ᠰᠢᠨ᠎ᠡ ᠵᠢᠷᠤᠮ ᠢᠶᠠᠷ ᠶᠠᠪᠤᠭᠳᠠᠬᠤ ᠬᠦᠨᠳᠦ ᠡᠪᠡᠳᠴᠢᠨ ᠤ ᠳᠠᠭᠠᠳᠬᠠᠯ ᠢᠷᠡᠵᠡᠢ
ᠨᠡᠶᠢᠲᠡᠯᠡᠭᠰᠡᠨ ᠴᠠᠭ᠄
2021/2/2
            ᠰᠢᠨᠬᠤᠸᠠ ᠬᠤᠷᠢᠶᠠᠨ ᠤ ᠪᠡᠭᠡᠵᠢᠩ ᠤᠨ 2 ᠰᠠᠷ᠎ᠠ ᠶᠢᠨ 1 ᠤ ᠡᠳᠦᠷ ᠤᠨ ᠮᠡᠳᠡᠭᠡ ︵ᠰᠤᠷᠪᠤᠯᠵᠢᠯᠠᠭᠴᠢ ᠲᠠᠨ  ᠮᠥᠸᠧ‌‍ᠰᠢᠶᠤᠤ︶ 2 ᠰᠠᠷ᠎ᠠ ᠶᠢᠨ 1 ᠤ ᠡᠳᠦᠷ ᠠᠴᠠ ᠡᠬᠢᠯᠡᠨ᠂ ᠰᠢᠨ᠎ᠡ ᠵᠢᠷᠤᠮᠵᠢᠯ ᠳᠤ ᠰᠠᠭᠤᠷᠢᠯᠠᠨ ᠨᠡᠭᠡᠭᠡᠨ ᠬᠥᠭᠵᠢᠭᠦᠯᠦᠭᠰᠡᠨ  ᠬᠦᠨᠳᠦ‌‍ᠶᠡᠭᠡ ᠡᠪᠡᠳᠴᠢᠨ ᠡᠮᠭᠡᠭ ᠤᠨ ᠳᠠᠭᠠᠳᠬᠠᠯ ᠤᠨ ᠦᠢᠯᠡᠳᠬᠦᠨ ᠢ ᠵᠠᠬ᠎ᠠ ᠳᠡᠯᠭᠡᠭᠦᠷ ᠲᠤ ᠵᠠᠯᠭᠠᠭ᠎ᠠ ᠪᠠᠷ  ᠣᠷᠣᠭᠤᠯᠬᠤ  ᠪᠣᠯᠤᠨ᠎ᠠ᠃ ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ ᠣᠯᠠᠨ  ᠳᠠᠭᠠᠳᠬᠠᠯ ᠤᠨ  ᠺᠣᠮᠫᠠᠨᠢ  ᠨᠢᠭᠡᠨᠲᠡ  ᠬᠦᠨᠳᠦ  ᠡᠪᠡᠳᠴᠢᠨ ᠤ  ᠰᠢᠨ᠎ᠡ ᠬᠡᠯᠪᠡᠷᠢ ᠶᠢᠨ ᠦᠢᠯᠡᠳᠭᠦᠨ ᠭᠠᠷᠭᠠᠭᠰᠠᠨ ᠪᠥᠭᠡᠳ ᠲᠥᠯᠥᠪᠦᠷᠢ ᠥᠭᠬᠦ ᠦᠢᠯᠡᠴᠢᠯᠡᠭᠡ ᠪᠠᠨ ᠲᠠᠰ ᠳᠡᠪᠰᠢᠭᠦᠯᠵᠦ ᠪᠠᠶᠢᠨ᠎ᠠ᠃  
