ᠰᠢᠨ᠎ᠡ ᠤᠨ ᠢᠶᠠᠨ ᠤᠭᠳᠤᠨᠠᠮ | ● ᠳᠤᠭᠴᠢ ᠯᠤᠪᠰᠠᠩ | ᠴᠠᠭᠠᠨ ᠬᠤᠯᠤᠭᠠᠨ᠎ᠠ ᠵᠢᠯ ᠢᠶᠠᠨ ᠮᠤᠷᠳᠠᠭᠤᠯᠤᠭᠠᠳ | ᠴᠠᠭᠠᠭᠴᠢᠨ ᠦᠬᠡᠷ ᠵᠢᠯ ᠢᠶᠠᠨ ᠤᠭᠳᠤᠨᠠᠮ | ᠰᠢᠨ᠎ᠠ ᠤᠨ ᠤ ᠮᠡᠨᠳᠦᠴᠢᠯᠡᠯ ᠳᠡᠪᠰᠢᠬᠦᠯᠤᠨ | ᠰᠢᠨᠵᠢ ᠪᠡᠯᠬᠡ ᠲᠠᠢ ᠢᠷᠦᠬᠡᠯ ᠬᠠᠶᠢᠷᠠᠯᠠᠨᠠᠮ | ᠤᠯᠤᠰ ᠳᠠᠶᠠᠭᠠᠷ ᠨᠠᠷᠬᠢᠯᠳᠤᠨ ᠬᠦᠭᠵᠢᠯᠳᠦᠬᠡᠳ | ᠦᠨᠳᠦᠰᠦᠳᠡᠨ ᠪᠦᠬᠦᠨ ᠰᠡᠳᠬᠢᠯ ᠢᠶᠠᠨ ᠬᠤᠯᠪᠤᠯᠴᠠᠨᠠᠮ | ᠠᠮᠢᠳᠤᠷᠠᠯ ᠵᠢᠷᠭᠠᠯ ᠢᠶᠠᠨ ᠪᠠᠭ᠋ᠠᠳᠤᠨ ᠳᠠᠭᠤᠯᠠᠯᠴᠠᠭᠠᠳ | ᠠᠤᠭ᠎ᠠ ᠠᠮᠵᠢᠯᠳᠠ ᠪᠠᠨ ᠵᠦᠩᠨᠡᠨ ᠪᠡᠯᠬᠡᠯᠡᠨᠡᠮ | ᠠᠶᠠᠯᠭᠤ ᠳᠠᠭᠤᠤ ᠲᠠᠢ ᠠᠷᠢᠬᠢ ᠪᠠᠨ ᠬᠡᠮᠨᠡᠬᠡᠳ | ᠠᠷᠠᠳ ᠤᠯᠠᠨ ᠢᠶᠠᠷ ᠢᠶᠠᠨ ᠰᠡᠳᠬᠢᠯ ᠪᠠᠶᠠᠰᠤᠯᠴᠠᠨᠠᠮ | ᠠᠶᠢᠷᠠᠭ ᠰᠦ ᠲᠠᠢ ᠳᠡᠬᠡᠵᠢ ᠪᠠᠨ ᠪᠠᠷᠢᠭᠠᠳ | ᠠᠬᠠᠮᠠᠳ ᠪᠤᠭᠤᠷᠤᠯᠴᠤᠳ ᠲᠠᠭᠠᠨ ᠮᠡᠨᠳᠦ ᠬᠦᠷᠬᠡᠨᠡᠮ | ᠲᠦᠷᠦ ᠲᠦᠪᠰᠢᠨ ᠲᠦᠮᠡᠨ ᠠᠮᠤᠭᠤᠯᠠᠩ ᠢᠶᠠᠨ | ᠰᠠᠴᠤᠯᠢ ᠡᠷᠬᠦᠨ ᠪᠠᠶᠠᠷᠯᠠᠯᠳᠤᠨ ᠳᠠᠭᠠᠳᠬᠠᠨᠠᠮ | ᠲᠦᠬᠡᠮᠡᠯ ᠪᠠᠶᠠᠷ ᠳᠡᠬᠦᠰ ᠵᠢᠷᠭᠠᠯᠠᠩ ᠢᠶᠠᠨ | ᠰᠠᠮᠪᠠᠢ ᠬᠠᠳᠠᠭ ᠳᠠᠳᠠᠨ ᠢᠷᠦᠬᠡᠨᠡᠮ | ᠤᠷᠠᠯᠠᠨ ᠪᠢᠴᠢᠭᠰᠡᠨ ᠬᠤᠤᠰ ᠤᠶᠠᠩᠭ᠎ᠠ ᠪᠠᠨ | ᠤᠭᠳᠤᠭᠤᠯ ᠪᠤᠯᠭᠠᠨ ᠬᠠᠳᠠᠪᠴᠢᠨ ᠳᠠᠭᠠᠨ ᠡᠯᠬᠦᠨᠡᠮ | ᠤᠶᠠᠩᠭᠠᠯᠠᠨ ᠡᠷᠬᠦᠭᠰᠡᠨ ᠢᠷᠠᠭᠤ ᠨᠠᠶᠢᠷᠠᠭ ᠢᠶᠠᠨ | ᠤᠷᠮᠠᠰᠢᠯ ᠪᠤᠯᠭᠠᠨ ᠪᠦᠬᠦᠳᠡᠬᠡᠷ ᠬᠤᠪᠢᠶᠠᠯᠴᠠᠨᠠᠮ | ᠰᠠᠩ ᠵᠤᠯᠠ ᠪᠠᠨ ᠡᠷᠳᠡ ᠮᠠᠨᠳᠤᠭᠤᠯᠤᠭᠠᠳ | ᠰᠢᠨ᠎ᠠ ᠤᠨ ᠢᠶᠠᠨ ᠦᠯᠵᠡᠶᠢᠳᠡᠢ ᠮᠢᠯᠢᠶᠠᠨᠠᠮ | ᠬᠡᠶᠢᠮᠤᠷᠢ ᠰᠦᠯᠳᠡ ᠪᠠᠨ ᠠᠷᠢᠭᠤᠯᠠᠨ ᠳᠠᠬᠢᠭᠠᠳ | ᠬᠡᠰᠢᠭ ᠪᠤᠶᠠᠨ ᠢᠶᠠᠨ ᠳᠠᠯᠠᠯᠤᠨ ᠬᠤᠷᠦ᠋ᠢᠯᠠᠨᠠᠮ᠃ | | |