ᠬᠡᠷ ᠪᠥᠯᠢ ᠶᠢᠨ ᠬᠥᠴᠤᠷᠭᠡᠭᠯᠡᠯ ᠠᠴᠠ ᠪᠤᠯᠤᠭᠰᠠᠨ ᠤᠷᠤᠭ ᠰᠠᠯᠤᠯᠳᠠ ᠳᠤ ᠠᠩᠬᠠᠷᠬᠤ ᠴᠢᠬᠤᠯᠠᠳᠠᠢ ᠵᠦᠢᠯᠡᠰ
ᠨᠡᠶᠢᠲᠡᠯᠡᠭᠰᠡᠨ ᠴᠠᠭ᠄
2021/2/22
       ᠵᠢᠶᠠᠩ ᠤᠪᠤᠭᠳᠤ ᠡᠷ᠎ᠠ ᠨᠥᠬᠦᠷ ᠲᠠᠢ ᠪᠠᠨ ᠤᠷᠤᠭ ᠰᠠᠯᠬᠤ ᠪᠠᠷ ᠱᠠᠭᠠᠷᠳᠠᠪᠠ᠃ ᠵᠢᠶᠠᠩ ᠤᠪᠤᠭᠳᠤ ᠬᠤᠪᠴᠠᠰᠤᠨ ᠤ ᠲᠡᠯᠬᠡᠬᠦᠷ ᠡᠵᠡᠩᠨᠡᠵᠤ ᠪᠠᠶᠢᠳᠠᠭ᠃ ᠨᠢᠬᠡ ᠤᠳᠠᠭ᠎ᠠ ᠤᠷᠤᠭ ᠰᠠᠯᠵᠤ ᠥᠡᠭᠭᠡᠷᠡᠪᠡ᠃ ᠠᠩᠬ᠎ᠠ ᠡᠬᠢᠨ ᠳᠡᠭᠡᠨ ᠵᠢᠶᠠᠩ ᠤᠪᠤᠭᠳᠤ ᠵᠢᠢ ᠤᠪᠤᠭᠳᠤ ᠲᠠᠢ ᠨᠡᠯᠢᠶᠡᠤᠨ ᠵᠥᠬᠡᠷ ᠬᠠᠶᠢᠷ᠎ᠠ ᠰᠡᠳᠬᠢᠯᠬᠡ ᠲᠠᠢ ᠪᠠᠶᠢᠵᠠᠢ᠂ ᠡᠷ᠎ᠠ ᠨᠥᠬᠦᠷ ᠨᠢ ᠬᠡᠳᠦ᠋ᠢᠪᠡᠷ ᠵᠢᠩᠭᠢᠨᠢ ᠠᠵᠢᠯ ᠥᠬᠡᠢ ᠪᠤᠯᠪᠠᠴᠤ ᠵᠢᠶᠠᠩ ᠤᠪᠤᠭᠳᠤ ᠶᠢ ᠬᠠᠶᠢᠷᠠᠯᠠᠨ ᠬᠠᠯᠠᠮᠵᠢᠯᠠᠵᠤ᠂ ᠲᠡᠬᠦᠨ ᠤ ᠤᠷᠤᠭ ᠤᠨ ᠥᠡᠭᠭᠡᠷᠡᠯᠳᠡ ᠶᠢ ᠲᠠᠮᠡᠢ ᠰᠠᠨᠠᠭᠠᠨ ᠳᠠᠭᠠᠨ ᠠᠪᠤᠭᠰᠠᠨ ᠥᠬᠡᠢ ᠲᠤᠯᠠ ᠵᠢᠶᠠᠩ ᠤᠪᠤᠭᠳᠤ ᠮᠠᠰᠢ ᠰᠡᠳᠬᠢᠯ ᠲᠤᠭᠳᠤᠯᠵᠤ ᠵᠢᠢ ᠤᠪᠤᠭᠳᠤ ᠲᠠᠢ ᠬᠤᠷᠢᠮᠯᠠᠬᠤ ᠪᠠᠷ ᠪᠤᠯᠪᠠ᠃ ᠬᠤᠷᠢᠮᠯᠠᠭᠰᠠᠨ ᠤ ᠲᠠᠷᠠᠭ᠎ᠠ ᠵᠢᠶᠠᠩ ᠤᠪᠤᠭᠳᠤ ᠰᠠᠶ᠋ᠢ ᠵᠢᠢ ᠤᠪᠤᠭᠳᠤ ᠶᠢᠨ ᠠᠯᠵᠠᠭᠤ ᠵᠠᠯᠬᠠᠭᠤ ᠠᠵᠢᠯ ᠬᠢᠬᠦ ᠲᠤᠷ᠎ᠠ ᠥᠬᠡᠢ᠂ ᠪᠠᠰᠠ ᠬᠡᠷ ᠪᠥᠯᠢ ᠶᠢᠨ ᠬᠥᠴᠤᠷᠬᠡᠭᠯᠡᠯ ᠲᠠᠢ ᠵᠡᠷᠬᠡ ᠵᠦᠢᠯ ᠵᠦᠢᠯ ᠤᠨ ᠮᠠᠭᠤ ᠲᠠᠳᠬᠠᠯ ᠢ ᠮᠡᠳᠡᠪᠡ᠃        ᠤᠢᠢᠯᠠᠭᠠᠭᠰᠠᠨ ᠢᠶᠠᠷ᠂ ᠵᠢᠢ ᠤᠪᠤᠭᠳᠤ ᠵᠢᠶᠠᠩ ᠤᠪᠤᠭᠳᠤ ᠳᠤ 7 ᠤᠳᠠᠭ᠎ᠠ ᠬᠡᠷ ᠪᠥᠯᠢ ᠶᠢᠨ ᠬᠥᠴᠤᠷᠬᠡᠭᠯᠡᠯ ᠥᠵᠡᠬᠦᠯᠵᠤ᠂ ᠤᠳᠠᠭ᠎ᠠ ᠪᠥᠷᠢ ᠠᠷᠢᠬᠢ ᠤᠤᠭᠤᠭᠰᠠᠨ ᠤ ᠲᠠᠷᠠᠭ᠎ᠠ ᠠᠭᠠᠰᠢ ᠵᠠᠩ ᠨᠢ ᠬᠠᠴᠢᠨ ᠡᠳᠡᠬᠡᠤᠨ ᠪᠤᠯᠵᠤ ᠭᠠᠷ ᠬᠥᠳᠡᠯᠤᠨ ᠬᠥᠴᠤᠷᠬᠡᠭᠯᠡᠯ ᠥᠵᠡᠬᠦᠯᠳᠡᠭ᠃ ᠵᠢᠢ ᠤᠪᠤᠭᠳᠤ ᠬᠡᠷᠡᠭ ᠤᠨ ᠲᠠᠷᠠᠭ᠎ᠠ ᠥᠪᠡᠷ ᠤᠨ ᠪᠤᠷᠤᠭᠤ ᠪᠠᠨ ᠮᠡᠳᠡᠷᠡᠵᠤ ᠵᠠᠷᠢᠮ ᠳᠠᠭᠠᠨ ᠭᠠᠵᠠᠷ ᠰᠥᠬᠦᠷᠡᠨ ᠠᠭᠤᠴᠢᠯᠠᠯ ᠬᠥᠰᠡᠵᠤ᠂ ᠥᠪᠡᠷ ᠢ ᠪᠠᠨ ᠲᠥᠬᠦᠰᠢᠯᠡᠵᠤ᠂ ᠲᠠᠷᠠᠭ᠎ᠠ ᠤᠳᠠᠭ᠎ᠠ ᠲᠠᠬᠢᠵᠤ ᠤᠰᠤᠯᠳᠠᠬᠤ ᠥᠬᠡᠢ ᠬᠡᠵᠤ ᠠᠮᠠᠯᠳᠠᠬᠤ ᠶᠢᠨ ᠵᠡᠷᠬᠡ ᠪᠠᠷ ᠪᠠᠰᠠ ᠵᠢᠶᠠᠩ ᠤᠪᠤᠭᠳᠤ ᠳᠤ ᠬᠤᠪᠴᠠᠰᠤ ᠬᠤᠨᠠᠷ ᠪᠤᠯᠤᠨ ᠵᠢᠰᠤ ᠭᠤᠶᠤᠯᠠᠬᠤ ᠡᠳ᠋ᠯᠡᠯ ᠠᠪᠴᠤ ᠥᠭᠳᠡᠭ᠃        ᠠᠩᠬ᠎ᠠ ᠡᠬᠢᠯᠡᠬᠦ ᠳᠡᠭᠡᠨ ᠵᠢᠢ ᠤᠪᠤᠭᠳᠤ ᠪᠠᠶᠢᠨ ᠲᠠᠬᠢᠨ ᠤᠰᠤᠯ ᠬᠥᠯᠢᠶᠡᠬᠦ ᠳᠤ ᠵᠢᠶᠠᠩ ᠤᠪᠤᠭᠳᠤ ᠠᠭᠤᠴᠢᠯᠠᠵᠤ ᠪᠠᠶᠢᠪᠠ᠂ ᠬᠡᠪᠡᠴᠤ ᠤᠳᠠᠭ᠎ᠠ ᠲᠠᠷᠠᠭᠠᠯᠠᠨ ᠬᠥᠴᠤᠷᠬᠡᠭᠯᠡᠯ ᠳᠤ ᠤᠴᠠᠷᠠᠭᠰᠠᠨ ᠤ ᠲᠠᠷᠠᠭ᠎ᠠ ᠵᠢᠶᠠᠩ ᠤᠪᠤᠭᠳᠤ ᠨᠢᠬᠡᠮᠤᠰᠤᠨ ᠢᠳᠡᠬᠡᠯ ᠠᠯᠳᠠᠨ ᠰᠡᠳᠬᠢᠯ ᠬᠥᠷᠤᠵᠤ᠂ ᠤᠷᠤᠭ ᠰᠠᠯᠬᠤ ᠪᠠᠷ ᠱᠠᠭᠠᠷᠳᠠᠵᠤ᠂ ᠶᠠᠭᠠᠬᠢᠪᠠᠯ ᠥᠪᠡᠷ ᠤᠨ ᠡᠷᠬᠡ ᠠᠰᠢᠭ ᠢᠶᠠᠨ ᠪᠠᠳᠤᠯᠠᠵᠤ ᠴᠢᠳᠠᠬᠤ ᠲᠤᠬᠠᠢ ᠬᠠᠤᠯᠢᠴᠢ ᠠᠴᠠ ᠠᠰᠠᠭᠤᠵᠤ ᠰᠤᠷᠠᠭᠯᠠᠪᠠ᠃        ᠬᠠᠤᠯᠢ ᠴᠠᠭᠠᠵᠠ ᠶᠢᠨ ᠲᠠᠶᠢᠯᠤᠮᠵᠢ        ᠬᠡᠷ ᠪᠥᠯᠢ ᠶᠢᠨ ᠬᠥᠴᠤᠷᠬᠡᠭᠯᠡᠯ ᠳᠤ ᠤᠴᠠᠷᠠᠪᠠᠯ ᠡ᠊ᠩ ᠲᠡᠷᠢᠬᠦᠨ ᠳᠤ ᠬᠡᠷᠡᠴᠢ ᠥᠯᠡᠳᠡᠬᠡᠨ᠎ᠡ᠂ ᠲᠡᠬᠡᠪᠡᠯ ᠶᠠᠭᠠᠬᠢᠵᠤ ᠬᠡᠷᠡᠴᠢ ᠥᠯᠡᠳᠡᠬᠡᠬᠦ ᠪᠤᠢ︖        1᠂ ᠲᠡᠷᠡ ᠲᠤᠤᠷ᠎ᠠ ᠨᠢ ᠴᠠᠭᠳᠠᠭᠠᠨ ᠤ ᠭᠠᠵᠠᠷ ᠬᠡᠷᠡᠭ ᠮᠡᠳᠡᠬᠦᠯᠵᠤ᠂ ᠲᠤᠬᠠᠢ ᠶᠢᠨ ᠪᠠᠶᠢᠳᠠᠯ ᠢ ᠴᠠᠭᠳᠠᠭ᠎ᠠ ᠳᠤ ᠮᠡᠳᠡᠬᠦᠯᠵᠤ᠂ ᠬᠡᠷ ᠪᠥᠯᠢ ᠶᠢᠨ ᠬᠥᠴᠤᠷᠭᠡᠭᠯᠡᠯ ᠠᠴᠠ ᠪᠤᠯᠵᠤ ᠰᠢᠷᠬᠠᠳᠤᠭᠰᠠᠨ ᠢᠶᠠᠨ ᠲᠤᠳᠤᠷᠬᠠᠢᠢᠯᠠᠨ᠎ᠠ        2᠂ ᠰᠡᠬᠦᠳᠡᠷᠯᠡᠨ ᠬᠡᠷᠡᠴᠢ ᠥᠯᠡᠳᠡᠬᠡᠨ᠎ᠡ᠂ ᠰᠢᠷᠬᠠᠳᠤᠭᠰᠠᠨ ᠤ ᠲᠠᠷᠠᠭ᠎ᠠ ᠭᠠᠷ ᠤᠳᠠᠰᠤ ᠪᠠᠷ ᠰᠢᠷᠬᠠᠳᠤᠭᠰᠠᠨ ᠬᠡᠰᠡᠭ ᠢᠶᠠᠨ ᠰᠡᠬᠦᠳᠡᠷᠯᠡᠵᠤ ᠥᠪᠡᠷ ᠤᠨ ᠲᠤᠬᠠᠢ ᠶᠢᠨ ᠥᠶ᠎ᠡ ᠶᠢᠨ ᠰᠢᠷᠬᠠᠳᠤᠭᠰᠠᠨ ᠪᠠᠶᠢᠳᠠᠯ ᠢᠶᠠᠨ ᠬᠡᠷᠡᠴᠢᠯᠡᠨ᠎ᠡ᠃        3᠂ ᠡᠮᠨᠡᠯᠬᠡ ᠶᠢᠨ ᠬᠤᠷᠢᠶᠠᠨ ᠳᠤ ᠪᠠᠶᠢᠴᠠᠭᠠᠯᠳᠠ ᠬᠢᠨ᠎ᠡ᠂ ᠡᠮᠴᠢ ᠳᠤ ᠬᠡᠷ ᠪᠥᠯᠢ ᠶᠢᠨ ᠬᠥᠴᠤᠷᠬᠡᠭᠯᠡᠯ ᠠᠴᠠ ᠪᠤᠯᠵᠤ ᠰᠢᠷᠬᠠᠳᠤᠭᠰᠠᠨ ᠢᠶᠠᠨ ᠰᠢᠭᠤᠤᠨ ᠲᠤᠳᠤᠷᠬᠠᠢᠢᠯᠠᠨ᠎ᠠ᠃        4᠂ ᠲᠤᠰᠬᠠᠢ ᠬᠢᠨᠠᠨ ᠲᠤᠭᠳᠠᠭᠠᠬᠤ ᠪᠠᠶᠢᠭᠤᠯᠤᠮᠵᠢ ᠳᠤ ᠬᠡᠷ ᠪᠥᠯᠢ ᠶᠢᠨ ᠬᠥᠴᠤᠷᠬᠡᠭᠯᠡᠯ ᠤᠨ ᠬᠢᠨᠠᠨ ᠲᠤᠭᠳᠠᠭᠠᠯᠳᠠ ᠬᠢᠨ᠎ᠡ᠃        5᠂ ᠬᠥᠴᠤᠷᠭᠡᠭᠯᠡᠯ ᠥᠵᠡᠬᠦᠯᠦᠭᠰᠡᠨ ᠠᠴᠠ ᠲᠠᠨ ᠳᠤ ᠤᠰᠤᠯ ᠬᠥᠯᠢᠶᠡᠬᠦ ᠥᠶ᠎ᠡ ᠳᠤ ᠲᠡᠬᠦᠨ ᠢᠶᠠᠷ ᠪᠠᠳᠤᠯᠠᠬᠤ ᠪᠢᠴᠢᠭ ᠪᠢᠴᠢᠬᠦᠯᠤᠨ᠎ᠠ᠃        6᠂ ᠲᠤᠬᠠᠢ ᠶᠢᠨ ᠭᠠᠵᠠᠷ ᠤᠨ ᠲᠤᠰᠬᠤᠨ ᠤ ᠠᠷᠠᠤᠨ ᠤᠨ ᠵᠥᠪᠯᠡᠯ᠂ ᠰᠠᠭᠤᠭᠠᠯᠢ ᠠᠷᠠᠤᠨ ᠤᠨ ᠵᠥᠪᠯᠡᠯ ᠵᠢᠴᠢ ᠡᠮᠡᠭᠳᠡᠶᠢᠴᠤᠤᠨ ᠤᠨ ᠬᠤᠯᠪᠤᠭᠠᠳᠤ ᠬᠤᠷᠠᠯ ᠵᠡᠷᠬᠡ ᠰᠠᠯᠠᠭ᠎ᠠ ᠮᠥᠴᠢᠷ ᠠᠴᠠ ᠲᠤᠰᠠᠯᠠᠮᠵᠢ ᠬᠥᠰᠡᠨ᠎ᠡ᠃        7᠂ ᠰᠢᠬᠦᠬᠦ ᠬᠤᠷᠢᠶ᠎ᠠ ᠠᠴᠠ ᠬᠥᠮᠤᠨ ᠤ ᠪᠡᠶ᠎ᠡ ᠶᠢᠨ ᠠᠮᠤᠷ ᠲᠥᠪᠰᠢᠨ ᠤ ᠬᠠᠮᠠᠭᠠᠯᠠᠯᠳᠠ ᠶᠢᠨ ᠵᠠᠷᠯᠢᠭ ᠢ ᠭᠤᠶᠤᠴᠢᠯᠠᠨ᠎ᠠ᠃        ᠬᠡᠷ ᠪᠥᠯᠢ ᠶᠢᠨ ᠬᠥᠴᠤᠷᠭᠡᠭᠯᠡᠯ ᠳᠤ ᠤᠴᠠᠷᠠᠪᠠᠯ᠂ ᠨᠥᠬᠦᠬᠡ ᠡᠳᠡᠬᠡᠤᠨ ᠤᠨ ᠢᠶᠠᠨ ᠥᠡᠭᠭᠡᠷᠡᠭᠰᠡᠨ ᠤ ᠪᠤᠷᠤᠭᠤ ᠪᠠᠨ ᠬᠡᠮᠰᠢᠨ ᠬᠠᠯᠠᠬᠤ ᠳᠤ ᠬᠡᠳᠤ ᠬᠥᠰᠡᠯ ᠲᠠᠯᠪᠢᠵᠤ᠂ ᠲᠠᠬᠢᠵᠤ ᠬᠡᠷ ᠪᠥᠯᠢ ᠶᠢᠨ ᠬᠥᠴᠤᠷᠭᠡᠭᠯᠡᠯ ᠡᠬᠦᠰᠬᠦ ᠥᠬᠡᠢ ᠬᠡᠵᠤ ᠪᠤᠳᠤᠵᠤ ᠪᠤᠯᠬᠤ ᠥᠬᠡᠢ᠂ ᠪᠠᠰᠠ ᠬᠡᠷ ᠵᠠᠭᠤᠷ᠎ᠠ ᠶᠢᠨ ᠰᠢᠪᠰᠢᠭ ᠢ ᠭᠠᠳᠠᠭᠰᠢ ᠵᠠᠳᠠᠷᠠᠭᠤᠯᠬᠤ ᠥᠬᠡᠢ ᠬᠡᠮᠡᠨ ᠡᠪ ᠢ ᠨᠢ ᠥᠵᠡᠵᠤ ᠡᠪᠯᠡᠬᠦᠯᠵᠤ ᠪᠤᠯᠬᠤ ᠥᠬᠡᠢ᠃ ᠬᠠᠷᠢᠨ ᠬᠡᠷ ᠪᠥᠯᠢ ᠶᠢᠨ ᠬᠥᠴᠤᠷᠭᠡᠭᠯᠡᠯ ᠡᠬᠦᠰᠦᠭᠰᠡᠨ ᠤ ᠲᠠᠷᠠᠭ᠎ᠠ ᠲᠡᠷᠡ ᠲᠠᠷᠤᠢ ᠳᠤᠨᠢ ᠬᠡᠷᠡᠴᠢ ᠥᠯᠡᠳᠡᠬᠡᠵᠤ᠂ ᠬᠤᠵᠢᠮ ᠠᠯᠢ ᠨᠢᠬᠡᠨ ᠡᠳᠤᠷ ᠤᠷᠤᠭ ᠰᠠᠯᠬᠤ ᠵᠠᠭᠠᠯᠳᠤᠯᠭ᠎ᠠ ᠬᠢᠬᠦ ᠳᠤ ᠪᠡᠯᠡᠳᠬᠡᠯ ᠬᠢᠨ᠎ᠡ᠃        ᠲᠤᠰ ᠬᠡᠷᠡᠭ ᠲᠤ ᠵᠢᠶᠠᠩ ᠤᠪᠤᠭᠳᠤ ᠬᠡᠷ ᠪᠥᠯᠢ ᠶᠢᠨ ᠬᠥᠴᠤᠷᠭᠡᠭᠯᠡᠯ ᠠᠮᠰᠠᠭᠠᠤᠨ ᠭᠤᠷᠪᠠᠨ ᠡᠳᠤᠷ ᠪᠤᠯᠤᠭᠰᠠᠨ ᠤ ᠲᠠᠷᠠᠭ᠎ᠠ ᠰᠠᠶ᠋ᠢ ᠬᠠᠤᠯᠢᠴᠢ ᠶᠢ ᠡᠷᠢᠵᠤ᠂ ᠤᠷᠤᠭ ᠰᠠᠯᠬᠤ ᠵᠠᠭᠠᠯᠳᠤᠯᠭ᠎ᠠ ᠭᠠᠷᠭᠠᠬᠤ ᠬᠡᠪᠡ᠃ ᠬᠠᠤᠯᠢᠴᠢ ᠠᠴᠠ ᠲᠡᠬᠦᠨ ᠢ ᠬᠠᠮᠵᠢᠨ ᠬᠤᠯᠪᠤᠭᠳᠠᠯ ᠪᠥᠬᠦᠢ ᠬᠡᠷᠡᠴᠢ ᠪᠠᠷᠢᠮᠳᠠ ᠶᠢ ᠬᠠᠳᠠᠭᠠᠯᠠᠵᠤ᠂ ᠵᠢᠶᠠᠩ ᠤᠪᠤᠭᠳᠤ ᠶᠢᠨ ᠪᠠᠶᠢᠳᠠᠯ ᠢ ᠬᠤᠳᠠ ᠶᠢᠨ ᠡᠮᠡᠭᠳᠡᠶᠢᠴᠤᠤᠨ ᠤᠨ ᠬᠤᠯᠪᠤᠭ᠎ᠠ ᠳᠤ ᠮᠡᠳᠡᠬᠦᠯᠵᠤ᠂ ᠡᠮᠡᠭᠳᠡᠶᠢᠴᠤᠤᠨ ᠤᠨ ᠬᠤᠯᠪᠤᠭ᠎ᠠ ᠠᠴᠠ ᠬᠠᠤᠯᠢ ᠴᠠᠭᠠᠵᠠ ᠶᠢᠨ ᠬᠢᠨᠠᠨ ᠲᠤᠭᠳᠠᠭᠠᠬᠤ ᠭᠠᠵᠠᠷ ᠲᠤ ᠬᠡᠷ ᠪᠥᠯᠢ ᠶᠢᠨ ᠬᠥᠴᠤᠷᠭᠡᠭᠯᠡᠯ ᠤᠨ ᠬᠢᠨᠠᠨ ᠲᠤᠭᠳᠠᠭᠠᠯᠳᠠ ᠬᠢᠬᠦ ᠪᠠᠷ ᠭᠤᠶᠤᠴᠢᠯᠠᠪᠠ᠃ ᠬᠡᠷᠡᠴᠢ ᠴᠤᠭᠯᠠᠭᠤᠯᠬᠤ ᠪᠠᠷ ᠲᠠᠮᠵᠢᠨ ᠲᠤᠰ ᠬᠡᠷᠡᠭ ᠲᠠᠬᠢ ᠵᠢᠶᠠᠩ ᠤᠪᠤᠭᠳᠤ ᠶᠢᠨ ᠵᠤᠳᠤᠭᠳᠠᠭᠰᠠᠨ ᠤ ᠲᠠᠷᠠᠭ᠎ᠠ ᠴᠢᠷᠠᠢ ᠲᠡᠬᠡᠷ᠎ᠠ ᠨᠢ ᠥᠯᠡᠳᠡᠭᠰᠡᠨ ᠰᠢᠷᠬ᠎ᠠ ᠰᠤᠷᠪᠢ ᠶᠢᠨ ᠰᠡᠬᠦᠳᠡᠷ᠂ ᠵᠢᠶᠠᠩ ᠤᠪᠤᠭᠳᠤ ᠶᠢᠨ ᠥᠪᠡᠷ ᠲᠡᠭᠡᠨ ᠶᠠᠷᠢᠭᠰᠠᠨ 7 ᠤᠳᠠᠭ᠎ᠠ ᠵᠤᠳᠤᠭᠳᠠᠭᠰᠠᠨ ᠥᠡᠭᠭᠡᠷᠡᠯᠳᠡ᠂ ᠬᠠᠤᠯᠢ ᠴᠠᠭᠠᠵᠠ ᠶᠢᠨ ᠬᠢᠨᠠᠨ ᠲᠤᠭᠳᠠᠭᠠᠬᠤ ᠭᠠᠵᠠᠷ ᠤᠨ ᠰᠢᠯᠭᠠᠨ ᠲᠤᠭᠳᠠᠭᠠᠯᠳᠠ ᠶᠢᠨ ᠮᠡᠳᠡᠬᠦᠯᠤᠯᠳᠠ᠂ ᠡᠮᠨᠡᠯᠬᠡ ᠶᠢᠨ ᠬᠤᠷᠢᠶᠠᠨ ᠤ ᠡᠬᠦᠳᠡᠨ ᠡᠮᠨᠡᠯᠬᠡ ᠶᠢᠨ ᠡᠪᠡᠳᠴᠢᠨ ᠤ ᠲᠡᠤᠬᠡ ᠵᠡᠷᠬᠡ ᠬᠡᠷᠡᠴᠢ ᠮᠠᠲ᠋ᠧᠷᠢᠶᠠᠯ ᠢ ᠴᠤᠭᠯᠠᠭᠤᠯᠤᠭᠰᠠᠨ ᠪᠠᠶᠢᠨ᠎ᠠ᠃        ᠬᠠᠤᠯᠢᠴᠢ ᠶᠢᠨ ᠰᠠᠨᠠᠭᠤᠯᠤᠮᠵᠢ        ᠬᠡᠷ ᠪᠥᠯᠢ ᠶᠢᠨ ᠬᠥᠴᠤᠷᠭᠡᠭᠯᠡᠯ ᠠᠮᠰᠠᠭᠰᠠᠤᠨ ᠬᠡᠷ ᠪᠥᠯᠢ ᠶᠢᠨ ᠬᠥᠴᠤᠷᠭᠡᠭᠯᠡᠯ ᠤᠨ ᠤᠨᠴᠠᠯᠢᠭ ᠵᠢᠴᠢ ᠬᠤᠤᠷ ᠬᠥᠨᠤᠬᠡᠯ ᠢ ᠤᠢᠢᠯᠠᠭᠠᠵᠤ᠂ ᠬᠡᠷ ᠪᠥᠯᠢ ᠶᠢᠨ ᠬᠥᠴᠤᠷᠬᠡᠭᠯᠡᠯ ᠢ ᠠᠷᠭᠠᠴᠠᠭᠠᠬᠤ ᠵᠥᠪ ᠠᠷᠭ᠎ᠠ ᠠᠪᠴᠠᠯ ᠢ ᠡᠵᠡᠮᠳᠡᠵᠤ᠂ ᠥᠪᠡᠷ ᠢ ᠪᠠᠨ ᠬᠠᠮᠠᠭᠠᠯᠠᠵᠤ᠂ ᠴᠢᠳᠠᠬᠤ ᠶᠢᠨ ᠬᠢᠷᠢ ᠲᠤᠳᠤᠷ᠎ᠠ ᠬᠡᠷ ᠪᠥᠯᠢ ᠶᠢᠨ ᠬᠥᠴᠤᠷᠭᠡᠭᠯᠡᠯ ᠠᠴᠠ ᠬᠤᠯᠠ ᠪᠠᠶᠢᠪᠠᠯ ᠵᠤᠬᠢᠨ᠎ᠠ᠃        1᠂ ᠠᠩᠬ᠎ᠠ ᠤᠳᠠᠭ᠎ᠠ ᠬᠡᠷ ᠪᠥᠯᠢ ᠶᠢᠨ ᠬᠥᠴᠤᠷᠭᠡᠭᠯᠡᠯ ᠳᠤ ᠤᠴᠠᠷᠠᠬᠤ ᠥᠶ᠎ᠡ ᠶᠢᠨ ᠤᠪᠤᠷ ᠮᠠᠰᠢ ᠴᠢᠬᠤᠯᠠ ᠪᠠᠶᠢᠳᠠᠭ᠃ ᠬᠡᠷ ᠪᠥᠯᠢ ᠶᠢᠨ ᠬᠥᠴᠤᠷᠭᠡᠭᠯᠡᠯ ᠲᠠᠬᠢᠨ ᠲᠠᠪᠳᠠᠬᠤ ᠰᠢᠨᠵᠢ ᠲᠠᠢ᠂ ᠠᠩᠬ᠎ᠠ ᠤᠳᠠᠭ᠎ᠠ ᠬᠡᠷ ᠪᠥᠯᠢ ᠶᠢᠨ ᠬᠥᠴᠤᠷᠭᠡᠭᠯᠡᠯ ᠳᠤ ᠤᠴᠠᠷᠠᠬᠤ ᠥᠶ᠎ᠡ ᠶᠢᠨ ᠡᠬᠡᠨᠡᠷ ᠤᠨ ᠤᠪᠤᠷ ᠨᠢ ᠮᠠᠰᠢ ᠴᠢᠬᠤᠯᠠ ᠪᠠᠶᠢᠵᠤ᠂ ᠡᠷ᠎ᠠ ᠨᠥᠬᠦᠷ ᠤᠨ ᠬᠤᠵᠢᠮ ᠤᠨ ᠠᠵᠢᠯᠯᠠᠭ᠎ᠠ ᠶᠢ ᠨᠥᠯᠤᠬᠡᠯᠡᠵᠤ ᠮᠡᠳᠡᠨ᠎ᠠ᠃ ᠠᠩᠬ᠎ᠠ ᠤᠳᠠᠭ᠎ᠠ ᠬᠡᠷ ᠪᠥᠯᠢ ᠶᠢᠨ ᠬᠥᠴᠤᠷᠭᠡᠭᠯᠡᠯ ᠳᠤ ᠤᠴᠠᠷᠠᠬᠤ ᠥᠶ᠎ᠡ ᠳᠤ ᠡᠷᠬᠡᠪᠰᠢ ᠡᠷᠡᠰ ᠠᠭᠤᠴᠢᠯᠠᠬᠤ ᠥᠬᠡᠢ ᠤᠪᠤᠷ ᠢ ᠠᠪᠴᠤ᠂ ᠬᠠᠮᠤᠭ ᠶᠡᠭᠡ ᠬᠡᠮᠵᠢᠶ᠎ᠡ ᠪᠠᠷ ᠡᠰᠡᠷᠬᠦᠴᠡᠯ ᠬᠢᠨ᠎ᠡ᠂ ᠨᠢᠬᠡ ᠯᠡ ᠬᠥᠭ ᠢᠶᠠᠷ ᠨᠠᠶᠢᠷ ᠲᠠᠯᠪᠢᠵᠤ ᠪᠤᠯᠬᠤ ᠥᠬᠡᠢ᠃        2᠂ ᠬᠡᠷᠪᠡ ᠤᠷᠳᠤ ᠬᠤᠭᠤᠴᠠᠭ᠎ᠠ ᠬᠡᠷ ᠪᠥᠯᠢ ᠶᠢᠨ ᠬᠥᠴᠤᠷᠭᠡᠭᠯᠡᠯ ᠤᠷᠤᠰᠢᠵᠤ ᠪᠠᠶᠢᠪᠠᠯ ᠬᠠᠮᠤᠭ ᠰᠠᠶᠢᠨ ᠨᠢ ᠤᠷᠤᠭ ᠰᠠᠯᠪᠠᠯ ᠵᠤᠬᠢᠨ᠎ᠠ᠂ ᠡᠷᠳᠡᠬᠡᠨ ᠵᠤᠪᠠᠯᠠᠩ ᠠᠴᠠ ᠠᠩᠭᠢᠵᠢᠷᠠᠭᠰᠠᠨ ᠨᠢ ᠲᠡᠬᠡᠷ᠎ᠠ ᠶᠤᠮ᠃ ᠤᠷᠤᠭ ᠰᠠᠯᠬᠤ ᠪᠤᠯ ᠬᠡᠷ ᠪᠥᠯᠢ ᠶᠢᠨ ᠬᠥᠴᠤᠷᠭᠡᠭᠯᠡᠯ ᠠᠴᠠ ᠰᠠᠯᠬᠤ ᠬᠠᠮᠤᠭ ᠪᠥᠳᠤᠮᠵᠢᠳᠠᠢ ᠠᠷᠭ᠎ᠠ ᠪᠤᠯᠤᠨ᠎ᠠ᠃        3᠂ ᠲᠤᠰᠬᠠᠢ ᠬᠥᠮᠤᠰ ᠤᠨ ᠲᠡᠮᠵᠢᠯᠬᠡ ᠶᠢ ᠬᠥᠯᠢᠶᠡᠨ᠎ᠡ᠃ ᠤᠳᠤᠬᠠᠨ ᠳᠤ ᠮᠠᠰᠢ ᠤᠯᠠᠨ ᠲᠤᠰᠬᠠᠢ ᠠᠵᠢᠯᠳᠠᠨ ᠪᠤᠯᠤᠨ ᠰᠠᠯᠠᠭ᠎ᠠ ᠮᠥᠴᠢᠷ ᠬᠡᠷ ᠪᠥᠯᠢ ᠶᠢᠨ ᠬᠥᠴᠤᠷᠭᠡᠭᠯᠡᠯ ᠤᠨ ᠬᠤᠤᠷ ᠠᠮᠰᠠᠭᠰᠠᠤᠨ ᠢ ᠥᠨᠡᠨ ᠬᠦ ᠲᠡᠮᠵᠢᠬᠦ ᠪᠤᠯᠵᠠᠢ᠃ ᠡᠬᠦᠨ ᠳᠤ᠂ ᠬᠡᠷ ᠪᠥᠯᠢ ᠶᠢᠨ ᠬᠥᠴᠤᠷᠭᠡᠭᠯᠡᠯ ᠢ ᠡᠰᠡᠷᠬᠦᠴᠡᠳᠡᠭ ᠠᠷᠠᠤᠨ ᠤᠨ ᠲᠤᠮᠳᠠᠬᠢ ᠨᠡᠶᠢᠬᠡᠮ ᠤᠨ ᠵᠤᠬᠢᠶᠠᠨ ᠪᠠᠶᠢᠭᠤᠯᠤᠮᠵᠢ ᠵᠢᠴᠢ ᠲᠤᠰᠬᠠᠢ ᠨᠡᠶᠢᠬᠡᠮ ᠤᠨ ᠠᠵᠢᠯᠳᠠᠤᠨ᠂ ᠰᠡᠳᠬᠢᠴᠡ ᠶᠢᠨ ᠵᠥᠪᠯᠡᠭᠴᠢ ᠵᠡᠷᠬᠡ ᠲᠤᠰᠬᠠᠢ ᠠᠵᠢᠯᠳᠠᠤᠨ ᠪᠤᠢ᠃ ᠤᠷᠤᠭ ᠰᠠᠯᠬᠤ ᠡᠰᠡᠬᠦ ᠳᠤ ᠲᠠᠰᠤᠷᠬᠠᠢ ᠰᠢᠢᠳᠪᠤᠷᠢ ᠭᠠᠷᠭᠠᠵᠤ ᠲᠡᠶᠢᠯᠬᠦ ᠥᠬᠡᠢ ᠥᠶ᠎ᠡ ᠳᠤ ᠲᠡᠳᠡᠨᠤᠰ ᠤᠨ ᠰᠠᠨᠠᠯ ᠵᠥᠪᠯᠡᠮᠵᠢ ᠶᠢ ᠰᠤᠨᠤᠰᠴᠤ ᠪᠤᠯᠤᠨ᠎ᠠ᠃ ᠬᠡᠷ ᠪᠥᠯᠢ ᠶᠢᠨ ᠬᠥᠴᠤᠷᠭᠡᠭᠯᠡᠯ ᠠᠮᠰᠠᠭᠰᠠᠨ ᠡᠮᠡᠭᠳᠡᠶᠢᠴᠤᠤᠨ ᠬᠡᠷᠪᠡ ᠠᠵᠤ ᠠᠬᠤᠢ ᠶᠢᠨ ᠲᠠᠯ᠎ᠠ ᠪᠠᠷ ᠬᠠᠤᠯᠢᠴᠢ ᠶᠢᠨ ᠰᠦᠢᠳᠬᠡᠯ ᠢ ᠭᠠᠷᠭᠠᠵᠤ ᠲᠡᠶᠢᠯᠬᠦ ᠥᠬᠡᠢ ᠥᠶ᠎ᠡ ᠳᠤ ᠬᠠᠤᠯᠢ ᠴᠠᠭᠠᠵᠠ ᠶᠢᠨ ᠲᠤᠰᠠᠯᠠᠮᠵᠢ ᠭᠤᠶᠤᠴᠢᠯᠠᠵᠤ᠂ ᠬᠠᠤᠯᠢᠴᠢ ᠠᠴᠠ ᠰᠦᠢᠳᠬᠡᠯ ᠬᠤᠷᠢᠶᠠᠬᠤ ᠥᠬᠡᠢ ᠪᠠᠷ ᠬᠠᠤᠯᠢ ᠴᠠᠭᠠᠵᠨ ᠶᠢᠨ ᠤᠢᠢᠯᠡᠴᠢᠯᠡᠭᠡ ᠬᠠᠨᠭ᠍ᠭᠠᠵᠤ ᠥᠭᠭᠦᠨ᠎ᠠ᠃                   ︵︽ᠲᠦᠩᠯᠢᠶᠤᠤ ᠮᠤᠩᠭᠤᠯ ᠰᠦᠯᠵᠢᠶ᠎ᠡ︾ ᠠᠴᠠ︶
ᠢᠷᠡᠯᠲᠡ᠄ ᠣᠷᠳᠣᠰ ᠮᠣᠩᠭᠤᠯ ᠰᠦᠯᠵᠢᠶ᠎ᠡ