            ᠡᠨᠡ ᠬᠦ ᠰᠢᠨ᠎ᠡ ᠵᠢᠷᠤᠮᠵᠢᠯ ᠢ  ︽ᠬᠦᠨᠳᠦ  ᠡᠪᠡᠳᠴᠢᠨ ᠤ  ᠳᠠᠭᠠᠳᠬᠠᠯ ᠤᠨ  ᠡᠪᠡᠳᠴᠢᠨ  ᠡᠮᠭᠡᠭ ᠤᠨ  ᠲᠣᠮᠢᠶᠠᠯᠠᠯ ᠢ‌‍ᠬᠡᠷᠡᠭᠯᠡᠬᠦ  ᠵᠢᠷᠤᠮᠵᠢᠯ  ︵2020  ᠣᠨ ᠤ  ᠵᠠᠰᠠᠪᠤᠷᠢ  ᠣᠷᠣᠭᠤᠯᠤᠭᠰᠠᠨ  ᠬᠡᠪᠯᠡᠯ︶︾  ᠭᠡᠳᠡᠭ᠂ ᠳᠤᠮᠳᠠᠳᠤ  ᠤᠯᠤᠰ ‍ᠤᠨ‌‍ᠲ᠋ᠠᠭᠠᠳᠬᠠᠯ ᠤᠨ ᠠᠵᠢᠯ ᠲᠥᠷᠥᠯ ᠤᠨ  ᠨᠡᠶᠢᠭᠡᠮᠯᠢᠭ ᠠᠴᠠ  ᠳᠤᠮᠳᠠᠳᠤ  ᠤᠯᠤᠰ ᠤᠨ  ᠡᠮᠴᠢ ᠶᠢᠨ  ᠨᠡᠶᠢᠭᠡᠮᠯᠢᠭ ᠲᠠᠢ  ᠬᠠᠮᠲᠤᠷᠠᠨ2007 ᠣᠨ ᠤ ᠬᠡᠪᠯᠡᠯ ᠤᠨ ᠰᠠᠭᠤᠷᠢᠨ ᠳᠡᠭᠡᠷ᠎ᠡ ᠵᠠᠰᠠᠪᠤᠷᠢ ᠣᠷᠣᠭᠤᠯᠤᠭᠰᠠᠨ ᠶᠤᠮ᠃                    ᠣᠶᠢᠯᠠᠭᠠᠭᠰᠠᠨ ᠢᠶᠠᠷ᠂  ᠲᠣᠰ  ᠤᠳᠠᠭ᠎ᠠ  ᠬᠦᠨᠳᠦ  ᠡᠪᠡᠳᠴᠢᠨ ᠤ  ᠲᠠᠰ  ᠬᠤᠪᠢᠶᠠᠬᠤ  ᠰᠢᠰᠲ᠋ᠧᠮ ᠳᠤ   ᠵᠠᠰᠠᠪᠤᠷᠢ‌ᠣᠷᠣᠭᠤᠯᠵᠤ᠂ ᠠᠩᠬ᠎ᠠ ᠤᠳᠠᠭ᠎ᠠ ᠬᠥᠩᠭᠡᠨ  ᠡᠪᠡᠳᠴᠢᠨ ᠤ  ᠲᠣᠮᠢᠶᠠᠯᠠᠯ ᠢ  ᠣᠷᠣᠭᠤᠯᠤᠨ᠂  ᠬᠤᠤᠷᠲᠤ  ᠬᠠᠪᠤᠳᠠᠷ᠂  ᠲᠦᠷᠭᠡᠨ‌‍ᠴᠢᠨᠠᠷᠲᠠᠶ ᠵᠢᠷᠦᠬᠡᠨ ᠪᠤᠯᠴᠢᠩ ᠤᠨ ᠲᠦᠭᠵᠢᠷᠡᠯ᠂ ᠲᠠᠷᠢᠬᠢᠨ ᠤ ᠰᠠ ᠡᠪᠡᠳᠴᠢᠨ ᠤ ᠦᠯᠡᠳᠡᠭᠳᠡᠯ ᠬᠡᠮ ᠵᠡᠷᠭᠡ 3 ᠵᠦᠢᠯ ᠤᠨ ᠭᠤᠤᠯ‌ᠡᠪᠡᠳᠴᠢᠨ ᠢ ᠡᠪᠡᠳᠴᠢᠨ ᠤ  ᠪᠠᠶᠢᠳᠠᠯ ᠢᠶᠠᠷ   ᠨᠢ  ᠬᠦᠨᠳᠦ  ᠡᠪᠡᠳᠴᠢᠨ  ᠪᠠ  ᠬᠥᠩᠭᠡᠨ  ᠡᠪᠡᠳᠴᠢᠨ  ᠭᠡᠵᠦ  ᠬᠤᠶᠠᠷ  ᠳᠡᠰ‌ᠬᠤᠪᠢᠶᠠᠪᠠ︔ ᠡᠪᠡᠳᠴᠢᠨ ᠤ ᠲᠥᠷᠥᠯ ᠤᠨ ᠲᠤᠭ᠎ᠠ  ᠬᠡᠮᠵᠢᠶ᠎ᠡ ᠶᠢ  ᠨᠡᠮᠡᠭᠳᠡᠭᠦᠯᠵᠦ᠂  ᠤᠤᠯ ᠤᠨ  25  ᠵᠦᠢᠯ   ᠤᠨ  ᠬᠦᠨᠳᠦ‌ᠡᠪᠡᠳᠴᠢᠨ ᠤ ᠲᠣᠮᠢᠶᠠᠯᠠᠯ ᠢ ᠲᠡᠭᠦᠯᠳᠡᠷᠵᠢᠭᠦᠯᠵᠦ 28 ᠵᠦᠢᠯ ᠤᠨ ᠬᠦᠨᠳᠦ ᠡᠪᠡᠳᠴᠢᠨ ᠪᠠ 3 ᠵᠦᠢᠯ ᠤᠨ ᠬᠥᠩᠭᠡᠨ  ᠡᠪᠡᠳᠴᠢᠨ‌‍ᠪᠣᠯᠭᠠᠨ ᠥᠷᠭᠡᠳᠬᠡᠬᠦ ᠶᠢᠨ  ᠬᠠᠮᠲᠤ  ᠪᠠᠲᠤᠯᠠᠭ᠎ᠠ ᠶᠢᠨ  ᠬᠡᠪᠴᠢᠶ᠎ᠡ ᠶᠢ  ᠵᠣᠬᠢᠰᠲᠠᠶ  ᠦᠷᠭᠡᠳᠬᠡᠪᠡ︔  ᠡᠪᠡᠳᠴᠢᠨ  ᠡᠮᠭᠡᠭ ‍ᠤᠨ‌‍ᠲ᠋ᠣᠳᠣᠷᠬᠠᠶᠢᠯᠠᠯᠲᠠ ᠶᠢᠨ ᠬᠡᠪᠴᠢᠶ᠎ᠡ ᠶᠢ ᠥᠷᠭᠡᠳᠬᠡᠵᠦ᠂ ᠬᠠᠮᠤᠭ ᠰᠢᠨ᠎ᠡ ᠠᠨᠠᠭᠠᠬᠤ  ᠤᠬᠠᠭᠠᠨ ᠤ  ᠠᠬᠢᠴᠠ ᠶᠢ  ᠦᠨᠳᠦᠰᠦᠯᠡᠨ᠂ᠴᠢᠬᠤᠯᠠ ᠶᠡᠭᠡ ᠡᠷᠬᠡᠲᠡᠨ ᠰᠢᠯᠵᠢᠭᠦᠯᠬᠦ ᠮᠡᠷᠭᠡᠵᠢᠯ᠂ ᠲᠢᠲᠢᠮᠯᠢᠭ  ᠯᠤᠭᠰᠢᠭᠤᠨ  ᠰᠤᠳᠠᠯ ᠤᠨ  ᠬᠥᠭᠦᠷᠭᠡ  ᠲᠠᠯᠪᠢᠬᠤ  ᠮᠡᠷᠭᠡᠵᠢᠯ᠂ᠵᠢᠷᠦᠬᠡᠨ ᠤ ᠬᠠᠪᠬᠠᠭᠯᠠᠭ᠎ᠠ ᠶᠢᠨ ᠮᠡᠰᠡ ᠵᠠᠰᠠᠯ᠂ ᠭᠤᠤᠯ ᠯᠤᠭᠰᠢᠭᠤᠨ ᠰᠤᠳᠠᠯ ᠤᠨ ᠮᠡᠰᠡ ᠵᠠᠰᠠᠯ ᠵᠡᠷᠭᠡ 8 ᠵᠦᠢᠯ ᠤᠨ ᠡᠪᠡᠳᠴᠢᠨ‌ᠡᠮᠭᠡᠭ ᠤᠨ ᠪᠠᠲᠤᠯᠠᠭ᠎ᠠ ᠶᠢᠨ ᠬᠡᠪᠴᠢᠶ᠎ᠡ ᠶᠢ ᠥᠷᠭᠡᠳᠬᠡᠵᠦ᠂ ᠬᠦᠨᠳᠦ ᠨᠣᠴᠢᠲᠠᠶ  ᠤᠳᠠᠭᠠᠨ  ᠴᠢᠨᠠᠷᠲᠠᠶ  ᠪᠥᠭᠡᠷ᠎ᠡ ᠶᠢᠨ  ᠮᠠᠭᠤᠳᠠᠯ‌ᠵᠡᠷᠭᠡ 7 ᠵᠦᠢᠯ ᠤᠨ ᠡᠪᠡᠳᠴᠢᠨ ᠡᠮᠭᠡᠭ ᠤᠨ ᠲᠣᠳᠣᠷᠬᠠᠶᠢᠯᠠᠯᠲᠠ ᠶᠢ ᠲᠡᠭᠦᠯᠳᠡᠷᠵᠢᠭᠦᠯᠦᠨ ᠰᠢᠯᠢᠳᠡᠭᠵᠢᠭᠦᠯᠪᠡ᠃               ᠳᠠᠭᠠᠳᠬᠠᠯ ᠤᠨ  ᠬᠡᠷᠡᠭᠯᠡᠭᠴᠢ  ᠣᠯᠵᠤ  ᠬᠠᠷᠠᠬᠤ ᠨᠢ᠂  ᠬᠦᠨᠳᠦ  ᠡᠪᠡᠳᠴᠢᠨ ᠤ  ᠳᠠᠭᠠᠳᠬᠠᠯ ᠤᠨ  ᠪᠠᠲᠤᠯᠠᠭ᠎ᠠ ᠵᠢᠨ‌‍ᠬᠡᠪᠴᠢᠶ᠎ᠡ ᠨᠢ ᠬᠠᠭᠤᠴᠢᠨ ᠵᠢᠷᠤᠮᠵᠢᠯ ᠤᠨ ᠡᠪᠡᠳᠴᠢᠨ ᠤ ᠬᠡᠪᠴᠢᠶ᠎ᠡ ᠶᠢᠨ ᠰᠠᠭᠤᠷᠢᠨ ᠳᠡᠭᠡᠷ᠎ᠡ᠂ ᠠᠮᠢᠰᠬᠤᠯ ᠤᠨ ᠮᠠᠭᠤᠳᠠᠯ᠂  ᠺᠷᠤᠨ‌ᠡᠪᠡᠳᠴᠢᠨ᠂ ᠬᠦᠨᠳᠦ ᠰᠢᠷᠬᠠᠯᠠᠭ᠎ᠠ ᠶᠢᠨ ᠴᠢᠨᠠᠷᠲᠠᠶ ᠬᠤᠲᠣᠷᠢᠩᠬᠠᠶ ᠭᠡᠳᠡᠰᠦᠨ ᠤ  ᠦᠷᠪᠢᠰᠦᠯ  ᠵᠡᠷᠭᠡ  3  ᠵᠦᠢᠯ ᠤᠨ  ᠬᠦᠨᠳᠦ‌ᠡᠪᠡᠳᠴᠢᠨ ᠢ ᠰᠢᠨ᠎ᠡ ᠪᠠᠷ ᠨᠡᠮᠡᠵᠡᠶ᠃                 ᠬᠢᠨᠠᠨ  ᠬᠠᠮᠢᠶᠠᠷᠬᠤ  ᠰᠠᠯᠠᠭ᠎ᠠ  ᠮᠥᠴᠢᠷ ᠤᠨ  ᠱᠠᠭᠠᠷᠳᠠᠯᠭ᠎ᠠ ᠶᠢ  ᠦᠨᠳᠦᠰᠦᠯᠡᠪᠡᠯ᠂  ᠳᠠᠭᠠᠳᠬᠠᠯ ᠤᠨ  ᠺᠣᠮᠫᠠᠨᠢ ᠵᠢᠨ‌‍ᠰᠢᠨ᠎ᠡ ᠪᠠᠷ ᠨᠡᠭᠡᠭᠡᠨ ᠬᠥᠭᠵᠢᠭᠦᠯᠦᠭᠰᠡᠨ ᠬᠦᠨᠳᠦ ᠡᠪᠡᠳᠴᠢᠨ ᠤ ᠳᠠᠭᠠᠳᠬᠠᠯ ᠤᠨ ᠦᠢᠯᠡᠳᠬᠦᠨ ᠨᠢ ᠰᠢᠨ᠎ᠡ  ᠵᠢᠷᠤᠮᠵᠢᠯ ᠤᠨ  ᠡᠯ᠎ᠡ‌ᠵᠦ᠋ᠢᠯ ᠤᠨ ᠱᠠᠭᠠᠷᠳᠠᠯᠭ᠎ᠠ ᠳᠤ ᠨᠡᠶᠢᠴᠡᠭᠰᠡᠨ ᠪᠠᠶᠢᠬᠤ ᠬᠡᠷᠡᠭᠲᠡᠶ᠂ ᠬᠠᠭᠤᠴᠢᠨ ᠵᠢᠷᠤᠮᠵᠢᠯ ᠳᠤ ᠰᠠᠭᠤᠷᠢᠯᠠᠨ  ᠨᠡᠭᠡᠭᠡᠨ  ᠠᠰᠢᠭᠯᠠᠭᠰᠠᠨ‌‍ᠬᠦ᠋ᠨᠳᠦ ᠡᠪᠡᠳᠴᠢᠨ ᠤ ᠳᠠᠭᠠᠳᠬᠠᠯ ᠤᠨ ᠦᠢᠯᠡᠳᠬᠦᠨ ᠢ ᠦᠷᠭᠦᠯᠵᠢᠯᠡᠨ ᠪᠣᠷᠣᠯᠠᠭᠤᠯᠵᠤ ᠪᠣᠯᠬᠤ ᠥᠬᠡᠶ᠃                   ᠫᠢᠩ  ᠠᠨ  ᠠᠮᠢ  ᠨᠠᠰᠤᠨ ᠤ  ᠳᠠᠭᠠᠳᠬᠠᠯ ᠤᠨ  ᠶᠡᠷᠦᠩᠬᠡᠶ  ᠳᠠᠭᠠᠭᠠᠮᠠᠯ ᠤᠨ  ᠲᠤᠰᠠᠯᠠᠭᠴᠢ  ᠰᠦᠨ  ᠬᠠᠨ  ᠵᠢᠶᠧ‌ᠢᠯᠡᠷᠬᠡᠶᠢᠯᠡᠬᠦ ᠳᠡᠭᠡᠨ᠂ ᠺᠣᠮᠫᠠᠨᠢ ᠬᠦᠨᠳᠦ ᠡᠪᠡᠳᠴᠢᠨ ᠤ ᠰᠢᠨ᠎ᠡ‌ᠦᠢᠯᠡᠳᠬᠦᠨ  ᠭᠠᠷᠭᠠᠵᠤ᠂  ᠳᠠᠭᠠᠳᠬᠠᠯ ᠤᠨ  ᠬᠠᠷᠢᠭᠤᠴᠠᠯᠭ᠎ᠠ ᠵᠢ‌ᠥᠷᠭᠡᠳᠬᠡᠨ᠂ ᠬᠡᠷᠡᠭᠯᠡᠭᠴᠢᠳ ᠤᠨ ᠵᠦᠷᠢᠶᠡᠴᠢᠯᠡᠭᠰᠡᠨ ᠪᠠᠲᠤᠯᠠᠭ᠎ᠠ ᠶᠢᠨ  ᠬᠡᠷᠡᠭᠴᠡᠭᠡ ᠶᠢ  ᠬᠠᠩᠭᠠᠬᠤ ᠪᠠᠷ  ᠪᠠᠶᠢᠨ᠎ᠠ᠃  ᠡᠭᠦᠨ ‍ᠤ‌ᠬᠠᠮᠲᠤ ᠬᠥᠭᠵᠢᠯᠲᠡ ᠶᠢᠨ ᠰᠡᠳᠬᠢᠮᠵᠢ ᠪᠠᠨ ᠬᠤᠪᠢᠷᠠᠭᠤᠯᠵᠤ᠂ ᠬᠡᠷᠡᠭᠯᠡᠭᠴᠢᠳ ᠤᠨ ᠡᠷᠡᠭᠦᠯ ᠮᠡᠨᠳᠦ ᠶᠢᠨ ᠬᠠᠮᠢᠶᠠᠷᠤᠯᠲᠠ᠂  ᠡᠷᠡᠭᠦᠯ‌ᠮᠡᠨᠳᠦ ᠶᠢᠨ ᠠᠶᠤᠯ ᠲᠦᠭᠰᠢᠭᠦᠷᠢ ᠳᠤ ᠭᠠᠷ ᠲᠦᠷᠦᠭᠦ ᠰᠡᠳᠬᠢᠮᠵᠢ ᠠᠴᠠ  ᠰᠢᠨ᠎ᠡ  ᠬᠥᠭᠵᠢᠯᠲᠡ ᠶᠢᠨ  ᠠᠷᠭ᠎ᠠ  ᠵᠠᠮ ᠢ  ᠣᠯᠵᠤ᠂ᠳᠠᠭᠠᠳᠬᠠᠯ ᠢ ᠵᠥᠪᠬᠡᠨ ᠠᠵᠤ ᠠᠬᠤᠶ ᠶᠢᠨ ᠲᠥᠯᠥᠪᠦᠷᠢ ᠳᠤ ᠯᠡ ᠬᠢᠵᠠᠭᠠᠷᠯᠠᠭᠳᠠᠬᠤ ᠪᠢᠰᠢ ᠪᠣᠯᠭᠠᠨ᠎ᠠ ᠭᠡᠵᠡᠶ᠃
ᠢᠷᠡᠯᠲᠡ᠄ ᠠᠷᠠᠳ ᠤᠨ ᠰᠦᠯᠵᠢᠶ᠎ᠡ