ᠬᠥᠳᠡᠭᠡ ᠰᠠᠶᠢᠬᠠᠨ
ᠨᠡᠶᠢᠲᠡᠯᠡᠭᠰᠡᠨ ᠴᠠᠭ᠄
2021/1/13
 ᠬᠥᠳᠡᠭᠡ ᠰᠠᠶᠢᠬᠠᠨ         ● ᠦᠬᠦᠰᠢᠨ ᠭᠡᠷᠡᠯᠴᠤᠭᠲᠤ    ᠴᠠᠰᠤ ᠴᠠᠶᠢᠯᠵᠠᠭᠰᠠᠨ ᠬᠥᠳᠡᠭᠡ ᠰᠠᠶᠢᠬᠠᠨ    ᠴᠠᠩ ᠭᠢᠯᠲᠠᠭᠠᠨᠠᠭᠰᠠᠨ ᠪᠠᠶᠢᠭᠠᠯᠢ ᠰᠠᠶᠢᠬᠠᠨ    ᠴᠠᠢ ᠪᠠᠨ ᠰᠦᠯᠡᠭᠰᠡᠨ ᠪᠥᠰᠡᠭᠦᠢ ᠰᠠᠶᠢᠬᠠᠨ    ᠴᠡᠴᠡᠭ ᠬᠠᠳᠬᠤᠭᠰᠠᠨ ᠬᠡᠦᠬᠡᠨ ᠰᠠᠶᠢᠬᠠᠨ   ᠰᠠᠯᠬᠢ ᠰᠡᠷᠪᠡᠯᠵᠡᠭᠰᠡᠨ ᠬᠥᠳᠡᠭᠡ ᠰᠠᠶᠢᠬᠠᠨ    ᠰᠡᠩᠭᠢᠨᠡᠬᠦ ᠵᠢᠪᠠᠷ ᠨᠢ ᠴᠡᠪᠡᠷ ᠰᠠᠶᠢᠬᠠᠨ    ᠰᠠᠭᠠᠬᠠᠯᠲᠠ ᠠᠶᠢᠯ ᠤᠨ ᠨᠠᠶᠢᠷ ᠰᠠᠶᠢᠬᠠᠨ    ᠱᠠᠭᠠᠵᠠᠭᠠᠢ ᠰᠢᠪᠠᠭᠤ ᠱᠠᠭᠰᠢᠬᠤ ᠰᠠᠶᠢᠬᠠᠨ   ᠴᠠᠬᠢᠯᠭᠠᠨ ᠲᠥᠭᠡᠮᠡᠯᠵᠢᠭᠰᠡᠨ ᠬᠥᠳᠡᠭᠡ ᠰᠠᠶᠢᠬᠠᠨ    ᠴᠠᠭ ᠢᠶᠠᠨ ᠳᠠᠭᠠᠭᠠᠳ ᠴᠢᠨᠡᠭᠡᠯᠢᠭᠵᠢᠬᠦ ᠰᠠᠶᠢᠬᠠᠨ    ᠵᠠᠮ ᠨᠡᠪᠲᠡᠷᠡᠭᠡᠳ ᠨᠤᠲᠤᠭ ᠮᠢᠨᠢ ᠰᠠᠶᠢᠬᠠᠨ    ᠵᠠᠬ᠎ᠠ ᠳᠡᠯᠭᠡᠭᠦᠷ ᠤᠨ ᠬᠥᠭᠵᠢᠶᠡᠨ ᠰᠠᠶᠢᠬᠠᠨ   ᠰᠢᠪᠠᠭ ᠪᠤᠷᠭᠠᠰᠤ ᠲᠠᠢ ᠬᠥᠳᠡᠭᠡ ᠰᠠᠶᠢᠬᠠᠨ    ᠰᠢᠨ᠎ᠡ ᠮᠠᠯᠵᠢᠯ ᠤᠨ ᠬᠥᠭᠵᠢᠯᠲᠡ ᠰᠠᠶᠢᠬᠠᠨ    ᠰᠢᠯᠢ ᠶᠢᠨ ᠦᠨᠳᠦᠷ ᠣᠷᠣᠢ ᠨᠢ ᠰᠠᠶᠢᠬᠠᠨ    ᠰᠦᠷᠦᠭᠯᠡᠨ ᠪᠡᠯᠴᠢᠬᠦ ᠬᠤᠨᠢ ᠢᠮᠠᠭ᠎ᠠ ᠰᠠᠶᠢᠬᠠᠨ   ᠪᠠᠯᠠᠷ ᠮᠠᠩᠬ᠎ᠠ ᠲᠠᠢ ᠬᠥᠳᠡᠭᠡ ᠰᠠᠶᠢᠬᠠᠨ    ᠪᠠᠶᠠᠨ ᠣᠪᠤᠭ᠎ᠠ ᠪᠠᠨ ᠳᠠᠬᠢᠬᠤ ᠰᠠᠶᠢᠬᠠᠨ    ᠪᠤᠯᠠᠭ ᠤᠰᠤ ᠨᠢ ᠲᠤᠩᠭᠠᠯᠠᠭ ᠰᠠᠶᠢᠬᠠᠨ    ᠪᠤᠭᠳᠠ ᠴᠡᠩᠬᠡᠷ ᠠᠭᠤᠯᠠ ᠨᠢ ᠰᠠᠶᠢᠬᠠᠨ   ᠠᠭᠠᠷᠤᠤᠯ ᠰᠡᠪᠡᠷᠡᠭᠡᠭᠰᠡᠨ ᠬᠥᠳᠡᠭᠡ ᠰᠠᠶᠢᠬᠠᠨ    ᠠᠭᠢ ᠬᠠᠩᠬᠤᠯᠤᠭᠰᠠᠨ ᠲᠠᠯ᠎ᠠ ᠨᠢ ᠰᠠᠶᠢᠬᠠᠨ    ᠠᠷᠭᠠᠯ ᠬᠤᠷᠭᠤᠯ ᠤᠨ ᠤᠲᠤᠭ᠎ᠠ ᠰᠠᠶᠢᠬᠠᠨ    ᠠᠷᠠᠰᠤᠨ ᠭᠤᠲᠤᠯ ᠤᠨ ᠮᠥᠷ ᠨᠢ ᠰᠠᠶᠢᠬᠠᠨ    ᠬᠡᠦᠬᠡᠳ ᠨᠠᠰᠤᠨ ᠤ ᠬᠥᠳᠡᠭᠡ ᠰᠠᠶᠢᠬᠠᠨ    ᠬᠦᠳᠤᠰᠦᠨ ᠲᠡᠪᠡᠯ ᠤᠨ ᠦᠨᠦᠷ ᠰᠠᠶᠢᠬᠠᠨ    ᠬᠥᠮᠡᠯᠢ ᠲᠠᠢ ᠪᠤᠭᠤᠷᠰᠤᠭ ᠢᠳᠡᠬᠦ ᠰᠠᠶᠢᠬᠠᠨ    ᠬᠥᠯ ᠨᠢᠴᠦᠭᠦᠨ ᠢᠶᠠᠷ ᠬᠦᠶᠦᠬᠦ ᠰᠠᠶᠢᠬᠠᠨ   ᠲᠡᠷᠡᠰᠦ ᠬᠤᠯᠤᠰᠤᠲᠦ ᠬᠥᠳᠡᠭᠡ ᠰᠠᠶᠢᠬᠠᠨ    ᠲᠠᠤᠯᠠᠢ ᠦᠨᠡᠭᠡ ᠶᠢᠨ ᠵᠣᠳᠤᠭ ᠰᠠᠶᠢᠬᠠᠨ    ᠲᠠᠪᠤᠨ ᠬᠤᠰᠢᠭᠤᠲᠦ ᠮᠠᠯ ᠨᠢ ᠰᠠᠶᠢᠬᠠᠨ    ᠲᠠᠩᠰᠤᠭ ᠲᠠᠷᠢᠶᠠᠨ ᠰᠢᠮ᠎ᠡ ᠨᠢ ᠰᠠᠶᠢᠬᠠᠨ   ᠬᠠᠨ ᠳᠡᠯᠡᠬᠡᠢ ᠳᠤ ᠬᠥᠳᠡᠭᠡ ᠯᠠ ᠰᠠᠶᠢᠬᠠᠨ    ᠬᠠᠶᠢᠷᠠᠯᠠᠵᠤ ᠬᠠᠮᠠᠭᠠᠯᠠᠬᠤ ᠨᠤᠲᠤᠭ ᠰᠠᠶᠢᠬᠠᠨ    ᠬᠠᠮᠢᠭ᠎ᠠ ᠶᠠᠪᠤᠭᠰᠠᠨ ᠴᠤ ᠮᠠᠯᠴᠢᠨ ᠰᠠᠶᠢᠬᠠᠨ    ᠬᠠᠮᠤᠭ ᠮᠣᠩᠭᠤᠯ ᠤᠨ ᠦᠷᠡᠰ ᠰᠠᠶᠢᠬᠠᠨ᠃
ᠢᠷᠡᠯᠲᠡ᠄ ᠣᠷᠳᠣᠰ ᠮᠣᠩᠭᠤᠯ ᠰᠦᠯᠵᠢᠶ᠎ᠡ