2021 ᠤᠨ ᠮᠢᠨᠢ ᠰᠠᠶᠢᠨ ᠰᠠᠭᠠᠳᠠᠪᠠ ᠤᠤ
ᠨᠡᠶᠢᠲᠡᠯᠡᠭᠰᠡᠨ ᠴᠠᠭ᠄
2021/1/5
       2020 ᠤᠨ ᠮᠢᠨᠢ᠂ ᠪᠠᠶᠠᠷᠳᠠᠢ︕ ᠡᠨᠡ ᠬᠦ ᠶᠠᠷᠤ ᠪᠤᠰᠤ ᠶᠢᠨ ᠤᠨ ᠳᠤ ᠰᠢᠨ᠎ᠠ ᠲᠢᠳᠢᠮᠯᠢᠭ ᠠᠭᠤᠰᠭᠢᠨ ᠦᠷᠪᠢᠰᠦᠯ ᠭᠡᠬᠦ ᠬᠢᠵᠢᠭ ᠪᠦᠬᠦ ᠲᠡᠯᠡᠬᠡᠢ ᠶᠢ ᠲᠠᠭᠠᠷᠢᠵᠤ ᠬᠦᠮᠦᠨ ᠲᠦᠷᠦᠯᠬᠢᠳᠡᠨ ᠳᠤ ᠬᠡᠴᠡᠭᠦᠦ ᠶᠡᠭᠡ ᠭᠠᠢ ᠭᠠᠮᠰᠢᠭ ᠠᠪᠴᠢᠷᠠᠵᠠᠢ᠃ ᠴᠢ ᠪᠢᠳᠡᠨ ᠴᠤ ᠨᠢᠭᠡ ᠤᠳᠠᠭᠠᠨ ᠤ ᠰᠡᠳᠭᠢᠯ ᠤᠨ ᠰᠢᠨᠠᠯᠤᠯ ᠵᠢᠴᠢ ᠰᠠᠳᠭᠢᠯ ᠤᠨ ᠶᠡᠭᠡ ᠲᠤᠯᠭᠢᠰᠤᠯ ᠤᠨ ᠬᠡᠴᠡᠭᠦᠦ ᠰᠢᠯᠭᠠᠯᠳᠠ ᠶᠢ ᠦᠡᠭᠭᠡᠷᠡᠭᠡᠬᠦ ᠶᠢᠨ ᠬᠠᠮᠳᠤ ᠮᠦᠨ ᠴᠤ ᠪᠠᠰᠠ ᠮᠢᠩᠭᠠᠨ ᠲᠠᠪᠠᠭ᠎ᠠ ᠲᠦᠮᠡᠨ ᠪᠡᠷᠬᠡ ᠶᠢ ᠲᠤᠭᠤᠯᠵᠤ ᠭᠠᠷᠬᠤ ᠤᠷᠮ᠎ᠠ ᠵᠤᠷᠢᠭ ᠢᠶᠠᠨ ᠬᠦᠪᠴᠢᠯᠡᠵᠤ ᠪᠢᠯᠡ᠃ 2020 ᠤᠨ ᠮᠢᠨᠢ᠂ ᠲᠠ ᠪᠢᠳᠡᠨ ᠤ ᠰᠡᠳᠭᠢᠯ ᠵᠢᠷᠦᠬᠡᠨ ᠳᠤ ᠮᠦᠡᠭᠭᠡ ᠬᠠᠳᠠᠩᠰᠢᠬᠤ ᠨᠢ ᠲᠠᠮᠵᠢᠭ ᠦᠭᠡᠢ ᠶᠤᠮ᠃         2021 ᠵᠢᠯ ᠤᠨ ᠰᠢᠨ᠎ᠠ ᠤᠨ ᠤ ᠦᠤᠷ ᠤᠨ ᠲᠤᠶᠠᠭ᠎ᠠ ᠡᠬᠡ ᠲᠡᠯᠡᠬᠡᠢ ᠶᠢ ᠭᠡᠶᠢᠭᠦᠯᠪᠡ᠃ ᠦᠡᠭᠭᠡᠷᠡᠭᠰᠡᠨ ᠵᠢᠯ ᠤᠨ ᠤᠢᠢᠳᠬᠠᠷ ᠭᠤᠨᠢᠭ ᠢ ᠤᠮᠠᠷᠳᠠᠨ᠂ ᠦᠪᠡᠷ ᠤᠨ ᠪᠡᠶ᠎ᠡ ᠳᠡᠭᠡᠨ ᠤᠷᠮ᠎ᠠ ᠵᠤᠷᠢᠭ ᠬᠠᠶᠢᠷᠠᠯᠠᠵᠤ᠂ ᠬᠦᠴᠤ ᠴᠢᠳᠠᠯ ᠨᠡᠮᠡᠷᠢᠯᠡᠨ᠂ ᠪᠠᠶᠠᠷ  ᠪᠠᠶᠠᠰᠤᠯᠳᠠᠢ  ᠪᠠᠷ  ᠰᠢᠨ᠎ᠠ ᠤᠨ  ᠤ  ᠰᠢᠨ᠎ᠠ ᠦᠷᠢᠰᠦᠯᠳᠦᠭᠡᠨ ᠢ ᠤᠭᠳᠤᠵᠤ ᠠᠪᠬᠤ ᠪᠠᠷ ᠪᠡᠯᠡᠬᠡᠨ ᠪᠠᠶᠢᠶ᠎ᠠ︕ ᠢᠷᠡᠭᠡᠳᠦᠢ ᠶᠢᠨ ᠰᠠᠶᠢᠨ ᠰᠠᠶᠢᠬᠠᠨ ᠳᠤ ᠪᠠᠳᠤ ᠢᠳᠡᠭᠡᠯ ᠲᠠᠢ ᠪᠠᠶᠢᠵᠤ᠂ ᠬᠤᠪᠢ  ᠵᠠᠶᠠᠭᠠᠨ  ᠤ ᠰᠠᠶᠢᠨ ᠰᠠᠶᠢᠬᠠᠨ ᠲᠡᠷᠡ ᠪᠦᠬᠦᠨ ᠳᠡᠭᠡᠨ ᠢᠳᠡᠭᠡᠵᠤ᠂ ᠰᠠᠳᠭᠢᠯ ᠤᠨ ᠰᠠᠶᠢᠬᠠᠨ ᠢᠶᠠᠷ ᠢᠶᠠᠨ ᠬᠦᠮᠦᠨ ᠤ  ᠬᠤᠷᠸ᠎ᠠ ᠶᠢᠨ ᠬᠠᠯᠠᠭᠤᠨ ᠪᠦᠯᠢᠶᠡᠨ ᠢ ᠲᠠᠮᠵᠢᠭᠤᠯᠵᠤ᠂ ᠲᠠ  ᠪᠢᠳᠡᠨ ᠤ ᠪᠠᠶᠠᠷ ᠤᠨ ᠢᠨᠢᠶᠡᠳᠦ ᠲᠠᠯᠠᠢ ᠮᠡᠳᠦ ᠬᠠᠯᠭᠢᠯᠠᠬᠤ ᠪᠠᠶᠢᠭᠠᠰᠠᠢ ᠁         2021 ᠤᠨ ᠮᠢᠨᠢ᠂ ᠨᠠᠩ ᠶᠡᠭᠡ ᠭᠡᠷᠡᠯ ᠭᠢᠯᠪᠠᠭ᠎ᠠ ᠲᠠᠢ ᠠᠶᠠᠯᠠᠯ ᠪᠤᠯᠤᠨ᠎ᠠ ᠭᠡᠳᠡᠭ ᠲᠤᠬᠠᠢ ᠢᠳᠡᠭᠡᠯ ᠲᠠᠢ ᠪᠠᠶᠢᠭᠠᠰᠠᠢ︕ ᠲᠠ ᠪᠢᠳᠡᠨ ᠤ ᠤᠷᠤᠭᠰᠢᠯᠠᠬᠤ ᠵᠠᠮ ᠳᠤ ᠨᠡᠩ ᠤᠯᠠᠨ ᠪᠠᠷᠬᠡ ᠪᠠᠷᠳᠠᠭ᠎ᠠ ᠪᠠᠶᠢᠵᠤ ᠮᠡᠳᠡᠨ᠎ᠠ᠃ ᠭᠡᠳᠡᠯ᠎ᠠ ᠲᠡᠷᠡ ᠨᠢ ᠮᠠᠨᠤᠰ ᠢ ᠠᠶᠤᠯᠭᠠᠨ ᠬᠤᠶᠢᠰᠢ ᠤᠬᠤᠷᠢᠭᠤᠯᠵᠤ ᠴᠢᠳᠠᠬᠤ ᠦᠭᠡᠢ ᠶᠤᠮ᠃ ᠤᠴᠢᠷ ᠨᠢ ᠪᠢᠳᠡ ᠬᠠᠮᠤᠭ ᠤᠨ ᠬᠦᠴᠢᠷ ᠪᠡᠷᠭᠡ ᠲᠠᠢ 2020 ᠤᠨ ᠢ ᠮᠡᠨᠳᠤ ᠰᠠᠶᠢᠬᠠᠨ ᠢᠶᠠᠷ ᠲᠤᠭᠤᠯᠵᠤ᠂ ᠠᠯᠢ ᠤᠯᠠᠨ ᠲᠤᠷᠰᠢᠯᠭ᠎ᠠ ᠰᠤᠷᠭᠠᠮᠵᠢ ᠬᠤᠷᠠᠮᠳᠤᠭᠤᠯᠵᠤ᠂ ᠵᠠᠯᠭᠠᠭᠠᠳ ᠪᠢᠳᠡ ᠵᠦᠪᠬᠡᠨ ᠤᠷᠮ᠎ᠠ ᠵᠤᠷᠢᠭ ᠢᠶᠠᠨ ᠬᠦᠪᠴᠢᠯᠡᠨ ᠢᠷᠳᠤ ᠬᠢᠳᠤᠭ᠎ᠠ ᠪᠠᠨ ᠲᠠᠯᠠᠶᠢᠵᠤ ᠲᠡᠳᠡᠭᠡᠷ ᠬᠦᠴᠢᠷ ᠪᠡᠷᠬᠡ᠂ ᠪᠠᠷᠳᠠᠭ᠎ᠠ ᠰᠠᠭᠠᠳ ᠢ ᠪᠤᠳᠠ ᠨᠢᠷᠭᠡᠪᠡᠯ ᠪᠤᠯᠴᠢᠬᠠᠨ᠎ᠠ ᠁ ᠰᠠᠶᠢᠨ ᠰᠠᠶᠢᠬᠠᠨ ᠲᠡᠷᠡ ᠪᠦᠬᠦᠨ ᠳᠡᠭᠡᠨ ᠢᠳᠡᠭᠡᠯ ᠲᠡᠭᠦᠯᠳᠡᠷ ᠪᠠᠶᠢᠵᠤ᠂ ᠵᠢᠷᠭᠠᠯ ᠤᠨ ᠲᠠᠭᠤᠨ ᠢ ᠲᠠᠯᠠᠢ ᠮᠡᠳᠤ ᠴᠠᠯᠭᠢᠭᠤᠯᠵᠤ᠂ ᠪᠠᠶᠠᠷ ᠤᠨ ᠮᠦᠰᠢᠶᠡᠳᠤ ᠶᠢ ᠴᠡᠴᠡᠭ ᠮᠡᠳᠤ ᠰᠤᠯᠤᠩᠭᠠᠷᠠᠭᠤᠯᠪᠠᠯ ᠲᠠᠭᠠᠷᠠᠨ᠎ᠠ ᠁         2021 ᠤᠨ ᠳᠤ᠂ ᠴᠢᠯᠦᠭᠡ ᠵᠠᠪ ᠢᠶᠠᠨ ᠠᠰᠢᠭᠯᠠᠨ ᠭᠡᠷ ᠨᠤᠳᠤᠭ ᠢᠶᠠᠷ ᠢᠶᠠᠨ ᠡᠷᠭᠢᠴᠡᠵᠤ ᠠᠪᠤ ᠡᠵᠢ ᠳᠡᠭᠡᠨ ᠠᠴᠢᠯᠠᠯ ᠵᠢᠷᠤᠮ ᠭᠦᠢᠴᠡᠳᠭᠡᠬᠦ ᠶᠢᠨ ᠬᠠᠮᠳᠤ ᠪᠠᠰᠠ ᠠᠵᠢᠯ ᠤᠨ ᠶᠠᠭᠠᠷᠠᠤ ᠪᠠᠨ ᠵᠠᠶᠢᠴᠢᠯᠠᠨ ᠪᠠᠶᠢᠵᠤ᠂ ᠪᠦᠰᠡᠭᠦᠢ ᠬᠤᠨᠭ᠍ᠭᠤᠷ ᠲᠠᠭᠠᠨ ᠬᠠᠨᠢ ᠪᠠᠷ᠎ᠠ ᠪᠤᠯᠵᠤ᠂ ᠬᠠᠶᠢᠷᠠᠳᠤ ᠦᠷ᠎ᠠ ᠲᠠᠢ ᠪᠠᠨ ᠢᠵᠢᠯᠢᠳᠤᠨ ᠲᠠᠰᠤᠯᠴᠠᠵᠤ᠂ ᠬᠦᠮᠦᠨ ᠪᠤᠯᠵᠤ ᠪᠤᠶᠢᠵᠢᠬᠤ ᠳᠤᠨᠢ ᠤᠶᠤᠨ ᠭᠡᠭᠡ ᠬᠠᠨᠭ᠍ᠭᠠᠵᠤ᠂ ᠤᠯᠤᠰ ᠭᠡᠷ ᠤᠨ ᠲᠤᠯᠭᠠᠭᠤᠷᠢ ᠪᠤᠯᠵᠤ ᠬᠦᠮᠦᠵᠢᠭᠳᠡᠬᠦ ᠳᠤᠨᠢ ᠤᠷᠮ᠎ᠠ ᠵᠤᠷᠢᠭ ᠬᠠᠶᠢᠷᠠᠯᠠᠵᠤ ᠪᠠᠶᠢᠭᠠᠰᠠᠢ ᠁ ᠬᠠᠮᠤᠭ ᠰᠡᠭᠦᠯ ᠳᠤᠨᠢ ᠬᠤᠪᠢ ᠪᠡᠶ᠎ᠠ ᠳᠡᠭᠡᠨ ᠴᠤ ᠰᠠᠶᠢᠬᠠᠨ ᠬᠠᠨᠳᠤᠵᠤ ᠪᠠᠶᠢᠬᠤ ᠶᠢ ᠰᠠᠨᠠᠭᠤᠯᠤᠶ ᠎ᠠ᠃ ᠦᠪᠡᠷ ᠢ ᠪᠠᠨ ᠵᠦᠪ ᠢᠶᠠᠷ ᠲᠠᠨᠢᠵᠤ᠂ ᠵᠦᠪ ᠤᠢᠢᠯᠠᠭᠠᠨ ᠤᠭ ᠰᠠᠨᠠᠭ᠎ᠠ ᠪᠠᠨ ᠦᠯᠦ ᠤᠮᠠᠷᠳᠠᠨ ᠬᠡᠳᠤ ᠬᠤᠯᠠ ᠶᠢ ᠰᠠᠨᠠᠵᠤ ᠰᠠᠷᠪᠠᠶᠢᠬᠤ ᠦᠭᠡᠢ ᠪᠠᠶᠢᠬᠤ ᠶᠢ ᠰᠠᠨᠠᠭᠤᠯᠤᠶ᠎ᠠ᠃ ᠦᠪᠡᠷ ᠤᠨ ᠲᠡᠮᠡᠴᠡᠯ ᠴᠢᠷᠮᠠᠶᠢᠯᠭ᠎ᠠ ᠪᠠᠷ ᠢᠶᠠᠨ ᠪᠤᠳᠤᠯ ᠬᠦᠰᠡᠯ ᠢᠶᠠᠨ ᠪᠡᠶᠡᠯᠡᠭᠦᠯᠵᠦ ᠶᠠᠪᠤᠬᠤ ᠭᠡᠭᠴᠢ ᠪᠤᠯ ᠬᠦᠮᠦᠨ ᠪᠤᠯᠤᠭᠰᠠᠳ ᠤᠨ ᠬᠠᠮᠤᠭ ᠤᠨ ᠶᠡᠭᠡ ᠪᠠᠶᠠᠷ ᠪᠠᠶᠠᠰᠤᠯ ᠪᠠᠶᠢᠳᠠᠭ ᠃ ᠴᠢᠷᠮᠠᠶᠢᠯᠭ᠎ᠠ ᠲᠠ ᠪᠢᠳᠡᠨ ᠢ ᠯᠠᠪ ᠬᠦᠰᠡᠷᠳᠡᠭᠦᠯᠬᠦ ᠦᠭᠡᠢ ᠶᠤᠮ ᠁         2021 ᠤᠨ ᠤ ᠪᠤᠱᠤᠭ᠎ᠠ ᠶᠢ ᠠᠯᠬᠤᠯ᠎ᠠ᠃ ᠬᠦᠮᠦᠨ ᠪᠦᠬᠦᠨ ᠤ ᠰᠢᠨ᠎ᠠ ᠨᠢᠭᠡ ᠤᠨ ᠤ ᠠᠶᠠᠯᠠᠯ ᠨᠢ ᠪᠦᠷ ᠢᠳᠡᠭᠡᠯ ᠢᠶᠠᠷ ᠪᠢᠯᠬᠠᠷᠠᠵᠤ᠂ ᠪᠠᠶᠠᠷ ᠪᠠᠶᠠᠰᠤᠯ ᠢᠶᠠᠷ ᠴᠠᠯᠬᠢᠯᠠᠵᠤ᠂ ᠪᠤᠳᠤᠭᠰᠠᠨ ᠰᠠᠨᠠᠭᠰᠠᠨ ᠲᠡᠷᠡ ᠪᠦᠬᠦᠨ ᠨᠢ ᠪᠡᠶᠡᠯᠡᠭᠳᠡᠬᠦ ᠪᠤᠯᠤᠭᠠᠰᠠᠢ ᠭᠡᠵᠤ ᠬᠦᠰᠡᠨ ᠵᠦᠡᠭᠨᠡᠶ᠎ᠠ︕
ᠢᠷᠡᠯᠲᠡ᠄ ᠣᠷᠳᠣᠰ ᠮᠤᠩᠭᠤᠯ ᠰᠦᠯᠵᠢᠶ᠎ᠡ