ᠨᠤᠳᠤᠭ
ᠨᠡᠶᠢᠲᠡᠯᠡᠭᠰᠡᠨ ᠴᠠᠭ᠄
2021/2/2
    ᠬᠦᠢᠰᠤ ᠪᠠᠨ ᠬᠠᠶᠠᠭᠰᠠᠨ ᠰᠢᠷᠤᠢ     ᠬᠦᠮᠤᠨ ᠵᠤᠨ ᠤ ᠵᠢᠷᠭᠠᠯᠠᠩ     ᠬᠦᠮᠤᠵᠢᠯ ᠪᠤᠯᠪᠠᠰᠤᠷᠠᠯ ᠤᠨ ᠰᠠᠬᠢᠭᠤᠰᠤ     ᠬᠦᠰᠡᠯ ᠲᠤᠷᠠᠰᠤᠮᠵᠢ ᠶᠢᠨ ᠬᠠᠶ᠋ᠢᠭ     — ᠨᠤᠳᠤᠭ     ᠰᠠᠨᠠᠵᠤ ᠲᠠᠭᠤᠯᠠᠬᠤ ᠶᠢᠨ ᠠᠶᠠᠯᠭᠤ     ᠰᠢᠳᠤᠭᠡᠨ ᠲᠠᠬᠢᠯᠭ᠎ᠠ ᠶᠢᠨ ᠲᠡᠭᠷᠢ     ᠰᠡᠳᠬᠢᠯ ᠬᠠᠶᠢᠷ᠎ᠠ ᠶᠢᠨ ᠠᠷᠭᠠᠮᠵᠢᠶ᠎ᠠ     ᠰᠠᠳᠤᠨ ᠭᠡᠯᠬᠢᠶ᠎ᠠ ᠶᠢᠨ ᠭᠤᠯᠤᠮᠳᠠ     — ᠨᠤᠳᠤᠭ     ᠠᠮᠢᠳᠤᠷᠠᠯ ᠵᠢᠷᠭᠠᠯ ᠤᠨ ᠠᠶᠠᠭ᠎ᠠ     ᠠᠪᠤ ᠲᠡᠭᠡᠳᠤ ᠶᠢᠨ ᠪᠤᠶᠠᠨ     ᠠᠯᠤᠰ ᠤᠨ ᠪᠠᠶᠠᠨ ᠬᠠᠷᠠᠭ᠎ᠠ     ᠠᠯᠳᠠᠨ ᠬᠤᠷᠸ᠎ᠠ ᠶᠢᠨ ᠲᠠᠮᠠᠭ᠎ᠠ     — ᠨᠤᠳᠤᠭ     ᠬᠦᠯ ᠢ ᠡᠷᠭᠦᠭᠰᠡᠨ ᠲᠦᠷᠤᠭᠡ     ᠪᠦᠪᠠᠶᠢᠯᠠᠵᠤ ᠲᠤᠷᠨᠢᠭᠤᠯᠤᠭᠰᠠᠨ ᠮᠠᠨᠴᠤᠢ     ᠬᠦᠰᠡᠯ ᠢ ᠵᠢᠭᠦᠷᠯᠡᠭᠦᠯᠦᠭᠰᠡᠨ ᠵᠤᠯᠠ     ᠬᠦᠭᠵᠢᠯ ᠬᠤᠷᠦ᠋ᠢᠯᠠᠭᠰᠠᠨ ᠭᠤᠯᠤᠮᠳᠠ     — ᠨᠤᠳᠤᠭ     ᠬᠠᠶᠢᠷ᠎ᠠ ᠬᠤᠯᠪᠤᠵᠤ ᠲᠡᠯᠭᠡᠷᠡᠭᠦ     ᠡᠯᠢᠭᠡ ᠪᠦᠳᠤᠨ ᠵᠠᠶᠠᠭ᠎ᠠ     ᠬᠠᠮᠤᠭ ᠵᠢᠷᠭᠠᠯ ᠢ ᠡᠳ᠋ᠯᠡᠭᠦᠯᠭᠦ     ᠡᠷᠳᠡᠨᠢ ᠶᠢᠨ ᠠᠯᠳᠠᠨ ᠬᠦᠷᠦᠩᠭᠡ     — ᠨᠤᠳᠤᠭ     ᠰᠦᠷᠦᠭ ᠮᠠᠯ ᠤᠨ ᠦᠵᠡᠮᠵᠢ     ᠰᠠᠭᠠᠯᠢ ᠶᠢᠨ ᠲᠤᠷᠭᠠᠨ ᠰᠠᠯᠬᠢ     ᠰᠠᠷᠠᠭᠤᠯ ᠠᠭᠤᠳᠠᠮ ᠬᠦᠳᠡᠭᠡ     ᠰᠦ ᠴᠠᠭᠠᠨ ᠷᠠᠰᠢᠶᠠᠨ     — ᠨᠤᠳᠤᠭ     ᠨᠢᠭᠤᠴᠠ ᠲᠤᠪᠴᠢᠶᠠᠨ ᠤ ᠲᠤᠯᠢ     ᠪᠤᠮᠠᠨ ᠤᠨᠢᠰᠤᠭ᠎ᠠ ᠶᠢᠨ ᠲᠦᠯᠬᠢᠭᠦᠷ     ᠨᠡᠭᠦᠳᠡᠯ ᠤᠨ ᠲᠡᠤᠭᠡ ᠶᠢᠨ ᠤᠯᠪᠠᠭ᠎ᠠ     ᠪᠤᠷᠬᠠᠨ ᠬᠠᠶᠢᠷᠠᠯᠠᠭᠰᠠᠨ ᠲᠤᠷᠠᠰᠬᠠᠯ     — ᠨᠤᠳᠤᠭ
ᠢᠷᠡᠯᠲᠡ᠄ ᠣᠷᠳᠣᠰ ᠮᠣᠩᠭᠤᠯ ᠰᠦᠯᠵᠢᠶ᠎ᠡ