ᠬᠡᠤᠬᠡᠳ ᠪᠠᠭᠠᠴᠤᠳ ᠤᠨ ᠪᠠᠬ᠎ᠠ ᠶᠢ ᠲᠠᠳᠠᠬᠰᠠᠨ ᠮᠤᠳᠧᠯ ᠤᠷᠠᠯᠢᠭ
ᠨᠡᠶᠢᠲᠡᠯᠡᠭᠰᠡᠨ ᠴᠠᠭ᠄
2021/1/13
ᠵᠣᠬᠢᠶᠠᠭᠴᠢ᠄ ᠠᠯᠢᠮ᠎ᠠ ᠴᠢᠮᠡᠬᠡᠯᠡᠭᠴᠢ ᠤᠷᠢᠬᠠᠨ
               ᠦᠢᠷ᠎ᠠ ᠶᠢᠨ ᠡᠳᠦᠷ᠂ ᠤᠷᠳᠤᠰ ᠬᠤᠳᠠ ᠶᠢᠨ ᠮᠤᠩᠭᠤᠯ ᠦᠨᠳᠦᠰᠦᠳᠡᠨ ᠤ ᠰᠤᠷᠭᠠᠭᠤᠯᠢ ᠶᠢᠨ ︽ᠮᠦᠡᠭᠬᠦᠨ ᠡᠪᠤᠯ ᠤᠨ ᠵᠤᠭ᠎ᠠ︾ ᠰᠢᠨ᠎ᠠ ᠤᠨ ᠢᠶᠠᠨ ᠤᠬᠳᠤᠬᠤ ᠤᠷᠠᠨ ᠰᠠᠶᠢᠬᠠᠨ ᠤ ᠲᠤᠬᠯᠠᠯᠳᠠ ᠰᠤᠷᠭᠠᠭᠤᠯᠢ ᠶᠢᠨ ᠬᠦᠷᠢᠶᠠᠨ ᠳᠡᠭᠡᠨ ᠬᠦᠭᠵᠢᠶᠡᠨᠳᠡᠢ ᠶᠠᠪᠤᠬᠳᠠᠵᠦ᠂ ᠰᠤᠷᠤᠬᠴᠢᠳ 2020 ᠤᠨ ᠢᠶᠠᠨ ᠪᠠᠶᠠᠷᠳᠡᠢ ᠦᠳᠡᠵᠦ 2021 ᠤᠨ ᠢᠶᠠᠨ ᠵᠢᠷᠭᠠᠯᠳᠡᠢ ᠤᠬᠳᠤᠨ ᠠᠪᠤᠬᠰᠠᠨ ᠪᠠᠶᠢᠨ᠎ᠠ᠃ ᠰᠤᠷᠭᠠᠭᠤᠯᠢ ᠶᠢᠨ ᠲᠠᠯ᠎ᠠ ᠠᠴᠠ ᠵᠤᠬᠢᠶᠠᠨ ᠪᠠᠶᠢᠭᠤᠯᠤᠬᠰᠠᠨ ᠤᠷᠠᠨ ᠰᠠᠶᠢᠬᠠᠨ ᠤ ᠲᠤᠬᠯᠠᠯᠳᠠ ᠳᠤ ᠰᠤᠷᠤᠬᠴᠢᠳ ᠠᠩᠬᠢ ᠨᠢᠬᠡᠴᠢ ᠪᠠᠷ ᠢᠶᠠᠨ ᠨᠢᠬᠡᠴᠢᠯᠡᠨ ᠲᠤᠬᠯᠠᠯᠳᠠ ᠪᠠᠨ ᠤᠷᠮᠠᠳᠡᠢ ᠮᠦᠷᠳᠡᠬᠡᠨ ᠰᠢᠨᠡᠷᠬᠦᠦ ᠲᠦᠷᠬᠦ ᠲᠠᠢ ᠵᠤᠬᠢᠶᠠᠨ ᠪᠠᠶᠢᠭᠤᠯᠵᠦ᠂ ᠦᠵᠡᠭᠴᠢᠳ ᠤᠯᠠᠨ ᠤ ᠲᠤᠷ᠎ᠠ ᠰᠤᠨᠢᠷᠬᠠᠯ ᠢ ᠲᠠᠳᠠᠭᠰᠠᠨ ᠢᠶᠠᠷ᠂ ᠠᠯᠠᠭ᠎ᠠ ᠲᠠᠰᠢᠯᠳᠠ ᠲᠡᠭᠡᠷ᠎ᠠ ᠲᠡᠭᠡᠷ᠎ᠠ ᠠᠴᠠ ᠪᠠᠨ ᠲᠡᠪᠳᠡᠬᠳᠠᠵᠦ ᠪᠠᠶᠢᠯ᠎ᠠ᠃ ᠨᠢᠬᠡᠳᠦᠬᠡᠷ ᠤᠨ ᠤ ᠰᠤᠷᠤᠬᠴᠢᠳ ᠤᠨ ︽ᠡᠬᠡ ᠪᠠᠶᠢᠭᠠᠯᠢ ᠪᠠᠨ ᠬᠠᠶᠢᠷᠠᠯᠠᠨ ᠬᠠᠮᠠᠭᠠᠯᠠᠬᠤ︾ ᠰᠡᠳᠦᠪᠳᠤ ᠮᠤᠳᠧᠯ ᠤᠷᠠᠯᠢᠭ ᠤᠨ ᠦᠵᠡᠬᠦᠯᠬᠡ ᠨᠢ ᠤᠯᠠᠨ᠎ᠠ ᠲᠠᠭᠠᠯᠠᠬᠳᠠᠵᠦ᠂ ᠬᠡᠤᠬᠡᠳ ᠤᠳ ᠤᠨ ᠴᠤᠬᠯᠢᠭ ᠲᠦᠷᠬᠦ᠂ ᠰᠢᠨ᠎ᠠ ᠰᠡᠪᠡᠬᠦᠨ᠂ ᠲᠠᠭᠠᠰᠢᠶᠠᠯ ᠤᠨ ᠬᠦᠴᠦᠨ ᠢ ᠭᠤᠶᠢᠳᠠ ᠰᠠᠶᠢᠬᠠᠨ ᠢᠯᠡᠷᠡᠬᠦᠯᠵᠤ ᠴᠢᠳᠠᠬᠰᠠᠨ ᠨᠢ ᠭᠠᠶᠢᠬᠠᠯᠳᠡᠢ᠃
ᠢᠷᠡᠯᠲᠡ᠄ ᠣᠷᠳᠣᠰ ᠮᠣᠩᠭᠤᠯ ᠰᠦᠯᠵᠢᠶ᠎ᠡ