ᠭᠡᠷ ᠪᠦᠯᠢ ᠶᠢᠨ ᠬᠥᠮᠦᠵᠢᠯ ᠳᠤ ᠶᠠᠮᠠᠷᠪᠠ ᠬᠡᠯᠪᠡᠷᠢ ᠶᠢᠨ ᠭᠡᠷ ᠪᠦᠯᠢ ᠶᠢᠨ ᠬᠦᠴᠦᠷᠬᠡᠭᠯᠡᠯ ᠶᠠᠪᠤᠭᠤᠯᠵᠤ ᠪᠤᠯᠬᠤ ᠦᠭᠡᠢ
ᠨᠡᠶᠢᠲᠡᠯᠡᠭᠰᠡᠨ ᠴᠠᠭ᠄
2021/1/26
         ᠬᠡᠷ ᠪᠦᠯᠢ ᠶᠢᠨ ᠬᠥᠮᠦᠵᠢᠯ ᠤᠨ ᠬᠠᠤᠯᠢ ᠶᠢᠨ ᠲᠥᠰᠦᠯ ︵ᠳᠣᠷᠣᠭᠰᠢ ︽ᠲᠥᠰᠦᠯ︾  ᠭᠡᠵᠦ  ᠲᠣᠪᠴᠢᠯᠠᠨ᠎ᠠ  ︶ ᠢ 20 ᠤ  ᠡᠳᠦᠷ ᠤᠨ  ᠦᠳᠡ ᠶᠢᠨ  ᠡᠮᠦᠨ᠎ᠡ  ᠠᠷᠪᠠᠨ  ᠭᠤᠷᠪᠠᠳᠤᠭᠠᠷ  ᠬᠤᠭᠤᠴᠠᠭᠠᠨ ᠤ  ᠪᠥᠬᠦ  ᠤᠯᠤᠰ ᠤᠨ   ᠠᠷᠠᠳ ‍ᠤᠨ‌‍ᠲ᠋ᠥ᠋ᠯᠥᠭᠡᠯᠡᠭᠴᠢᠳ ᠤᠨ ᠶᠡᠭᠡ ᠬᠤᠷᠠᠯ ᠤᠨ  ᠪᠠᠶᠢᠩᠭᠤ ᠶᠢᠨ  ᠬᠤᠷᠢᠶᠠᠨ ᠤ  ᠬᠤᠷᠢᠨ  ᠲᠠᠪᠤᠳᠤᠭᠠᠷ  ᠬᠤᠷᠠᠯᠳᠤᠭᠠᠨ ᠳᠤ  ᠠᠩᠬ᠎ᠠ‌ᠤᠳᠠᠭ᠎ᠠ ᠬᠢᠨᠠᠨ ᠶᠠᠷᠢᠯᠴᠠᠭᠤᠯᠬᠤ ᠪᠠᠷ ᠲᠡᠪᠰᠢᠬᠦᠯᠪᠡ᠃               ᠲᠥᠰᠦᠯ ᠳᠤ  ᠂  ᠨᠠᠰᠤᠨ ᠳᠤ  ᠥᠯᠥ  ᠭᠦᠷᠦᠭᠰᠡᠳ ᠤᠨ  ᠡᠴᠢᠭᠡ  ᠡᠬᠡ ᠨᠢ  ᠪᠤᠶᠤ   ᠪᠤᠰᠤᠳ   ᠬᠠᠷᠠᠭᠠᠯᠵᠠᠨ‌ᠬᠠᠮᠠᠭᠠᠯᠠᠭᠴᠢ ᠨᠢ ᠬᠡᠷ ᠪᠦᠯᠢ ᠶᠢᠨ ᠬᠥᠮᠦᠵᠢᠯ ᠬᠢᠬᠦ ᠶᠠᠪᠤᠴᠠ ᠳᠤ ᠨᠠᠰᠤᠨ ᠳᠤ ᠥᠯᠥ ᠭᠦᠷᠦᠭᠰᠡᠳ ᠢ ᠬᠦᠢᠰᠦ ᠶᠢᠨ  ᠢᠯᠭᠠᠯ  ᠂ᠪᠡᠶ᠎ᠡ ᠮᠠᠬᠠᠪᠣᠳ ᠤᠨ ᠪᠠᠶᠢᠳᠠᠯ ᠵᠡᠷᠭᠡ ᠲᠠᠯ᠎ᠠ ᠪᠠᠷ ᠭᠠᠳᠠᠭᠤᠷᠴᠢᠯᠠᠵᠤ ᠪᠣᠯᠬᠤ ᠥᠬᠡᠶ᠂ ᠶᠠᠮᠠᠷᠪᠠ ᠬᠡᠯᠪᠡᠷᠢ ᠶᠢᠨ  ᠬᠡᠷ  ᠪᠦᠯᠢ ᠵᠢᠨ‌‍ᠬᠦ᠋ᠴᠦᠷᠬᠡᠭᠯᠡᠯ ᠶᠠᠪᠤᠭᠤᠯᠵᠤ ᠪᠣᠯᠬᠤ ᠥᠬᠡᠶ᠂ ᠨᠠᠰᠤᠨ ᠳᠤ ᠥᠯᠥ ᠭᠦᠷᠦᠭᠰᠡᠳ ᠢ ᠠᠶᠤᠯᠭᠠᠨ  ᠰᠦᠷᠳᠡᠭᠦᠯᠵᠦ  ᠂  ᠥᠳᠥᠭᠡᠨ‌‍ᠲ᠋ᠠᠲᠠᠵᠤ᠂ ᠵᠢᠭᠠᠨ ᠳᠣᠬᠢᠵᠤ᠂ ᠳᠤᠷ᠎ᠠ ᠪᠠᠷ ᠨᠢ ᠲᠠᠯᠪᠢᠵᠤ᠂ ᠲᠡᠳᠡᠨ ᠢ ᠠᠰᠢᠭᠯᠠᠨ ᠬᠠᠤᠯᠢ ᠴᠠᠭᠠᠵᠠ ᠬᠠᠤᠯᠢ  ᠲᠣᠭᠲᠠᠭᠠᠯ  ᠪᠠ‌ᠨᠡᠶᠢᠭᠡᠮ ᠨᠡᠶᠢᠲᠡ ᠶᠢᠨ ᠶᠣᠰᠣ ᠮᠣᠷᠠᠯ ᠠᠴᠠ ᠵᠥᠷᠢᠴᠡᠬᠦ ᠠᠵᠢᠯᠯᠠᠭ᠎ᠠ ᠬᠢᠵᠦ ᠪᠣᠯᠬᠤ ᠥᠬᠡᠶ ᠬᠡᠵᠦ ᠲᠤᠬᠳᠠᠭᠠᠪᠠ᠃           ᠪᠥᠬᠦ  ᠤᠯᠤᠰ ᠤᠨ  ᠠᠷᠠᠳ ᠤᠨ  ᠲᠥᠯᠥᠭᠡᠯᠡᠭᠴᠢᠳ ᠤᠨ  ᠶᠡᠭᠡ  ᠬᠤᠷᠠᠯ ᠤᠨ  ᠨᠡᠶᠢᠭᠡᠮ ᠤᠨ  ᠪᠠᠶᠢᠭᠤᠯᠤᠯᠲᠠ ᠵᠢᠨ‌ᠵᠥ᠋ᠪᠯᠡᠯ ᠤᠨ ᠡᠷᠬᠢᠯᠡᠭᠴᠢ ᠭᠡᠰᠢᠭᠦᠨ ᠾᠧ ᠢ ᠲᠢᠩ ᠲᠥᠰᠦᠯ ᠤᠨ ᠲᠣᠳᠣᠷᠬᠠᠶᠢᠯᠠᠯᠲᠠ  ᠬᠢᠬᠦ ᠳᠡᠭᠡᠨ  ᠄  ᠮᠠᠨ ᠤ  ᠤᠯᠤᠰ ‍ᠤᠨ‌ᠨᠡᠶᠢᠭᠡᠮ ᠤᠨ ᠬᠡᠯᠪᠡᠷᠢ ᠪᠠᠨ ᠬᠤᠪᠢᠷᠠᠭᠤᠯᠬᠤ ᠬᠤᠷᠳᠤᠴᠠ ᠲᠦᠷᠭᠡᠳᠴᠦ  ᠂  ᠤᠯᠠᠮᠵᠢᠯᠠᠯᠲᠤ  ᠬᠡᠷ  ᠪᠦᠯᠢ ᠶᠢᠨ  ᠪᠦᠲᠦᠴᠡ  ᠪᠠ‌‍ᠴᠢᠳᠠᠮᠵᠢ ᠳᠤ ᠭᠦᠨᠵᠡᠭᠡᠶ ᠬᠤᠪᠢᠷᠠᠯᠲᠠ ᠭᠠᠷᠬᠤ ᠶᠢ  ᠳᠠᠭᠠᠯᠳᠤᠨ  ᠂  ᠬᠡᠷ  ᠪᠦᠯᠢ ᠶᠢᠨ  ᠬᠥᠮᠦᠵᠢᠯ ᠳᠤ  ᠣᠷᠣᠰᠢᠵᠤ  ᠪᠠᠶᠢᠭ᠎ᠠ‌ᠠᠰᠠᠭᠤᠳᠠᠯ ᠡᠳᠦᠷ ᠢᠷᠡᠬᠦᠶ᠎ᠡ ᠲᠣᠪᠤᠶᠢᠮ᠎ᠠ ᠪᠣᠯᠵᠣ ᠪᠠᠶᠢᠨ᠎ᠠ᠄  ᠬᠢᠨᠠᠨ  ᠬᠠᠮᠢᠶᠠᠷᠤᠯᠳᠠ  ᠳᠤᠲᠠᠭᠳᠠᠬᠰᠠᠨ  ᠂  ᠬᠡᠷ  ᠪᠦᠯᠢ ᠵᠢᠨ‌‍ᠬᠥ᠋ᠮᠦᠵᠢᠯ ᠳᠤᠲᠠᠭᠳᠠᠬᠰᠠᠨ ᠠᠴᠠ ᠪᠣᠯᠵᠣ ᠬᠡᠰᠡᠭ  ᠬᠥᠳᠡᠭᠡ  ᠲᠣᠰᠬᠤᠨ ᠤ  ᠬᠡᠷ ᠲᠡᠭᠡᠨ  ᠬᠤᠴᠣᠷᠤᠭᠰᠠᠨ  ᠨᠠᠰᠤᠨ ᠳᠤ  ᠥᠯᠥ‌‍ᠭᠦ᠋ᠷᠦᠭᠰᠡᠳ ᠲᠤ ᠬᠤᠬᠢᠷᠠᠯ ᠤᠴᠠᠷᠠᠭᠤᠯᠬᠤ ᠬᠡᠲᠦᠷᠡᠮᠡᠬᠡᠶ ᠬᠡᠷᠡᠭ ᠪᠠᠶᠢᠨ ᠳᠠᠬᠢᠨ ᠭᠠᠷᠴᠤ ᠪᠠᠶᠢᠨ᠎ᠠ︔  ᠴᠥᠭᠡᠨ  ᠪᠤᠰᠤ  ᠡᠴᠢᠭᠡ‌ᠡᠬᠡ ᠴᠢᠳᠠᠪᠤᠷᠢᠲᠠᠨ ᠪᠣᠯᠬᠤ ᠵᠥᠪ ᠦᠵᠡᠯᠲᠡ ᠪᠠᠷ ᠳᠤᠲᠠᠮᠠᠭ ᠠᠴᠠ ᠪᠤᠯᠵᠤ᠂ ︽ᠣᠶᠤᠨ ᠤᠬᠠᠭᠠᠨ ᠢ ᠴᠢᠬᠤᠯᠠᠴᠢᠯᠠᠨ  ᠶᠣᠰᠣ‌ᠮᠣᠷᠠᠯ ᠢ ᠬᠥᠩᠭᠡᠪᠴᠢᠯᠡᠬᠦ︾᠂ ︽ᠪᠡᠶ᠎ᠡ ᠮᠠᠬᠠᠪᠣᠳ ᠤᠨ ᠡᠷᠡᠭᠦᠯ  ᠮᠡᠨᠳᠦ ᠶᠢ  ᠴᠢᠬᠤᠯᠠᠴᠢᠯᠠᠨ  ᠂  ᠰᠡᠳᠬᠢᠴᠡ ᠶᠢᠨ  ᠡᠷᠡᠭᠦᠯ‌ᠮᠡᠨᠳᠦ ᠶᠢ ᠬᠥᠩᠭᠡᠪᠴᠢᠯᠡᠬᠦ︾ ᠬᠡᠯᠪᠡᠷᠢᠯ ᠥᠷᠭᠡᠨ ᠢᠶᠠᠷ ᠣᠷᠣᠰᠢᠵᠤ ᠪᠠᠶᠢᠨ᠎ᠠ︔ ᠤᠯᠠᠩᠬᠢ ᠠᠪᠤ ᠡᠵᠢ ᠨᠢ  ᠶᠠᠮᠠᠷ  ᠠᠷᠭ᠎ᠠ ᠪᠠᠷ‌‍ᠬᠡᠤᠬᠡᠳ ᠢᠶᠠᠨ ᠰᠤᠷᠭᠠᠬᠤ ᠶᠢ ᠮᠡᠳᠡᠬᠦ ᠦᠭᠡᠢ᠂ ᠵᠠᠷᠢᠮ ᠨᠢ ᠵᠣᠳᠣᠵᠤ ᠲᠠᠮᠤᠯᠠᠬᠤ ᠶᠢ ᠭᠡᠷ  ᠪᠦᠯᠢ ᠶᠢᠨ  ᠬᠥᠮᠦᠵᠢᠯ ᠤᠨ  ᠠᠷᠭ᠎ᠠ‌‍ᠪᠣᠯᠭᠠᠵᠦ ᠪᠠᠶᠢᠨ᠎ᠠ᠃ ᠡᠳᠡᠭᠡᠷ ᠠᠰᠠᠭᠤᠳᠠᠯ ᠨᠢ ᠮᠠᠰᠢ ᠤᠯᠠᠨ ᠨᠠᠰᠤᠨ ᠳᠤ  ᠦᠯᠦ  ᠬᠦᠷᠦᠭᠰᠡᠳ ᠤᠨ  ᠡᠷᠡᠭᠦᠯ ᠢᠶᠠᠷ  ᠦᠰᠦᠨ‌‍ᠪᠤᠶᠢᠵᠢᠬᠤ ᠶᠢ ᠨᠥᠯᠥᠭᠡᠯᠡᠵᠦ᠂ ᠵᠠᠷᠢᠮ ᠨᠠᠰᠤᠨ ᠳᠤ ᠦᠯᠦ  ᠬᠦᠷᠦᠭᠰᠡᠳ ᠤᠨ  ᠬᠠᠤᠯᠢ  ᠶᠣᠰᠣᠨ ᠤ  ᠡᠷᠬᠡ  ᠠᠰᠢᠭ  ᠬᠦᠨᠳᠦ‌ᠨᠣᠴᠢᠲᠠᠢ ᠬᠠᠯᠳᠠᠯᠭ᠎ᠠ ᠳᠤ ᠤᠴᠠᠷᠠᠬᠰᠠᠨ ᠢᠶᠠᠷ ᠨᠡᠶᠢᠭᠡᠮ ᠨᠡᠢᠳᠡ ᠶᠢᠨ ᠠᠩᠬᠠᠷᠤᠯ ᠢ ᠶᠡᠬᠡᠳᠡ ᠲᠡᠳᠡᠵᠡᠢ᠃ ᠠᠷᠪᠠᠨ  ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ  ᠬᠤᠷᠠᠯ ᠤᠨ  ᠬᠤᠶᠠᠳᠤᠭᠠᠷ  ᠂  ᠭᠤᠷᠪᠠᠳᠤᠭᠠᠷ‌ᠬᠤᠷᠠᠯᠳᠤᠭᠠᠨ ᠳᠡᠭᠡᠷ᠎ᠡ᠂ ᠤᠷᠢᠳ ᠬᠤᠵᠢᠳ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ 368ᠲᠥᠯᠥᠭᠡᠯᠡᠭᠴᠢ ᠬᠤᠯᠪᠣᠭᠳᠠᠯ ᠪᠦᠬᠦᠢ  12  ᠰᠠᠨᠠᠯ  ᠵᠥᠪᠯᠡᠯᠭᠡ  ᠳᠤᠷᠠᠳᠴᠤ  ᠂  ᠭᠡᠷ  ᠪᠦᠯᠢ ᠶᠢᠨ  ᠬᠥᠮᠦᠵᠢᠯ ᠤᠨ  ᠬᠠᠤᠯᠢ‌‍ᠲ᠋ᠣᠭᠲᠠᠭᠠᠬᠤ ᠠᠵᠢᠯ ᠢ ᠡᠬᠢᠯᠡᠭᠦᠯᠵᠦ᠂ ᠭᠡᠷ ᠪᠦᠯᠢ ᠶᠢᠨ ᠬᠥᠮᠦᠵᠢᠯ ᠤᠨ ᠠᠵᠢᠯ ᠢ ᠠᠬᠢᠭᠤᠯᠬᠤ ᠬᠡᠷᠡᠭᠲᠡᠢ  ᠭᠡᠵᠦ  ᠱᠠᠭᠠᠷᠳᠠᠬᠰᠠᠨ‌‍ᠪᠠᠶᠢᠨ᠎ᠠ ᠭᠡᠵᠦ ᠬᠡᠯᠡᠪᠡ᠃                 ᠾᠧ ᠢ ᠲᠢᠩ ᠬᠡᠯᠡᠬᠦ ᠳᠡᠭᠡᠨ᠄ ᠣᠳᠣᠬᠠᠨ ᠳᠤ ᠬᠡᠷ ᠪᠦᠯᠢ ᠶᠢᠨ ᠬᠥᠮᠦᠵᠢᠯ ᠤᠨ ᠬᠦᠷᠢᠶᠡᠨ ᠳᠤ ᠣᠯᠠᠨ  ᠠᠰᠠᠭᠤᠳᠠᠯ‌ᠣᠷᠣᠰᠢᠵᠤ ᠪᠠᠶᠢᠨ᠎ᠠ  ᠂  ᠨᠡᠯᠢᠶᠡᠳ  ᠲᠣᠪᠤᠶᠢᠮ᠎ᠠ  ᠠᠰᠠᠭᠤᠳᠠᠯ  ᠭᠡᠪᠡᠯ  ᠄  ᠡᠴᠢᠭᠡ  ᠡᠬᠡ  ᠪᠤᠶᠤ  ᠪᠤᠰᠤᠳ  ᠬᠠᠷᠠᠭᠠᠯᠵᠠᠨ‌ᠬᠠᠮᠠᠭᠠᠯᠠᠭᠴᠢ ᠶᠢᠨ ᠬᠡᠷ ᠪᠦᠯᠢ ᠶᠢᠨ ᠬᠥᠮᠦᠵᠢᠯ ᠤᠨ ᠪᠡᠶᠡᠴᠢ ᠴᠣᠭᠴᠠ ᠶᠢᠨ ᠬᠠᠷᠢᠭᠤᠴᠠᠯᠭ᠎ᠠ ᠶᠢᠨ ᠤᠬᠠᠮᠰᠠᠷ ᠴᠢᠩᠭ᠎ᠠ ᠦᠭᠡᠢ  ᠂ᠨᠠᠰᠤᠨ ᠳᠤ ᠥᠯᠥ ᠭᠦᠷᠦᠭᠰᠡᠳ ᠢ ᠲᠦᠷᠦᠭᠦ ᠠᠴᠠ ᠪᠢᠰᠢ ᠥᠰᠬᠡᠬᠦ ᠥᠬᠡᠶ᠂ ᠦᠰᠭᠡᠬᠦ ᠠᠴᠠ ᠪᠢᠰᠢ  ᠰᠤᠷᠭᠠᠬᠤ  ᠥᠬᠡᠶ  ᠂ᠰᠤᠷᠭᠠᠬᠤ ᠳᠠᠭᠠᠨ ᠵᠣᠬᠢᠰ ᠥᠬᠡᠶ ᠠᠷᠭ᠎ᠠ ᠪᠠᠷᠢᠯ ᠠᠪᠴᠤ ᠪᠠᠶᠢᠬᠤ ᠦᠵᠡᠭᠳᠡᠯ ᠠᠳᠠᠯᠢ ᠪᠤᠰᠤ ᠬᠡᠮᠵᠢᠶ᠎ᠡ ᠪᠠᠷ ᠣᠷᠣᠰᠢᠵᠤ ᠪᠠᠶᠢᠨ᠎ᠠ︔ ᠭᠡᠷ ᠪᠦᠯᠢ ᠶᠢᠨ ᠬᠥᠮᠦᠵᠢᠯ ᠤᠨ ᠠᠵᠢᠯ ᠤᠨ ᠪᠠᠶᠢᠭᠤᠯᠤᠯ  ᠲᠣᠭᠲᠠᠴᠠ  ᠲᠡᠭᠦᠯᠳᠡᠷᠵᠢᠭᠡᠳᠦᠶ  ᠂  ᠭᠤᠣᠯ  ᠬᠠᠷᠢᠭᠤᠴᠠᠯᠭᠠᠲᠤ ᠪᠠᠶᠢᠭᠤᠯᠤᠮᠵᠢ ᠲᠣᠳᠣᠷᠬᠠᠶ ᠦᠭᠡᠶ᠂ ᠰᠠᠯᠠᠭ᠎ᠠ ᠮᠥᠴᠢᠷ ᠤᠨ ᠬᠠᠷᠢᠭᠤᠴᠠᠯᠭ᠎ᠠ ᠲᠣᠳᠣᠷᠬᠠᠶ ᠦᠭᠡᠶ  ᠂  ᠡᠯ᠎ᠡ  ᠲᠠᠯ᠎ᠠ ᠶᠢᠨ ᠬᠢᠨ‌ᠨᠡᠶᠢᠯᠡᠮᠡᠯ ᠬᠦᠴᠦᠨ ᠪᠤᠯᠵᠤ ᠪᠦᠷᠢᠯᠳᠦᠵᠦ ᠴᠢᠳᠠᠭᠠᠳᠤᠢ ᠪᠠᠶᠢᠬᠤ ᠠᠴᠠ ᠪᠣᠯᠵᠤ᠂ ᠭᠡᠷ  ᠪᠦᠯᠢ ᠶᠢᠨ  ᠬᠥᠮᠦᠵᠢᠯ ᠤᠨ ᠠᠵᠢᠯ ‍ᠤᠨ‌‍ᠪᠣᠳᠠᠲᠤ  ᠦᠷ᠎ᠡ  ᠪᠦᠲᠦᠮᠵᠢ ᠶᠢ  ᠨᠥᠯᠥᠭᠡᠯᠡᠭᠰᠡᠨ  ᠪᠠᠶᠢᠨ᠎ᠠ  ︔  ᠭᠡᠷ  ᠪᠦᠯᠢ ᠶᠢᠨ ᠬᠥᠮᠦᠵᠢᠯ ᠤᠨ ᠦᠢᠯᠡᠴᠢᠯᠡᠭᠡᠨ ‍ᠤ‌‍ᠪᠠᠶᠢᠭᠤᠯᠤᠮᠵᠢ ᠶᠢᠨ ᠪᠤᠶᠢᠵᠢᠯᠲᠠ ᠲᠡᠭᠦᠯᠳᠡᠷ ᠪᠤᠰᠤ᠂ ᠬᠥᠭᠵᠢᠯᠲᠡ ᠵᠢᠷᠤᠮᠵᠢᠯ  ᠦᠭᠡᠶ  ᠪᠠᠶᠢᠵᠤ  ᠂  ᠦᠢᠯᠡᠴᠢᠯᠡᠭᠡᠨ ᠤ  ᠬᠢᠷᠢ ᠲᠦᠪᠰᠢᠨ ᠢ ᠳᠡᠭᠡᠭᠰᠢᠯᠡᠭᠦᠯᠬᠦ ᠴᠢᠬᠤᠯᠠ ᠲᠠᠢ ᠪᠠᠶᠢᠨ᠎ᠠ︔ ᠭᠡᠷ  ᠪᠦᠯᠢ ᠶᠢᠨ  ᠬᠥᠮᠦᠵᠢᠯ ᠳᠤ  ᠨᠢᠭᠡᠨᠲᠡ  ᠢᠯᠡᠷᠬᠡᠶ  ᠠᠰᠠᠭᠤᠳᠠᠯ ᠭᠠᠷᠤᠭᠰᠠᠨ ᠪᠠᠶᠢᠳᠠᠯ᠎ᠠ ᠬᠤᠯᠪᠣᠭᠳᠠᠯ ᠪᠦᠬᠦᠢ ᠲᠠᠯ᠎ᠠ ᠶᠢᠨ ᠬᠢᠨ ᠲᠣᠳᠣᠷᠬᠠᠶ᠂  ᠪᠦᠲᠦᠮᠵᠢᠲᠡᠶ  ᠭᠠᠷ  ᠲᠦᠷᠦᠭᠦ  ᠠᠷᠭ᠎ᠠ  ᠪᠠᠷᠢᠯ‌ᠠᠪᠬᠤ ᠪᠠᠷ ᠳᠤᠲᠠᠮᠠᠭ ᠪᠠᠶᠢᠨ᠎ᠠ᠃ ᠲᠥᠰᠦᠯ ᠳᠤ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ ᠲᠤᠪᠤᠶᠢᠯᠭᠠᠵᠤ᠂ ᠬᠤᠯᠪᠣᠭᠳᠠᠯ‌‍ᠪᠦ᠋ᠬᠦᠢ ᠲᠦᠷᠢᠮ ᠪᠠ ᠠᠷᠭ᠎ᠠ ᠬᠡᠮᠵᠢᠶ᠎ᠡ ᠶᠢ ᠬᠦᠴᠦᠯᠡᠨ ᠲᠣᠭᠲᠠᠭᠠᠨ ᠲᠡᠭᠦᠯᠳᠡᠷᠵᠢᠭᠦᠯᠵᠦ᠂ ᠡᠳᠡᠭᠡᠷ ᠠᠰᠠᠭᠤᠳᠠᠯ ᠳᠤ  ᠢᠳᠡᠪᠬᠢᠲᠡᠢ‌ᠬᠠᠷᠢᠭᠤᠯᠲᠠ ᠥᠭᠪᠡ ᠬᠡᠵᠡᠢ᠃                 ᠲᠥᠰᠦᠯ ᠳᠤ᠂ ᠬᠡᠷ ᠪᠦᠯᠢ ᠶᠢᠨ ᠬᠥᠮᠦᠵᠢᠯ ᠤᠨ ᠠᠵᠢᠯ ᠤᠨ ᠦᠨᠳᠦᠰᠦᠨ ᠵᠠᠷᠴᠢᠮ᠂  ᠵᠠᠰᠠᠭ ᠤᠨ  ᠣᠷᠳᠣᠨ ᠡᠴᠠ‌‍ᠬᠡᠷ ᠪᠦᠯᠢ ᠶᠢᠨ ᠬᠥᠮᠦᠵᠢᠯ ᠤᠨ ᠠᠵᠢᠯ ᠢ ᠤᠳᠤᠷᠢᠳᠬᠤ ᠪᠠᠶᠢᠭᠤᠯᠤᠯ᠂ ᠠᠵᠢᠯ ᠤᠨ ᠲᠣᠭᠲᠠᠴᠠ  ᠪᠠ  ᠪᠠᠲᠤᠯᠠᠭ᠎ᠠ ᠶᠢᠨ  ᠠᠷᠭ᠎ᠠ‌‍ᠬᠡᠮᠵᠢᠶ᠎ᠡ ᠶᠢ ᠲᠣᠭᠲᠠᠭᠠᠪᠠ︔ ᠡᠴᠢᠭᠡ ᠡᠬᠡ ᠨᠢ ᠪᠤᠶᠤ ᠪᠤᠰᠤᠳ ᠬᠠᠷᠠᠭᠠᠯᠵᠠᠨ ᠬᠠᠮᠠᠭᠠᠯᠠᠭᠴᠢ ᠶᠢᠨ ᠬᠡᠷ  ᠪᠦᠯᠢ ᠶᠢᠨ  ᠬᠥᠮᠦᠵᠢᠯ‌‍ᠬᠢᠬᠦ ᠬᠠᠤᠯᠢ ᠳᠤ ᠲᠣᠭᠲᠠᠭᠠᠭᠰᠠᠨ ᠬᠠᠷᠢᠭᠤᠴᠠᠯᠭ᠎ᠠ ᠵᠢᠴᠢ ᠵᠠᠰᠠᠭ ᠤᠨ ᠣᠷᠳᠣᠨ᠂ ᠲᠣᠰᠬᠤᠨ ︵ᠰᠠᠭᠤᠭᠠᠯᠢ  ︶ ᠤ  ᠠᠷᠠᠳ ‍ᠤᠨ‌ᠵᠥ᠋ᠪᠯᠡᠯ᠂ ᠰᠤᠷᠭᠠᠭᠤᠯᠢ ᠵᠡᠷᠭᠡ ᠭᠤᠤᠯ ᠴᠣᠭᠴᠠ ᠶᠢᠨ ᠬᠡᠷ ᠪᠦᠯᠢ ᠶᠢᠨ ᠬᠥᠮᠦᠵᠢᠯ ᠢ ᠠᠬᠢᠭᠤᠯᠬᠤ ᠲᠠᠯ᠎ᠠ ᠶᠢᠨ ᠬᠠᠷᠢᠭᠤᠴᠠᠯᠭ᠎ᠠ ᠪᠠ‌ᠡᠭᠦᠷᠭᠡ ᠶᠢ ᠲᠣᠳᠣᠷᠬᠠᠢ ᠲᠤᠬᠳᠠᠭᠠᠪᠠ᠃                 ᠲᠥᠰᠦᠯ ᠳᠤ᠂ ᠨᠠᠰᠤᠨ ᠳᠤ ᠥᠯᠥ ᠭᠦᠷᠦᠭᠰᠡᠳ ᠤᠨ ᠡᠴᠢᠭᠡ ᠡᠬᠡ ᠪᠤᠶᠤ ᠪᠤᠰᠤᠳ ᠬᠠᠷᠠᠭᠠᠯᠵᠠᠨ ᠬᠠᠮᠠᠭᠠᠯᠠᠭᠴᠢ ᠨᠢ‌‍ᠬᠡᠷ ᠪᠦᠯᠢ ᠶᠢᠨ ᠬᠥᠮᠦᠵᠢᠯ ᠤᠨ ᠬᠠᠷᠢᠭᠤᠴᠠᠯᠭ᠎ᠠ ᠪᠠᠨ ᠬᠦᠢᠴᠡᠳᠭᠡᠬᠦ ᠶᠢ ᠲᠡᠪᠴᠢᠬᠦ ᠪᠤᠶᠤ ᠰᠠᠶᠢᠨ ᠬᠦᠢᠴᠡᠳᠭᠡᠬᠦ ᠦᠭᠡᠢ  ᠂  ᠬᠡᠷ‌‍ᠪᠦ᠋ᠯᠢ ᠶᠢᠨ ᠬᠥᠮᠦᠵᠢᠯ ᠬᠢᠭᠰᠡᠨ ᠨᠢ ᠵᠣᠬᠢᠰ ᠥᠬᠡᠶ ᠠᠴᠠ ᠪᠣᠯᠵᠣ ᠨᠠᠰᠤᠨ ᠳᠤ ᠥᠯᠥ ᠭᠦᠷᠦᠭᠰᠡᠳ ᠤᠨ ᠦᠢᠯᠡ ᠠᠵᠢᠯᠯᠠᠭ᠎ᠠ ᠳ᠋ᠤ᠋‌ᠵᠥ᠋ᠷᠢᠶ᠎ᠡ ᠭᠠᠷᠬᠤ ᠪᠤᠶᠤ ᠬᠠᠤᠯᠢ ᠶᠣᠰᠣᠨ ᠤ ᠡᠷᠬᠡ ᠠᠰᠢᠭ ᠨᠢ  ᠬᠤᠬᠢᠷᠠᠯ ᠳᠤ  ᠤᠴᠠᠷᠠᠬᠤ ᠳᠤ  ᠬᠦᠷᠪᠡᠯ  ᠂  ᠬᠡᠷ  ᠪᠦᠯᠢ ᠵᠢᠨ‌‍ᠬᠥ᠋ᠮᠦᠵᠢᠯ ᠳᠤ ᠨᠢᠭᠡᠨᠲᠡ ᠬᠦᠨᠳᠦ ᠨᠣᠴᠢᠲᠠᠶ ᠠᠰᠠᠭᠤᠳᠠᠯ ᠭᠠᠷᠤᠭᠰᠠᠨ ᠢ ᠬᠠᠷᠠᠭᠤᠯᠵᠤ ᠪᠠᠶᠢᠭ᠎ᠠ ᠪᠣᠯᠬᠤᠷ ᠴᠢᠬᠤᠯᠠ  ᠪᠥᠬᠦᠶ  ᠭᠠᠷ‌‍ᠲ᠋ᠦ᠋ᠷᠦᠭᠦ ᠠᠵᠢᠯᠯᠠᠭ᠎ᠠ ᠠᠪᠬᠤ ᠬᠡᠷᠡᠭᠲᠡᠶ ᠬᠡᠵᠦ ᠲᠤᠳᠤᠷᠬᠠᠢ ᠲᠤᠬᠳᠠᠭᠠᠵᠠᠢ᠃                 ᠲᠥᠰᠦᠯ ᠤᠨ ᠳᠥᠷᠪᠡᠳᠦᠭᠡᠷ ᠪᠦᠯᠦᠭ ᠤᠨ ︽ᠭᠡᠷ ᠪᠦᠯᠢ ᠶᠢᠨ ᠬᠥᠮᠦᠵᠢᠯ ᠳᠤ ᠭᠠᠷ ᠲᠦᠷᠦᠭᠦ︾  ᠭᠡᠬᠦ  ᠬᠡᠰᠡᠭ ᠲᠤ᠋‌‍ᠰᠤᠷᠭᠠᠭᠤᠯᠢ᠂ ᠭᠠᠴᠠᠭ᠎ᠠ ᠲᠤᠰᠬᠤᠨ ︵ᠰᠠᠭᠤᠭᠠᠯᠢ  ︶ ᠤ  ᠠᠷᠠᠳ ᠤᠨ  ᠵᠥᠪᠯᠡᠯ  ᠂  ᠡᠴᠢᠭᠡ  ᠡᠭᠡ   ᠨᠢ  ᠪᠤᠶᠤ  ᠪᠤᠰᠤᠳ‌ᠬᠠᠷᠠᠭᠠᠯᠵᠠᠨ ᠬᠠᠮᠠᠭᠠᠯᠠᠭᠴᠢ ᠶᠢᠨ ᠪᠠᠶᠢᠭ᠎ᠠ ᠨᠢᠭᠡᠴᠡ ᠳᠤ ᠰᠢᠭᠦᠮᠵᠢᠯᠡᠨ ᠰᠤᠷᠭᠠᠬᠤ ᠪᠠ ᠰᠢᠪᠠᠳᠠᠨ ᠱᠠᠭᠠᠷᠳᠠᠬᠤ ᠡᠷᠬᠡ ᠣᠯᠭᠤᠵᠤ᠂ᠳᠣᠲᠣᠭᠠᠳᠤ ᠶᠢ ᠬᠠᠮᠠᠭᠠᠯᠠᠬᠤ ᠪᠠᠶᠢᠭᠤᠯᠤᠯᠭ᠎ᠠ᠂ ᠠᠷᠠᠳ ᠤᠨ ᠪᠠᠶᠢᠴᠠᠭᠠᠬᠤ ᠬᠤᠷᠢᠶ᠎ᠡ᠂ ᠠᠷᠠᠳ ᠤᠨ ᠰᠢᠭᠦᠬᠦ ᠬᠤᠷᠢᠶ᠎ᠡ ᠠᠴᠠ ᠭᠡᠷ‌‍ᠪᠦ᠋ᠯᠢ ᠶᠢᠨ ᠬᠥᠮᠦᠵᠢᠯ ᠳᠤ ᠭᠠᠷ ᠲᠦᠷᠦᠭᠦ ᠪᠠᠶᠢᠳᠠᠯ ᠪᠠ ᠭᠤᠣᠯ ᠠᠷᠭ᠎ᠠ ᠭᠡᠮᠵᠢᠶ᠎ᠡ ᠶᠢ ᠲᠣᠳᠣᠷᠬᠠᠢ ᠲᠤᠬᠳᠠᠭᠠᠬᠰᠠᠨ ᠤ ᠬᠠᠮᠲᠤ ᠭᠡᠷ‌‍ᠪᠦ᠋ᠯᠢ ᠶᠢᠨ ᠬᠥᠮᠦᠵᠢᠯ ᠢ ᠠᠯᠪᠠᠳᠠᠨ ᠵᠢᠯᠣᠭᠤᠳᠬᠤ ᠲᠤᠬᠠᠢ ᠪᠣᠳᠠᠲᠠᠢ ᠲᠣᠭᠲᠠᠭᠠᠯ ᠭᠠᠷᠭᠠᠵᠠᠢ᠃
ᠢᠷᠡᠯᠲᠡ᠄ ᠠᠷᠠᠳ ᠤᠨ ᠰᠦᠯᠵᠢᠶ᠎ᠡ