠯᠥᠭᠰᠡᠨ ᠪᠢᠷᠠᠮᠠᠨ
ᠨᠡᠶᠢᠲᠡᠯᠡᠭᠰᠡᠨ ᠴᠠᠭ᠄
2021/3/16
           ᠤᠷᠢᠳᠤ ᠴᠠᠭ᠂ ᠲᠠᠬᠢᠯᠭᠠᠴᠢ ᠪᠢᠷᠠᠮᠠᠨ ᠮᠠᠯ ᠤᠨ ᠵᠠᠬ᠎ᠠ ᠠᠴᠠ ᠢᠮᠠᠭᠠᠨ ᠨᠢᠭᠡᠨ ᠢ ᠬᠤᠳᠠᠯᠳᠤᠨ ᠠᠪᠤᠭᠠᠳ ᠲᠡᠭᠷᠢ ᠲᠠᠬᠢᠷ᠎ᠠ ᠭᠥᠳᠥᠯᠥᠨ ᠶᠠᠪᠤᠬᠤᠢ ᠶᠢ ᠲᠠᠷᠠ ᠭᠠᠵᠠᠷ ᠤᠨ ᠬᠤᠯᠠᠭᠠᠶᠢᠴᠢ ᠮᠡᠳᠡᠭᠡᠳ ᠮᠠᠭᠤ ᠶᠠᠪᠤᠳᠠᠯᠳᠤ ᠲᠠᠪᠤᠨ ᠨᠥᠭᠦᠳ ᠶᠦᠭᠡᠨ ᠴᠤᠭᠯᠠᠭᠤᠯᠵᠤ ᠠᠷᠭ᠎ᠠ ᠭᠡᠯᠡᠯᠴᠡᠵᠥ᠂ ᠪᠢᠷᠠᠮᠠᠨ ᠤ ᠤᠳᠬᠤ ᠵᠠᠮ ᠳᠤᠷ ᠨᠢᠭᠡᠨ ᠨᠢᠭᠡᠨ ᠢᠶᠠᠷ ᠶᠠᠪᠤᠬᠤ ᠮᠡᠳᠤ ᠪᠠᠶᠢᠭᠰᠠᠨ ᠠᠴᠠ ᠪᠢᠷᠠᠮᠠᠨ ᠪᠠᠷ ᠶᠠᠪᠤᠭᠰᠠᠭᠠᠷ᠂ ᠠᠩᠬᠠᠨ ᠤ ᠭᠥᠮᠥᠨ ᠢ ᠲᠠᠭᠠᠷᠢᠵᠤ ᠭᠠᠷᠬᠤᠢ ᠳᠤᠷ ᠲᠡᠷᠡ ᠬᠤᠯᠠᠭᠠᠶᠢᠴᠢ ᠪᠠᠷ᠂ ᠠᠶ᠎ᠠ ᠶᠢᠷᠳᠢᠨᠴᠤ ᠳᠤᠷ ᠨᠤᠬᠠᠢ ᠭᠥᠳᠥᠯᠥᠭᠰᠡᠨ ᠪᠢᠷᠠᠮᠠᠨ ᠴᠤ ᠪᠤᠢ ᠠᠵᠤᠭᠤ ᠭᠡᠮᠡᠨ ᠠᠯᠢᠶᠠᠯᠠᠬᠤ ᠮᠡᠳᠤ ᠥᠭᠦᠯᠡᠭᠦᠢ ᠶᠢ ᠲᠡᠷᠡ ᠪᠢᠷᠠᠮᠠᠨ ᠪᠠᠷ ᠬᠡᠷᠡᠭ ᠲᠤᠷ ᠠᠪᠤᠯ ᠥᠭᠡᠢ ᠶᠠᠪᠤᠪᠠᠢ᠃ ᠬᠤᠶᠠᠳᠤᠭᠠᠷ ᠬᠤᠯᠠᠭᠠᠶᠢᠴᠢ  ᠯᠤᠭ᠎ᠠ ᠤᠴᠠᠷᠠᠬᠤᠢ ᠳᠤᠷ ᠰᠠᠶᠢᠨ ᠨᠤᠬᠠᠢ ᠪᠠᠶᠢᠨᠠᠮ ᠭᠡᠮᠡᠭᠡᠳ ᠤᠳᠪᠠᠢ᠂ ᠭᠤᠳᠠᠭᠠᠷ ᠪᠠ ᠲᠥᠳᠥᠭᠡᠷ ᠭᠥᠮᠥᠨ ᠴᠤ ᠮᠥᠨ ᠬᠥ᠋ ᠲᠡᠭᠦᠨᠴᠢᠯᠡᠨ ᠡᠯᠳᠡᠪ ᠢᠶᠠᠷ ᠭᠠᠶᠢᠬᠠᠭᠴᠢᠨ ᠰᠤᠴᠢᠭᠴᠢᠨ ᠪᠤᠯᠵᠤ ᠥᠭᠦᠯᠡᠭᠦᠢ ᠳᠤᠷ ᠪᠢᠷᠠᠮᠠᠨ ᠰᠡᠵᠢᠭ ᠲᠥᠷᠥᠵᠥ ᠲᠡᠷᠡ ᠭᠥᠳᠥᠯᠭᠦ ᠢᠮᠠᠭ᠎ᠠ ᠶᠤᠭᠠᠨ ᠡᠷᠬᠢᠴᠡᠭᠦᠯᠥᠨ ᠰᠠᠶᠢᠳᠤᠷ ᠠᠵᠢᠪᠠᠰᠤ ᠨᠤᠬᠠᠢ ᠳᠤ ᠪᠠᠶᠢᠳᠠᠭ ᠤᠷᠳᠤ ᠰᠡᠭᠦᠯ ᠬᠢᠭᠡᠳ ᠬᠢᠮᠤᠰᠤ ᠲᠡᠷᠢᠭᠦᠳᠡᠨ ᠥᠭᠡᠢ ᠪᠥᠭᠡᠳ ᠢᠮᠠᠭᠠᠨ ᠳᠤ ᠪᠠᠶᠢᠳᠠᠭ ᠡᠪᠡᠷ ᠪᠠ ᠰᠠᠬᠠᠯ ᠲᠡᠷᠢᠭᠦᠳᠡᠨ ᠪᠠᠶᠢᠬᠤ ᠮᠡᠳᠤ ᠲᠤᠯᠠ᠂ ᠢᠮᠠᠭ᠎ᠠ ᠮᠥᠨ ᠭᠡᠮᠡᠨ ᠰᠠᠨᠠᠭᠠᠳ ᠬᠡᠳᠡᠷᠭᠦ ᠬᠠᠷᠠᠨ ᠬᠠᠷᠠᠨ ᠭᠥᠳᠥᠯᠵᠤ ᠶᠠᠪᠤᠪᠠᠢ᠃ ᠲᠡᠳᠥᠢ  ᠳᠤᠷ᠂ ᠲᠠᠪᠤᠳᠤᠭᠠᠷ ᠬᠤᠯᠠᠭᠠᠶᠢᠴᠢ ᠪᠠᠷ ᠪᠢᠷᠠᠮᠠᠨ ᠢ ᠥᠵᠡᠭᠡᠳ᠂ ᠠᠶᠤᠬᠤ ᠮᠡᠳᠤ ᠶᠠᠮᠪᠠᠷ ᠰᠥᠷᠡᠭᠡᠢ ᠤᠯᠠᠭᠠᠨ ᠨᠢᠳᠤᠳᠤ ᠪᠥᠳᠥᠭᠦᠨ ᠨᠤᠬᠠᠢ ᠪᠤᠢ ᠬᠡᠮᠡᠨ ᠶᠡᠭᠡᠳᠡ ᠰᠡᠵᠢᠭᠯᠡᠭᠴᠢ ᠪᠤᠯᠤᠨ ᠤᠪᠯᠠᠵᠤ ᠬᠤᠯᠠᠭᠤᠷ ᠲᠤᠭᠤᠶᠢᠯᠠᠵᠤ ᠶᠠᠪᠤᠬᠤᠶ᠎ᠠ ᠪᠢᠷᠠᠮᠠᠨ ᠪᠠᠷ ᠮᠥᠨ ᠶᠡᠭᠡᠳᠠ ᠰᠡᠵᠢᠭᠯᠡᠭᠰᠡᠨ ᠠᠪᠠᠴᠤ ᠮᠥᠨ ᠭᠥᠳᠥᠯᠵᠤ ᠶᠠᠪᠤᠪᠠᠢ᠃ ᠡᠴᠥᠰ ᠤᠨ ᠬᠤᠯᠠᠭᠠᠶᠢᠴᠢ ᠵᠠᠮ ᠳᠤᠷ ᠲᠥᠯᠭᠡᠴᠢ ᠭᠡᠮᠡᠨ ᠬᠠᠭᠤᠷᠴᠤ ᠪᠢᠷᠠᠮᠠᠨ ᠢ ᠥᠵᠡᠮᠡᠭᠴᠡ ᠬᠤᠯᠠ ᠠᠴᠠ᠂ ᠨᠤᠬᠠᠢ ᠭᠥᠳᠥᠯᠥᠭᠴᠢ ᠴᠢᠨᠤ ᠵᠠᠶᠠᠭᠠᠨ ᠡᠨᠡ ᠨᠤᠬᠠᠢ ᠠᠴᠠ ᠪᠤᠯᠵᠤ ᠮᠠᠭᠤᠳᠠᠬᠤ ᠪᠥᠯᠥᠭᠡ ᠭᠡᠮᠡᠭᠡᠳ ᠴᠢᠨᠠᠭᠰᠢ ᠡᠷᠬᠢᠵᠤ ᠲᠠᠭᠤᠨ ᠥᠭᠡᠢ ᠤᠳᠬᠤᠢ ᠳᠤᠷ ᠪᠢᠷᠠᠮᠠᠨ ᠪᠠᠷ᠂ ᠡᠭᠦᠨ ᠢ ᠤᠴᠠᠷᠠᠭᠰᠠᠨ ᠭᠥᠮᠥᠨ ᠪᠥᠭᠦᠳᠡ ᠨᠤᠬᠠᠢ ᠭᠡᠮᠡᠯᠳᠥᠭᠦᠢ ᠪᠠᠷ ᠰᠢᠨᠵᠢᠯᠡᠪᠡᠰᠤ ᠨᠠᠳᠠ ᠠᠴᠠ ᠪᠤᠰᠤᠳ ᠤᠯᠤᠰ ᠲᠤᠷ ᠨᠤᠬᠠᠢ ᠥᠵᠡᠭᠳᠡᠭᠦ ᠪᠤᠯᠪᠠᠴᠤ ᠮᠢᠨᠤ ᠨᠢᠳᠥᠨ ᠳᠤᠷ ᠭᠠᠭᠴᠠ ᠢᠮᠠᠭ᠎ᠠ ᠪᠤᠯᠵᠤ ᠬᠠᠷᠠᠭᠳᠠᠭᠴᠢ ᠠᠵᠤᠭᠤ᠂ ᠰᠠᠨᠠᠪᠠᠰᠤ ᠶᠠᠮᠪᠠᠷ ᠨᠢᠭᠡᠨ ᠶᠠᠭᠴᠠᠰ ᠪᠠᠷ ᠮᠢᠨᠤ ᠲᠠᠬᠢᠯ ᠢ ᠢᠳᠡᠰᠥᠭᠡᠢ ᠭᠡᠮᠡᠨ ᠬᠤᠪᠢᠯᠤᠭᠰᠠᠨ ᠪᠤᠯᠤᠯᠳᠠᠢ ᠭᠡᠮᠡᠨ ᠪᠤᠳᠤᠭᠠᠳ ᠮᠥᠨ ᠲᠠᠨᠳᠠ ᠤᠷᠬᠢᠭᠠᠳ ᠶᠠᠪᠤᠭᠰᠠᠨ ᠢ ᠤᠯᠠᠨ ᠬᠤᠯᠠᠭᠠᠶᠢᠴᠢ ᠨᠠᠷ ᠴᠤᠭᠯᠠᠵᠤ᠂ ᠢᠮᠠᠭ᠎ᠠ ᠶᠢ ᠢᠨᠥ ᠠᠪᠠᠴᠢᠭᠠᠳ ᠢᠳᠡᠵᠥᠭᠦᠢ ᠭᠡᠮᠡᠵᠥᠭᠦᠢ᠃            ᠲᠡᠭᠦᠨᠴᠢᠯᠡᠨ᠂ ᠥᠵᠡᠳᠡᠯ᠎ᠡ ᠥᠨᠡᠨ ᠪᠥᠭᠡᠳ ᠨᠤᠳᠠ ᠪᠠᠶᠢᠭᠴᠢ ᠵᠥᠢᠯ ᠢ ᠥᠷᠭᠦᠯᠵᠢᠳᠡ ᠮᠠᠭᠤᠯᠠᠨ ᠤᠯᠠᠨᠳᠠ ᠬᠤᠪᠯᠠᠪᠡᠰᠤ᠂ ᠤᠯᠳᠤᠢ ᠵᠠᠷᠢᠮ ᠠᠨᠤ ᠪᠠᠳᠤ ᠶᠤᠭᠠᠨ ᠠᠯᠳᠠᠵᠤ ᠡᠪᠡᠷᠳᠤ ᠢᠮᠠᠭᠠᠨ ᠢ ᠭᠥᠷᠳᠡᠯ᠎ᠡ ᠰᠤᠶᠤᠭᠠᠳᠤ ᠨᠤᠬᠠᠢ ᠭᠡᠮᠡᠨ ᠰᠡᠵᠢᠭᠯᠡᠭᠦ ᠪᠤᠯᠤᠶᠤ ᠭᠡᠮᠡᠨ ᠥᠭᠦᠯᠡᠭᠴᠢ ᠡᠶᠢᠮᠤ ᠥᠯᠢᠭᠡᠷ ᠪᠤᠶᠤ᠃
ᠢᠷᠡᠯᠲᠡ᠄ ︽ᠡᠷᠳᠡᠨᠢ ᠶᠢᠨ ᠰᠠᠩ ᠰᠤᠪᠠᠰᠢᠳᠢ︾ ᠠᠴᠠ