ᠬᠤᠯᠤᠭᠠᠨ᠎ᠠ ᠶᠢᠨ ᠬᠢᠵᠢᠭ ᠤᠨ ᠳᠤᠬᠠᠢ 12 ᠠᠰᠠᠭᠤᠯᠲᠠ ᠬᠠᠷᠢᠭᠤᠯᠲᠠ
ᠨᠡᠶᠢᠲᠡᠯᠡᠭᠰᠡᠨ ᠴᠠᠭ᠄
2020/9/4
         ᠶᠡᠷᠤᠳᠡ ᠶᠢᠨ ᠬᠦᠮᠦᠰ ᠤᠨ ᠪᠣᠳᠣᠯ ᠳᠤ᠂ ᠬᠤᠯᠣᠭᠠᠨ᠎ᠠ ᠶᠢᠨ ᠬᠢᠵᠢᠭ ᠨᠢ ᠬᠤᠯᠢᠷ᠎ᠠ᠂ ᠰᠦᠷᠢᠶ᠎ᠡ ᠵᠡᠷᠭᠡ ᠡᠪᠡᠳᠴᠢᠨ ᠲᠠᠢ ᠠᠳᠠᠯᠢᠳᠬᠠᠬᠤ ᠶᠢᠨ ᠠᠷᠭ᠎ᠠ ᠦᠭᠡᠢ ᠭᠡᠵᠦ ᠦᠵᠡᠳᠡᠭ᠂ ᠭᠡᠲᠡᠯ᠎ᠡ ᠮᠠᠨ ᠤ ᠣᠯᠣᠰ ᠤᠨ ᠬᠠᠤᠯᠢ ᠳᠤ ᠲᠣᠭᠲᠠᠭᠠᠭᠰᠠᠨ ᠬᠠᠯᠳᠠᠪᠤᠷᠢᠳᠤ ᠡᠪᠡᠳᠴᠢᠨ ᠤ ᠮᠡᠳᠡᠭᠦᠯᠦᠯᠲᠡ ᠳᠤ ᠬᠤᠯᠤᠭᠠᠨ᠎ᠠ ᠶᠢᠨ ᠬᠢᠵᠢᠭ ᠢ ᠬᠦᠬᠡ ᠲᠥᠷᠥᠯ ᠤᠨ ᠬᠠᠯᠳᠠᠪᠤᠷᠢᠳᠤ ᠡᠪᠡᠳᠴᠢᠨ ᠤ ᠲᠡᠷᠢᠭᠦᠨ ᠳᠤ ᠵᠢᠭᠰᠠᠭᠠᠵᠤ᠂ ︽1 ᠳ᠋ᠤᠭᠡᠷ ᠨᠤᠮᠧᠷᠲᠤ︾ ᠡᠪᠡᠳᠴᠢᠨ ᠭᠡᠮᠡᠨ ᠨᠡᠷᠡᠯᠡᠭᠰᠡᠨ ᠪᠠᠶᠢᠳᠠᠭ᠃         ᠬᠤᠯᠤᠭᠠᠨ᠎ᠠ ᠶᠢᠨ ᠬᠢᠵᠢᠭ ᠭᠡᠵᠦ ᠴᠤᠬᠤᠮ ᠶᠠᠮᠠᠷ ᠡᠪᠡᠳᠴᠢᠨ ᠪᠤᠢ︖ ᠶᠠᠮᠠᠷ ᠠᠷᠭ᠎ᠠ ᠵᠠᠮ ᠢᠶᠠᠷ ᠬᠠᠯᠳᠠᠪᠤᠷᠢᠯᠠᠳᠠᠭ ᠪᠤᠢ︖  ᠡᠩ ᠤᠨ ᠬᠦᠮᠦᠨ ᠤ ᠲᠤᠰ ᠬᠠᠯᠳᠠᠪᠤᠷᠢᠲᠤ ᠡᠪᠡᠳᠴᠢᠨ ᠳᠤ ᠨᠡᠷᠪᠡᠭᠳᠡᠬᠦ ᠨᠣᠷᠮ᠎ᠠ ᠬᠢᠷᠢ ᠵᠡᠷᠭᠡ ᠥᠨᠳᠤᠷ ᠪᠤᠢ︖ ᠬᠢᠵᠢᠭ ᠡᠪᠡᠳᠴᠢᠨ ᠳᠡᠯᠭᠡᠷᠡᠪᠡᠯ ᠬᠡᠷᠬᠢᠨ ᠰᠡᠷᠭᠡᠶᠢᠯᠡᠬᠦ ᠪᠤᠢ︖ ᠡ᠊ᠨᠳᠡ ᠲᠠ ᠪᠦᠬᠦᠨ ᠤ ᠰᠠᠨᠠᠭᠠᠰᠢᠷᠠᠵᠤ ᠪᠠᠶᠢᠭ᠎ᠠ ᠡᠳᠡᠭᠡᠷ ᠠᠰᠠᠭᠤᠳᠠᠯ ᠳᠤ ᠨᠢᠭᠡᠳ ᠨᠢᠭᠡ ᠪᠠᠷ ᠬᠠᠷᠢᠭᠤᠯᠲᠠ ᠥᠭᠭᠦᠨ᠎ᠡ᠃         ᠠᠰᠠᠭᠤᠯᠲᠠ ᠨᠢᠭᠡ᠂ ᠬᠤᠯᠤᠭᠠᠨ᠎ᠠ ᠶᠢᠨ ᠬᠢᠵᠢᠭ ᠭᠡᠵᠦ ᠶᠠᠭᠤ ᠪᠤᠢ︖         ᠬᠤᠯᠤᠭᠠᠨ᠎ᠠ ᠶᠢᠨ ᠬᠢᠵᠢᠭ ᠨᠢ ᠬᠤᠯᠤᠭᠠᠨ᠎ᠠ ᠶᠢᠨ ᠬᠢᠵᠢᠭ ᠤᠨ ᠶᠧᠷᠰᠤᠨ ᠪᠠᠺᠲ᠋ᠧᠷᠢ ᠠᠴᠠ ᠪᠤᠯᠤᠭᠰᠠᠨ ᠪᠠᠶᠢᠭᠠᠯᠢᠯᠢᠭ ᠬᠢᠵᠢᠭ ᠤᠨ ᠰᠣᠷᠪᠣᠯᠵᠢᠲᠤ ᠴᠢᠨᠠᠷᠲᠠᠢ ᠡᠪᠡᠳᠴᠢᠨ ᠮᠥᠨ᠂ ᠶᠡᠷᠦ ᠳᠡᠭᠡᠨ ᠮᠡᠷᠡᠭᠴᠢ ᠠᠮᠢᠲᠠᠨ ᠤ ᠳᠤᠮᠳᠠ ᠳᠡᠯᠭᠡᠷᠡᠵᠦ᠂ ᠬᠠᠶᠠ ᠳᠠᠭᠠᠨ ᠬᠦᠮᠦᠨ ᠳᠤ ᠬᠠᠯᠳᠠᠪᠤᠷᠢᠯᠠᠨ ᠳᠡᠯᠭᠡᠷᠡᠨ᠎ᠡ᠃ ᠲᠡᠷᠡ ᠨᠢ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠠᠯᠳᠠᠪᠤᠷᠢᠲᠤ ᠡᠪᠡᠳᠴᠢᠨ ᠢ ᠰᠡᠷᠭᠡᠶᠢᠯᠡᠨ ᠵᠠᠰᠠᠬᠤ ᠠᠷᠭ᠎ᠠ︾ ᠳᠤ ᠲᠣᠭᠲᠠᠭᠠᠭᠰᠠᠨ ᠬᠦᠬᠡ ᠲᠥᠷᠥᠯ ᠤᠨ ᠬᠠᠯᠳᠠᠪᠤᠷᠢᠲᠤ ᠡᠪᠡᠳᠴᠢᠨ ᠪᠣᠯᠬᠤ ᠶᠤᠮ᠃         ᠬᠤᠯᠤᠭᠠᠨ᠎ᠠ ᠶᠢᠨ ᠬᠢᠵᠢᠭ ᠡᠭᠦᠰᠬᠦ ᠨᠢ ᠲᠦᠷᠭᠡᠨ᠂ ᠡᠪᠡᠳᠴᠢᠨ ᠤ ᠶᠠᠪᠤᠴᠠ ᠨᠢ ᠣᠬᠤᠷ᠂ ᠦᠬᠦᠯᠲᠡ ᠶᠢᠨ ᠨᠤᠷᠮ᠎ᠠ ᠥᠨᠳᠥᠷ᠂ ᠬᠠᠯᠳᠠᠪᠤᠷᠢᠲᠦ ᠴᠢᠨᠠᠷ ᠴᠢᠩᠭ᠎ᠠ᠂ ᠲᠠᠷᠬᠠᠬᠤ ᠨᠢ ᠲᠦᠷᠭᠡᠨ ᠪᠠᠶᠢᠳᠠᠭ᠃ ᠢᠯᠠᠩᠭᠤᠶ᠎ᠠ ᠴᠢᠰᠤ ᠦᠵᠢᠷᠡᠬᠦ ᠬᠤᠯᠤᠭᠠᠨ᠎ᠠ ᠶᠢᠨ ᠬᠢᠵᠢᠭ ᠪᠠ ᠠᠭᠤᠰᠬᠢᠨ ᠤ ᠬᠤᠯᠤᠭᠠᠨ᠎ᠠ ᠶᠢᠨ ᠬᠢᠵᠢᠭ ᠲᠤ ᠨᠡᠷᠪᠡᠭᠳᠡᠪᠡᠯ᠂ ᠴᠠᠭ ᠲᠤᠬᠠᠢ ᠳᠤᠨᠢ ᠡᠮᠨᠡᠨ ᠵᠠᠰᠠᠬᠤ ᠦᠭᠡᠢ ᠪᠣᠯ ᠦᠬᠦᠯᠲᠡ ᠶᠢᠨ ᠨᠤᠷᠮ᠎ᠠ 30% ᠠᠴᠠ 100% ᠳᠤ ᠬᠦᠷᠳᠡᠭ᠃ ᠬᠤᠯᠤᠭᠠᠨ᠎ᠠ ᠶᠢᠨ ᠬᠢᠵᠢᠭ ᠤᠨ ᠨᠢᠭᠤᠭᠳᠠᠮᠠᠯ ᠬᠤᠭᠤᠴᠠᠭ᠎ᠠ ᠨᠢ ᠨᠡᠯᠢᠶᠡᠳ ᠣᠬᠤᠷ᠂ ᠶᠡᠷᠤ ᠳᠡᠭᠡᠨ 1 — 6 ᠡᠳᠦᠷ᠂ ᠣᠨᠴᠠ ᠵᠠᠷᠢᠮ ᠨᠢ 8 — 9 ᠡᠳᠦᠷ ᠪᠠᠶᠢᠳᠠᠭ᠃         ᠠᠰᠠᠭᠤᠯᠲᠠ ᠬᠤᠶᠠᠷ᠂ ᠬᠤᠯᠤᠭᠠᠨ᠎ᠠ ᠶᠢᠨ ᠬᠢᠵᠢᠭ ᠤᠨ ᠲᠥᠷᠥᠯ ᠵᠦᠢᠯ         ᠬᠠᠯᠳᠠᠪᠤᠷᠢᠯᠠᠯ ᠤᠨ ᠵᠠᠮ ᠤᠨ ᠠᠳᠠᠯᠢ ᠪᠤᠰᠤ ᠶᠢ ᠦᠨᠳᠦᠰᠦᠯᠡᠪᠡᠯ᠂ ᠬᠤᠯᠤᠭᠠᠨ᠎ᠠ ᠶᠢᠨ ᠬᠢᠵᠢᠭ ᠲᠤ ᠭᠤᠣᠯᠳᠠᠭᠤ ᠬᠤᠶᠠᠷ ᠲᠥᠷᠥᠯ ᠪᠠᠶᠢᠳᠠᠭ᠄ ᠪᠤᠯᠴᠢᠷᠬᠠᠢ ᠶᠢᠨ ᠬᠡᠯᠪᠡᠷᠢ ᠪᠠ ᠠᠭᠤᠰᠬᠢᠨ ᠤ ᠬᠡᠯᠪᠡᠷᠢ ᠪᠣᠯᠤᠨ᠎ᠠ᠃ ᠬᠡᠷᠪᠡ ᠡᠷᠲᠡᠬᠡᠨ ᠣᠨᠣᠰᠢᠯᠠᠨ ᠲᠣᠳᠣᠯᠡᠪᠠᠯ᠂ ᠡᠨᠡ ᠬᠤᠶᠠᠷ ᠲᠥᠷᠥᠯ ᠤᠨ ᠬᠤᠯᠤᠭᠠᠨ᠎ᠠ ᠶᠢᠨ ᠬᠢᠵᠢᠭ ᠢ ᠪᠦᠷ ᠡᠳᠡᠭᠡᠵᠦ ᠪᠣᠯᠤᠨ᠎ᠠ᠃         ᠪᠤᠯᠴᠢᠷᠬᠠᠢ ᠶᠢᠨ ᠬᠡᠯᠪᠡᠷᠢ ᠪᠣᠯ ᠪᠦᠬᠦ ᠳᠡᠯᠡᠬᠡᠢ ᠶᠢᠨ ᠪᠠᠶᠢᠩᠭᠤ ᠳᠣᠬᠢᠶᠠᠯᠳᠤᠳᠠᠭ ᠬᠤᠯᠤᠭᠠᠨ᠎ᠠ ᠶᠢᠨ ᠬᠢᠵᠢᠭ ᠤᠨ ᠲᠥᠷᠥᠯ ᠵᠦᠢᠯ ᠮᠥᠨ᠂ ᠲᠡᠷᠡ ᠨᠢ ᠬᠢᠵᠢᠭ ᠲᠤ ᠬᠠᠯᠳᠠᠪᠤᠷᠢᠯᠠᠭᠳᠠᠭᠰᠠᠨ ᠨᠣᠬᠠᠢ ᠶᠢᠨ ᠪᠦᠭᠡᠰᠤᠨ ᠳᠤ ᠵᠠᠭᠤᠭᠳᠠᠬᠤ ᠠᠴᠠ ᠪᠤᠯᠵᠤ ᠡᠭᠦᠰᠳᠡᠭ᠃ ᠬᠤᠯᠤᠭᠠᠨ᠎ᠠ ᠶᠢᠨ ᠬᠢᠵᠢᠭ ᠤᠨ ᠰᠠᠪᠬᠠᠨᠴᠢᠷ ᠪᠠᠺᠲ᠋ᠧᠷᠢ ︵ᠬᠤᠯᠤᠭᠠᠨ᠎ᠠ ᠶᠢᠨ ᠬᠢᠵᠢᠭ ᠤᠨ ᠶᠧᠷᠰᠤᠨ ᠪᠠᠺᠲ᠋ᠧᠷᠢ︶ ᠨᠢ ᠵᠠᠭᠤᠭᠳᠠᠭᠰᠠᠨ ᠭᠡᠰᠡᠭ ᠠᠴᠠ ᠤᠷᠭᠠᠨᠢᠭ ᠪᠡᠶ᠎ᠡ ᠳᠤ ᠣᠷᠣᠵᠤ᠂ ᠯᠢᠮᠪᠠ ᠶᠢᠨ ᠰᠢᠰᠲ᠋ᠧᠮ ᠢᠶᠠᠷ ᠳᠠᠮᠵᠢᠨ ᠳᠦᠷᠢᠨ ᠣᠷᠦᠵᠦ᠂ ᠯᠢᠮᠪᠠ ᠶᠢᠨ ᠵᠠᠩᠭᠢᠯᠠᠭ᠎ᠠ ᠶᠢᠨ ᠭᠡᠰᠡᠭ ᠲᠤ ᠦᠷᠡᠵᠢᠵᠦ᠂ ᠯᠢᠮᠪᠠ ᠶᠢᠨ ᠵᠠᠩᠭᠢᠯᠠᠭ᠎ᠠ ᠶᠢᠨ ᠥᠷᠪᠢᠰᠤᠯ ᠡᠭᠦᠰᠬᠡᠳᠡᠭ᠂ ᠡᠭᠦᠨ ᠢ ︽ᠥᠷᠪᠢᠰᠦᠯ ᠤᠨ ᠴᠢᠨᠠᠷᠲᠠᠢ ᠯᠢᠮᠪᠠ ᠶᠢᠨ ᠪᠤᠯᠴᠢᠷᠬᠠᠢ ᠬᠠᠪᠤᠳᠬᠤ︾ ᠭᠡᠳᠡᠭ᠃ ᠬᠠᠯᠳᠠᠪᠤᠷᠢᠯᠠᠯ ᠤᠨ ᠰᠡᠭᠦᠯᠴᠢ ᠶᠢᠨ ᠬᠤᠭᠤᠴᠠᠭᠠᠨ ᠳᠤ᠂ ᠯᠢᠮᠪᠠ ᠶᠢᠨ ᠵᠠᠩᠭᠢᠯᠠᠭ᠎ᠠ ᠶᠢᠨ ᠥᠷᠪᠢᠰᠤᠯ ᠨᠢ ᠢᠳᠡᠭᠡᠯᠡᠬᠦ ᠴᠢᠨᠠᠷᠲᠠᠢ ᠡᠪᠡᠳᠴᠢᠨ ᠤ ᠬᠤᠪᠢᠷᠠᠯᠳᠠ ᠡᠬᠦᠰᠴᠤ᠂ ᠰᠡᠭᠦᠯ ᠳᠤᠨᠢ ᠨᠡᠬᠡᠬᠡᠯᠳᠡᠳᠤ ᠴᠢᠨᠡᠷ ᠲᠠᠢ ᠰᠢᠷᠬᠠᠯᠠᠭ᠎ᠠ ᠪᠣᠯᠳᠠᠭ᠃ ᠪᠤᠯᠴᠢᠷᠬᠠᠢ ᠶᠢᠨ ᠬᠤᠯᠤᠭᠠᠨ᠎ᠠ ᠶᠢᠨ ᠬᠢᠵᠢᠭ ᠤᠨ ᠬᠦᠮᠦᠨ ᠵᠠᠭᠤᠷ᠎ᠠ ᠶᠢᠨ ᠬᠠᠯᠳᠠᠪᠤᠷᠢᠯᠠᠯ ᠨᠢ ᠨᠡᠯᠢᠶᠡᠳ ᠴᠥᠭᠡᠨ ᠪᠠᠶᠢᠳᠠᠭ᠃ ᠪᠤᠯᠴᠢᠷᠬᠠᠢ ᠶᠢᠨ ᠬᠤᠯᠤᠭᠠᠨ᠎ᠠ ᠶᠢᠨ ᠬᠢᠵᠢᠭ ᠤᠯᠠᠮ ᠴᠢᠨᠠᠭᠰᠢᠳᠠ ᠤᠯᠠᠷᠢᠵᠤ ᠠᠭᠤᠰᠬᠢᠨ ᠳᠤ ᠬᠦᠷᠬᠦ ᠶᠢ ᠠᠭᠤᠰᠬᠢᠨ ᠤ ᠬᠤᠯᠤᠭᠠᠨ᠎ᠠ ᠶᠢᠨ ᠬᠢᠵᠢᠭ ᠬᠡᠳᠡᠭ᠂ ᠡᠨᠡ ᠨᠢ ᠨᠡᠩ ᠬᠦᠨᠳᠦ ᠨᠤᠴᠢᠳᠡᠢ ᠬᠤᠯᠤᠭᠠᠨ᠎ᠠ ᠶᠢᠨ ᠬᠢᠵᠢᠭ ᠤᠨ ᠲᠦᠷᠦᠯ ᠪᠤᠯᠤᠨ᠎ᠠ᠃         ᠠᠭᠤᠰᠬᠢᠨ ᠬᠡᠯᠪᠡᠷᠢ ᠪᠤᠶᠤ ᠠᠭᠤᠰᠬᠢᠨ ᠤ ᠬᠤᠯᠤᠭᠠᠨ᠎ᠠ ᠶᠢᠨ ᠬᠢᠵᠢᠭ ᠪᠤᠯ ᠬᠠᠮᠤᠭ ᠤᠨ ᠰᠢᠷᠦᠬᠦᠨ ᠴᠢᠨᠠᠷᠳᠡᠢ ᠬᠤᠯᠤᠭᠠᠨ᠎ᠠ ᠶᠢᠨ ᠬᠢᠵᠢᠭ ᠤᠨ ᠲᠦᠷᠦᠯ ᠵᠦᠢᠯ ᠪᠤᠯᠤᠨ᠎ᠠ᠂ ᠨᠢᠭᠤᠭᠳᠠᠮᠠᠯ ᠬᠤᠭᠤᠴᠠᠭ᠎ᠠ ᠨᠢ ᠬᠤᠷᠢᠨ ᠲᠦᠷᠪᠡᠬᠡᠨ ᠴᠠᠭ ᠪᠠᠶᠢᠳᠠᠭ᠃ ᠠᠭᠤᠰᠬᠢᠨ ᠤ    ᠬᠤᠯᠤᠭᠠᠨ᠎ᠠ ᠶᠢᠨ ᠬᠢᠵᠢᠭ ᠨᠢ ᠦᠰᠦᠷᠳᠡᠰᠤ ᠪᠠᠷ ᠳᠠᠮᠵᠢᠨ ᠪᠤᠰᠤᠳ ᠬᠦᠮᠦᠨ ᠳᠤ ᠬᠠᠯᠳᠠᠪᠤᠷᠢᠯᠠᠳᠠᠭ᠃ ᠠᠭᠤᠰᠬᠢᠨ ᠤ ᠬᠤᠯᠤᠭᠠᠨ᠎ᠠ ᠶᠢᠨ ᠬᠢᠵᠢᠭ ᠢ ᠴᠠᠭ ᠳᠤᠬᠠᠢ ᠳᠤᠨᠢ ᠤᠨᠤᠰᠢᠯᠠᠬᠤ ᠪᠠ ᠡᠮᠨᠡᠨ ᠵᠠᠰᠠᠬᠤ ᠦᠬᠡᠢ ᠪᠤᠯ ᠠᠮᠢᠨ ᠳᠤ ᠳᠤᠯᠤᠨ᠎ᠠ᠂ ᠬᠡᠷᠪᠡ ᠴᠠᠭ ᠳᠤᠬᠠᠢ ᠳᠤᠨᠢ ᠤᠯᠵᠤ ᠮᠡᠳᠡᠵᠤ ᠡᠮᠨᠡᠨ ᠵᠠᠰᠠᠪᠠᠯ ︵ᠡᠪᠡᠳᠴᠢᠨ ᠤ ᠢᠯᠡᠷᠡᠯ ᠡᠬᠦᠰᠦᠬᠡᠳ ᠬᠤᠷᠢᠨ ᠲᠦᠷᠪᠡᠨ ᠴᠠᠭ ᠤᠨ ᠳᠤᠳᠤᠷ᠎ᠠ︶ ᠡᠳᠡᠬᠡᠷᠡᠬᠦ ᠨᠤᠷᠮ᠎ᠠ ᠨᠢ ᠮᠠᠰᠢ ᠦᠨᠳᠦᠷ ᠪᠠᠶᠢᠳᠠᠭ᠃         ᠠᠰᠠᠭᠤᠯᠳᠠ ᠭᠤᠷᠪᠠ᠂ ᠬᠤᠯᠤᠭᠠᠨ᠎ᠠ ᠶᠢᠨ ᠬᠢᠵᠢᠭ ᠤᠨ ᠬᠠᠯᠳᠠᠪᠤᠷᠢᠯᠠᠬᠤ ᠡᠬᠢ ᠨᠢ ᠶᠠᠭᠤ ᠪᠤᠢ︖         ᠬᠤᠯᠤᠭᠠᠨ᠎ᠠ ᠶᠢᠨ ᠬᠢᠵᠢᠭ ᠤᠨ ᠬᠠᠯᠳᠠᠪᠤᠷᠢᠯᠠᠬᠤ ᠡᠬᠢ ᠨᠢ ᠬᠠᠯᠳᠠᠪᠤᠷᠢᠯᠠᠭᠳᠠᠭᠰᠠᠨ ᠠᠮᠢᠳᠠᠨ ᠪᠠ ᠠᠭᠤᠰᠬᠢᠨ ᠤ ᠬᠤᠯᠤᠭᠠᠨ᠎ᠠ ᠶᠢᠨ ᠬᠢᠵᠢᠭ ᠲᠤ ᠨᠡᠷᠪᠡᠭᠳᠡᠭᠰᠡᠳ ᠪᠤᠯᠤᠨ᠎ᠠ᠃ ᠭᠤᠤᠯᠳᠠᠭᠤ ᠮᠡᠷᠡᠭᠴᠢ ᠠᠮᠢᠳᠠᠨ ᠪᠠ ᠬᠡᠬᠡᠷ᠎ᠡ ᠶᠢᠨ ᠮᠢᠬᠠᠴᠢᠨ ᠠᠮᠢᠳᠠᠨ᠂ ᠵᠢᠱᠢᠶᠡᠯᠡᠪᠡᠯ ᠲᠠᠷᠪᠠᠭ᠎ᠠ᠂ ᠤᠷᠳᠤ ᠰᠡᠬᠦᠯᠳᠤ ᠵᠤᠷᠠᠮ᠎ᠠ ᠵᠡᠷᠬᠡ ᠠᠮᠢᠳᠠᠨ ᠤ ᠪᠡᠶ᠎ᠡ ᠳᠤ ᠨᠢᠭᠤᠭᠳᠠᠳᠠᠭ᠃         ᠠᠰᠠᠭᠤᠯᠳᠠ ᠲᠦᠷᠪᠡ᠂ ᠬᠦᠮᠦᠨ ᠤ ᠪᠡᠶ᠎ᠡ ᠳᠤ ᠬᠤᠯᠤᠭᠠᠨ᠎ᠠ ᠶᠢᠨ ᠬᠢᠵᠢᠭ ᠬᠡᠷᠬᠢᠨ ᠬᠠᠯᠳᠠᠪᠤᠷᠢᠯᠠᠭᠳᠠᠬᠤ ᠪᠤᠢ︖         ᠬᠤᠯᠤᠭᠠᠨ᠎ᠠ ᠶᠢᠨ ᠬᠢᠵᠢᠭ ᠭᠤᠤᠯᠳᠠᠭᠤ ᠬᠤᠶᠠᠷ ᠠᠷᠭ᠎ᠠ ᠵᠠᠮ ᠢᠶᠠᠷ ᠬᠠᠯᠳᠠᠪᠤᠷᠢᠯᠠᠭᠳᠠᠳᠠᠭ᠄         1᠂ ᠬᠤᠯᠤᠭᠠᠨ᠎ᠠ — ᠨᠤᠬᠠᠢ ᠶᠢᠨ ᠪᠦᠬᠡᠰᠦ — ᠬᠦᠮᠦᠨ᠃ ᠨᠤᠬᠠᠢ ᠶᠢᠨ ᠪᠦᠬᠡᠰᠦ ᠡᠪᠡᠳᠴᠢᠨ ᠲᠠᠢ ᠬᠤᠯᠤᠭᠠᠨ᠎ᠠ ᠶᠢ ᠵᠠᠭᠤᠭᠰᠠᠨ ᠤ ᠳᠠᠷᠠᠭ᠎ᠠ ᠳᠠᠬᠢᠨ ᠬᠦᠮᠦᠨ ᠢ ᠬᠠᠳᠬᠤᠬᠤ᠂ ᠡᠰᠡᠪᠡᠯ ᠬᠢᠵᠢᠭ ᠬᠠᠯᠳᠠᠪᠤᠷᠢᠯᠠᠭᠰᠠᠨ ᠳᠠᠷᠪᠠᠭ᠎ᠠ ᠶᠢᠨ ᠠᠷᠠᠰᠤ ᠶᠢ ᠱᠠᠭᠠᠯᠠᠬᠤ ᠪᠤᠶᠤ ᠪᠤᠰᠤᠳ ᠬᠢᠵᠢᠭ ᠬᠠᠯᠳᠠᠪᠤᠷᠢᠯᠠᠭᠰᠠᠨ ᠠᠮᠢᠳᠠᠨ ᠢ ᠢᠳᠡᠬᠦ ᠪᠠᠷ ᠳᠠᠮᠵᠢᠨ ᠬᠠᠯᠳᠠᠪᠤᠷᠢᠯᠠᠨ᠎ᠠ᠃ ᠢᠩᠬᠢᠵᠦ ᠳᠠᠮᠵᠢᠭᠤᠯᠬᠤ ᠨᠢ ᠶᠡᠷᠤ ᠳᠡᠭᠡᠨ ᠪᠤᠯᠴᠢᠷᠬᠠᠢ ᠶᠢᠨ ᠬᠤᠯᠤᠭᠠᠨ᠎ᠠ ᠶᠢᠨ ᠬᠢᠵᠢᠭ ᠪᠤᠶᠤ ᠴᠢᠰᠤ ᠦᠵᠢᠷᠡᠬᠦ ᠬᠡᠯᠪᠡᠷᠢ ᠶᠢᠨ ᠬᠤᠯᠤᠭᠠᠨ᠎ᠠ ᠶᠢᠨ ᠬᠢᠵᠢᠭ ᠢ ᠡᠬᠦᠰᠬᠡᠳᠡᠭ᠃         2᠂ ᠬᠦᠮᠦᠨ — ᠬᠦᠮᠦᠨ᠃ ᠡᠷᠡᠬᠦᠯ ᠬᠦᠮᠦᠨ ᠠᠭᠤᠰᠬᠢᠨ ᠤ ᠬᠤᠯᠤᠭᠠᠨ᠎ᠠ ᠶᠢᠨ ᠬᠢᠵᠢᠭ ᠲᠤ ᠨᠡᠷᠪᠡᠭᠳᠡᠭᠰᠡᠨ ᠡᠪᠡᠳᠴᠢᠳᠡᠨ ᠲᠠᠢ ᠬᠦᠷᠦᠯᠴᠡᠭᠰᠡᠨ ᠤ ᠳᠠᠷᠠᠭ᠎ᠠ ᠠᠮᠢᠰᠬᠤᠯ ᠤᠨ ᠵᠠᠮ ᠢᠶᠠᠷ ᠳᠠᠮᠵᠢᠨ ᠬᠠᠯᠳᠠᠪᠤᠷᠢᠯᠠᠭᠳᠠᠬᠤ ᠶᠢ ᠬᠡᠯᠡᠨ᠎ᠡ᠃ ᠢᠩᠬᠢᠵᠦ ᠬᠠᠯᠳᠠᠪᠤᠷᠢᠯᠠᠬᠤ ᠨᠢ ᠭᠤᠤᠯᠳᠠᠭᠤ ᠠᠭᠤᠰᠬᠢᠨ ᠤ ᠬᠤᠯᠤᠭᠠᠨ᠎ᠠ ᠶᠢᠨ ᠬᠢᠵᠢᠭ ᠪᠤᠯᠤᠨ᠎ᠠ᠃         ᠠᠰᠠᠭᠤᠯᠳᠠ ᠳᠠᠪᠤ᠂ ᠬᠤᠯᠤᠭᠠᠨ᠎ᠠ ᠶᠢᠨ ᠬᠢᠵᠢᠭ ᠶᠠᠮᠠᠷ ᠬᠦᠮᠦᠰ ᠲᠤ ᠠᠮᠠᠷᠬᠠᠨ ᠬᠠᠯᠳᠠᠪᠤᠷᠢᠯᠠᠳᠠᠭ ᠪᠤᠢ︖         ᠬᠡᠬᠡᠷ᠎ᠡ ᠭᠠᠳᠠᠨ᠎ᠠ ᠠᠵᠢᠯᠯᠠᠭᠴᠢ ᠪᠤᠶᠤ ᠳᠠᠷᠪᠠᠭ᠎ᠠ ᠠᠩᠨᠠᠬᠤ ᠠᠩᠴᠢᠨ᠂ ᠮᠠᠯᠴᠢᠳ ᠬᠢᠵᠢᠭ ᠬᠠᠯᠳᠠᠪᠤᠷᠢᠯᠠᠭᠰᠠᠨ ᠠᠮᠢᠳᠠᠨ ᠲᠠᠢ ᠬᠦᠷᠦᠯᠴᠡᠬᠦ ᠪᠤᠯᠤᠯᠴᠠᠭ᠎ᠠ ᠶᠡᠭᠡ ᠪᠤᠯᠬᠤᠷ ᠬᠠᠯᠳᠠᠪᠤᠷᠢᠯᠠᠭᠳᠠᠬᠤ ᠪᠤᠯᠤᠯᠴᠠᠭ᠎ᠠ ᠨᠢ ᠴᠤ ᠶᠡᠭᠡ ᠰᠢᠭ ᠪᠠᠶᠢᠳᠠᠭ᠃         ᠠᠰᠠᠭᠤᠯᠳᠠ ᠵᠢᠷᠭᠤᠭ᠎ᠠ᠂ ᠬᠤᠯᠤᠭᠠᠨ᠎ᠠ ᠶᠢᠨ ᠬᠢᠵᠢᠭ ᠲᠤ ᠬᠠᠯᠳᠠᠪᠤᠷᠢᠯᠠᠭᠳᠠᠪᠠᠯ ᠶᠠᠮᠠᠷ ᠶᠠᠮᠠᠷ ᠡᠪᠡᠳᠴᠢᠨ ᠤ ᠢᠯᠡᠷᠡᠯ ᠲᠠᠢ ᠪᠤᠢ︖         ᠨᠡᠶᠢᠳᠡᠯᠢᠭ ᠢᠯᠡᠷᠡᠯ ᠨᠢ ᠬᠡᠨᠡᠳᠳᠡ ᠬᠠᠯᠠᠭᠤᠷᠠᠬᠤ᠂ ᠳᠠᠭᠠᠷᠠᠳᠠᠰᠤ ᠬᠦᠷᠬᠦ᠂ ᠳᠤᠯᠤᠭᠠᠢ ᠡᠪᠡᠳᠬᠦ ᠪᠠ ᠪᠡᠶ᠎ᠡ ᠡᠪᠡᠳᠬᠦ᠂ ᠳᠠᠮᠢᠷᠳᠠᠬᠤ᠂ ᠳᠤᠷ᠎ᠠ ᠪᠤᠯᠬᠢᠬᠤ ᠪᠠ ᠪᠦᠬᠡᠯᠵᠢᠬᠦ ᠵᠡᠷᠬᠡ ᠪᠤᠯᠤᠨ᠎ᠠ᠃ ᠪᠤᠯᠴᠢᠷᠬᠠᠢ ᠶᠢᠨ ᠬᠤᠯᠤᠭᠠᠨ᠎ᠠ ᠶᠢᠨ ᠬᠢᠵᠢᠭ ᠲᠤ ᠬᠠᠯᠳᠠᠪᠤᠷᠢᠯᠠᠭᠳᠠᠪᠠᠯ ᠯᠢᠮᠪᠠ ᠶᠢᠨ ᠵᠠᠩᠬᠢᠯᠠᠭ᠎ᠠ ᠡᠪᠡᠳᠬᠦ ᠪᠠ ᠦᠷᠪᠢᠰᠦᠯ ᠡᠬᠦᠰᠳᠡᠭ᠃ ᠠᠭᠤᠰᠬᠢᠨ ᠤ ᠬᠤᠯᠤᠭᠠᠨ᠎ᠠ ᠶᠢᠨ ᠬᠢᠵᠢᠭ ᠲᠤ ᠬᠠᠯᠳᠠᠪᠤᠷᠢᠯᠠᠭᠳᠠᠪᠠᠯ ᠮᠠᠰᠢ ᠲᠦᠷᠬᠡᠨ ᠢᠶᠠᠷ ᠡᠪᠡᠳᠴᠢᠨ ᠤ ᠢᠯᠡᠷᠡᠯ ︵ᠵᠠᠷᠢᠮ ᠳᠠᠭᠠᠨ ᠬᠤᠷᠢᠨ ᠲᠦᠷᠪᠡᠨ ᠴᠠᠭ ᠤᠨ ᠳᠤᠳᠤᠷ᠎ᠠ︶ ᠡᠬᠦᠰᠴᠤ᠂ ᠠᠮᠢᠰᠬᠤᠯ ᠴᠢᠬᠤᠯᠳᠠᠬᠤ ᠪᠠ ᠬᠠᠨᠢᠶᠠᠯᠭᠠᠬᠤ ᠵᠡᠷᠬᠡ ᠬᠦᠨᠳᠦ ᠰᠦᠷᠡᠬᠡᠢ ᠡᠪᠡᠳᠴᠢᠨ ᠤ ᠰᠢᠨᠵᠢ ᠢᠯᠡᠷᠡᠵᠤ᠂ ᠶᠡᠷᠦ ᠳᠡᠭᠡᠨ ᠴᠢᠰᠦᠳᠤ ᠴᠡᠷ ᠳᠠᠭᠠᠯᠳᠤᠳᠠᠭ᠃         ᠠᠰᠠᠭᠤᠯᠳᠠ ᠳᠤᠯᠤᠭ᠎ᠠ᠂ ᠬᠡᠷᠬᠢᠨ ᠬᠠᠯᠳᠠᠪᠤᠷᠢᠯᠠᠭᠳᠠᠬᠤ ᠠᠴᠠ ᠰᠡᠷᠬᠡᠶᠢᠯᠡᠪᠡᠯ ᠵᠤᠬᠢᠬᠤ ᠪᠤᠢ︖         ᠬᠤᠯᠤᠭᠠᠨ᠎ᠠ ᠶᠢᠨ ᠬᠢᠵᠢᠭ ᠳᠡᠯᠬᠡᠷᠡᠬᠦ ᠶᠢ ᠰᠡᠷᠬᠡᠶᠢᠯᠡᠬᠦ ᠶᠢᠨ ᠲᠦᠯᠦᠬᠡ᠂ ᠬᠠᠨᠢᠶᠠᠯᠭᠠᠵᠤ ᠪᠠᠶᠢᠭ᠎ᠠ ᠬᠦᠮᠦᠨ ᠲᠠᠢ ᠬᠡᠳᠦᠷᠬᠡᠢ ᠤᠶᠢᠷᠠᠳᠬᠤ ᠠᠴᠠ ᠵᠠᠶᠢᠯᠠᠰᠬᠢᠬᠤ ᠶᠢᠨ ᠬᠠᠮᠳᠤ᠂ ᠬᠦᠮᠦᠨ ᠨᠢᠭᠳᠠᠷᠠᠭᠰᠠᠨ ᠭᠠᠵᠠᠷ ᠲᠤ ᠶᠠᠪᠤᠵᠤ ᠰᠠᠭᠤᠬᠤ ᠴᠠᠭ ᠢᠶᠠᠨ ᠪᠤᠭᠤᠨᠢᠰᠬᠠᠪᠠᠯ ᠵᠤᠬᠢᠨ᠎ᠠ᠃ ᠬᠤᠯᠤᠭᠠᠨ᠎ᠠ ᠶᠢᠨ ᠬᠢᠵᠢᠭ ᠳᠡᠯᠬᠡᠷᠡᠭᠰᠡᠨ ᠭᠠᠵᠠᠷ ᠤᠷᠤᠨ ᠳᠤ ᠦᠬᠦᠭᠰᠡᠨ ᠠᠮᠢᠳᠠᠨ ᠲᠠᠢ ᠬᠦᠷᠦᠯᠴᠡᠵᠤ ᠪᠤᠯᠬᠤ ᠦᠬᠡᠢ ᠪᠦᠬᠡᠳ ᠬᠤᠷᠤᠬᠠᠢ ᠬᠦᠬᠡᠬᠡᠬᠦ ᠡᠮ ᠬᠡᠷᠡᠭᠯᠡᠪᠡᠯ ᠵᠤᠬᠢᠨ᠎ᠠ᠃         ᠠᠰᠠᠭᠤᠯᠳᠠ ᠨᠠᠢᠮᠠ᠂ ᠬᠡᠷᠪᠡ ᠦᠪᠡᠷ ᠢ ᠪᠠᠨ ᠬᠤᠯᠤᠭᠠᠨ᠎ᠠ ᠶᠢᠨ ᠬᠢᠵᠢᠭ ᠲᠤ ᠨᠡᠷᠪᠡᠭᠳᠡᠭᠰᠡᠨ ᠬᠡᠵᠤ ᠰᠡᠵᠢᠭᠯᠡᠪᠡᠯ ᠶᠠᠭᠠᠬᠢᠪᠠᠯ ᠵᠤᠬᠢᠬᠤ ᠪᠤᠢ︖         ᠬᠡᠷᠪᠡ ᠬᠡᠨᠡᠳᠳᠡ ᠬᠠᠯᠠᠭᠤᠷᠠᠬᠤ᠂ ᠳᠠᠭᠠᠷᠠᠳᠠᠰᠤ ᠬᠦᠷᠬᠦ᠂ ᠯᠢᠮᠪᠠ ᠶᠢᠨ ᠵᠠᠩᠬᠢᠯᠠᠭ᠎ᠠ ᠬᠠᠪᠤᠳᠴᠤ ᠡᠪᠡᠳᠬᠦ ᠪᠤᠶᠤ ᠠᠮᠢᠰᠬᠤᠯ ᠴᠢᠬᠤᠯᠳᠠᠬᠤ᠂ ᠬᠠᠨᠢᠶᠠᠬᠤ ᠡᠰᠡᠬᠦᠯ᠎ᠡ ᠴᠢᠰᠦᠳᠤ ᠴᠡᠷ ᠭᠠᠷᠪᠠᠯ᠂ ᠳᠠᠷᠤᠢ ᠲᠦᠷᠬᠡᠨ ᠡᠮᠡᠨᠡ ᠵᠠᠰᠠᠬᠤ ᠠᠷᠭ᠎ᠠ ᠡᠷᠢᠬᠦ ᠬᠡᠷᠡᠭᠳᠡᠢ ︵ᠬᠤᠯᠤᠭᠠᠨ᠎ᠠ ᠶᠢᠨ ᠬᠢᠵᠢᠭ ᠳᠡᠯᠬᠡᠷᠡᠭᠰᠡᠨ ᠭᠠᠵᠠᠷ ᠤᠷᠤᠨ ᠢᠶᠠᠷ ᠬᠦᠷᠴᠦ ᠦᠩᠬᠡᠷᠡᠭᠰᠡᠨ ᠪᠠᠶᠢᠪᠠᠯ ᠪᠠᠶᠢᠳᠠᠯ ᠢᠶᠠᠨ ᠡᠮᠨᠡᠯᠬᠡ ᠶᠢᠨ ᠠᠵᠢᠯᠳᠠᠨ ᠳᠤ ᠮᠡᠳᠡᠭᠳᠡᠬᠦ ᠬᠡᠷᠡᠭᠳᠡᠢ︶᠃ ᠡᠮᠨᠡᠯᠬᠡ ᠶᠢᠨ ᠠᠵᠢᠯᠳᠠᠨ ᠤ ᠤᠨᠤᠰᠢᠯᠠᠯᠳᠠ ᠶᠢ ᠦᠩᠬᠡᠷᠡᠬᠡᠬᠦ ᠦᠬᠡᠢ ᠪᠠᠷ ᠦᠪᠡᠷ ᠲᠡᠭᠡᠨ ᠡᠮ ᠬᠡᠷᠡᠭᠯᠡᠬᠦ ᠠᠴᠠ ᠵᠠᠶᠢᠯᠠᠰᠬᠢᠬᠤ ᠬᠡᠷᠡᠭᠳᠡᠢ᠂ ᠡᠬᠦᠨ ᠳᠤ ᠨᠢᠶᠡᠨ ᠳᠠᠷᠤᠭᠴᠢ ᠬᠡᠷᠡᠭᠯᠡᠬᠦ ᠶᠢ ᠪᠠᠭᠳᠠᠭᠠᠨ᠎ᠠ᠃         ᠠᠰᠠᠭᠤᠯᠳᠠ ᠶᠢᠰᠦ᠂ ᠬᠤᠯᠤᠭᠠᠨ᠎ᠠ ᠶᠢᠨ ᠬᠢᠵᠢᠭ ᠢ ᠬᠡᠷᠬᠢᠨ ᠤᠨᠤᠰᠢᠯᠠᠬᠤ ᠪᠤᠢ︖         ᠡᠮᠨᠡᠯᠬᠡ ᠶᠢᠨ ᠠᠵᠢᠯᠳᠠᠨ ᠡᠪᠡᠳᠴᠢᠳᠠᠨ ᠤ ᠪᠠᠶᠢᠳᠠᠯ ᠢ ᠦᠨᠳᠦᠰᠦᠯᠡᠨ ᠤᠨᠤᠰᠢᠯᠠᠯᠳᠠ ᠬᠢᠨ᠎ᠠ᠃ ᠴᠢᠰᠦᠨ ᠤ ᠦᠯᠢᠬᠡᠷ᠂ ᠴᠡᠷ ︵ᠠᠭᠤᠰᠬᠢᠨ ᠠᠴᠠ ᠬᠠᠨᠢᠶᠠᠵᠤ ᠭᠠᠷᠭᠠᠭᠰᠠᠨ ᠰᠢᠩᠬᠡᠨ ᠪᠡᠶ᠎ᠡ︶ ᠪᠤᠶᠤ ᠦᠷᠪᠢᠰᠦᠯ ᠤᠨ ᠴᠢᠨᠠᠷᠳᠡᠢ ᠯᠢᠮᠪᠠ ᠶᠢᠨ ᠪᠤᠯᠴᠢᠷᠬᠠᠢ ᠶᠢᠨ ᠡᠳᠡᠬᠡᠳ ᠰᠢᠩᠬᠡᠨ ᠢᠶᠠᠨ ᠳᠤᠷᠰᠢᠯᠳᠠ ᠶᠢᠨ ᠳᠠᠰᠤᠭ ᠤᠨ ᠰᠢᠯᠭᠠᠨ ᠪᠠᠶᠢᠴᠠᠭᠠᠭᠰᠠᠨ ᠦᠷ᠎ᠡ ᠳ᠋ᠦᠩ ᠢᠶᠠᠷ ᠦᠨᠳᠦᠰᠦᠯᠡᠯ ᠪᠤᠯᠭᠠᠨ᠎ᠠ᠃         ᠠᠰᠠᠭᠤᠯᠳᠠ ᠠᠷᠪᠠ᠂ ᠬᠤᠯᠤᠭᠠᠨ᠎ᠠ ᠶᠢᠨ ᠬᠢᠵᠢᠭ ᠢ ᠬᠡᠷᠬᠢᠨ ᠰᠡᠷᠬᠡᠶᠢᠯᠡᠬᠦ ᠪᠤᠢ︖         1᠂ ᠬᠢᠵᠢᠭ ᠳᠡᠯᠬᠡᠷᠡᠭᠰᠡᠨ ᠤᠷᠤᠨ ᠢᠶᠠᠷ ᠵᠤᠭᠠᠴᠠᠨ ᠳᠤᠭᠤᠷᠢᠬᠤ ᠪᠤᠶᠤ ᠬᠦᠳᠡᠯᠬᠡᠬᠡᠨ ᠬᠢᠬᠦ ᠠᠴᠠ ᠵᠠᠶᠢᠯᠠᠰᠬᠢᠵᠤ᠂ ᠮᠡᠷᠡᠭᠴᠢ ᠠᠮᠢᠳᠠᠨ ᠲᠠᠢ ᠤᠶᠢᠷᠠᠳᠬᠤ ᠠᠴᠠ ᠵᠠᠶᠢᠯᠠᠰᠬᠢᠨ᠎ᠠ᠃         2᠂ ᠬᠤᠯᠤᠭᠠᠨ᠎ᠠ ᠶᠢᠨ ᠬᠢᠵᠢᠭ ᠤᠯᠤᠭᠰᠠᠨ ᠡᠪᠡᠳᠴᠢᠳᠡᠨ ᠲᠠᠢ ᠬᠦᠷᠦᠯᠴᠡᠬᠦ ᠠᠴᠠ ᠵᠠᠶᠢᠯᠠᠰᠬᠢᠨ᠎ᠠ᠂ ᠠᠭᠤᠰᠬᠢᠨ ᠤ ᠬᠤᠯᠤᠭᠠᠨ᠎ᠠ ᠶᠢᠨ ᠬᠢᠵᠢᠭ ᠲᠠᠢ ᠪᠠᠶᠢᠵᠤ ᠮᠡᠳᠡᠬᠦ ᠡᠪᠡᠳᠴᠢᠳᠡᠨ ᠲᠠᠢ ᠴᠢᠳᠠᠬᠤ ᠶᠢᠨ ᠳᠤᠳᠤᠷ᠎ᠠ ᠨᠢᠬᠡ  ᠮᠧᠲᠷ ᠠᠴᠠ ᠢᠯᠡᠬᠦᠤ ᠵᠠᠶᠢᠳᠠᠢ ᠪᠠᠶᠢᠬᠤ ᠶᠢᠨ ᠬᠠᠮᠳᠤ ᠠᠮᠠᠪᠴᠢ ᠵᠡᠬᠦᠵᠤ᠂ ᠭᠠᠷ ᠢᠶᠠᠨ ᠰᠠᠶᠢᠳᠤᠷ ᠤᠬᠢᠶᠠᠨ᠎ᠠ᠃         3᠂ ᠨᠤᠬᠠᠢ ᠶᠢᠨ ᠪᠦᠬᠡᠰᠤᠨ ᠳᠤ ᠵᠠᠭᠤᠭᠳᠠᠬᠤ ᠠᠴᠠ ᠰᠡᠷᠬᠡᠶᠢᠯᠡᠬᠦ ᠴᠢᠬᠤᠯᠠ ᠪᠦᠬᠦᠢ ᠠᠷᠭ᠎ᠠ ᠬᠡᠮᠵᠢᠶ᠎ᠠ ᠠᠪᠴᠤ᠂ ᠬᠤᠷᠤᠬᠠᠢ ᠬᠦᠬᠡᠬᠡᠬᠦ ᠡᠮ ᠬᠡᠷᠡᠭᠯᠡᠨ᠎ᠡ᠃         4᠂ ᠬᠢᠵᠢᠭ ᠳᠡᠯᠬᠡᠷᠡᠭᠰᠡᠨ ᠭᠠᠵᠠᠷ ᠢᠶᠠᠷ ᠬᠦᠷᠴᠦ ᠦᠩᠬᠡᠷᠡᠭᠰᠡᠨ ᠪᠠᠶᠢᠪᠠᠯ ᠬᠤᠶᠠᠷ ᠭᠠᠷᠠᠭ ᠦᠷᠬᠦᠯᠵᠢᠯᠡᠨ ᠪᠡᠶ᠎ᠡ ᠶᠢᠨ ᠳᠤᠯᠠᠭᠠᠨ ᠢᠶᠠᠨ ᠬᠡᠮᠵᠢᠨ᠎ᠡ᠃ ᠬᠡᠨᠡᠳᠳᠡ ᠬᠠᠯᠠᠭᠤᠷᠠᠬᠤ᠂ ᠳᠠᠭᠠᠷᠠᠳᠠᠰᠤ ᠬᠦᠷᠬᠦ᠂ ᠯᠢᠮᠪᠡ ᠶᠢᠨ ᠵᠠᠩᠬᠢᠯᠠᠭ᠎ᠠ ᠡᠪᠡᠳᠬᠦ᠂ ᠬᠠᠨᠢᠶᠠᠬᠤ᠂ ᠴᠢᠰᠤ ᠪᠠᠷ ᠬᠠᠨᠢᠶᠠᠬᠤ ᠵᠡᠷᠬᠡ ᠡᠪᠡᠳᠴᠢᠨ ᠤ ᠢᠯᠡᠷᠡᠯ ᠲᠠᠢ ᠪᠤᠯᠪᠠᠯ ᠳᠠᠷᠤᠢ ᠲᠦᠷᠬᠡᠨ ᠡᠮᠴᠢᠯᠡᠬᠦᠯᠬᠦ ᠶᠢᠨ ᠬᠠᠮᠳᠤ ᠡᠮᠴᠢ ᠳᠤ ᠪᠠᠶᠢᠳᠠᠯ ᠢᠶᠠᠨ ᠮᠡᠳᠡᠭᠳᠡᠬᠦ ᠬᠡᠷᠡᠭᠳᠡᠢ᠃         5᠂ ᠬᠤᠯᠤᠭᠠᠨ᠎ᠠ ᠶᠢᠨ ᠬᠢᠵᠢᠭ ᠲᠤ ᠬᠠᠯᠳᠠᠪᠤᠷᠢᠯᠠᠭᠳᠠᠭᠰᠠᠨ ᠡᠪᠡᠳᠴᠢᠳᠡᠨ ᠲᠠᠢ ᠨᠢᠭᠳᠠ ᠬᠠᠷᠢᠯᠴᠠᠵᠤ ᠪᠠᠶᠢᠭ᠎ᠠ ᠬᠦᠮᠦᠰ ᠡᠷᠳᠡᠬᠡᠨ ᠡᠮ ᠬᠡᠷᠡᠭᠯᠡᠵᠦ ᠤᠷᠢᠳᠴᠢᠯᠠᠨ ᠰᠡᠷᠬᠡᠶᠢᠯᠡᠬᠦ ᠬᠡᠷᠡᠭᠳᠡᠢ᠃         ᠠᠰᠠᠭᠤᠯᠳᠠ ᠠᠷᠪᠠᠨ ᠨᠢᠬᠡ᠂ ᠬᠤᠯᠤᠭᠠᠨ᠎ᠠ ᠶᠢᠨ ᠬᠢᠵᠢᠭ ᠢ ᠬᠡᠷᠬᠢᠨ ᠵᠠᠰᠠᠬᠤ ᠪᠤᠢ︖         ᠴᠠᠭ ᠳᠤᠬᠠᠢ ᠳᠤᠨᠢ ᠡᠮᠴᠢᠯᠡᠨ ᠵᠠᠰᠠᠪᠠᠯ ᠦᠬᠦᠬᠦ ᠨᠤᠷᠮ᠎ᠠ ᠶᠢ ᠪᠠᠭᠤᠷᠠᠭᠤᠯᠤᠨ᠎ᠠ᠃ ᠬᠤᠯᠤᠭᠠᠨ᠎ᠠ ᠶᠢᠨ ᠬᠢᠵᠢᠭ ᠳᠡᠯᠬᠡᠷᠡᠭᠰᠡᠨ ᠭᠠᠵᠠᠷ ᠤᠷᠤᠨ ᠳᠤ ᠡᠪᠡᠳᠴᠢᠨ ᠤ ᠢᠯᠡᠷᠡᠯ ᠲᠠᠢ ᠡᠪᠡᠳᠴᠢᠳᠡᠨ ᠡᠷᠡᠬᠦᠯ ᠬᠠᠮᠠᠭᠠᠯᠠᠯ ᠤᠨ ᠬᠤᠷᠢᠶᠠᠨ ᠳᠤ ᠬᠦᠷᠴᠤ ᠤᠨᠤᠰᠢᠯᠠᠬᠤ ᠪᠠ ᠡᠮᠨᠡᠨ ᠵᠠᠰᠠᠭᠤᠯᠬᠤ ᠬᠡᠷᠡᠭᠳᠡᠢ᠃ ᠠᠭᠤᠰᠬᠢᠨ ᠤ ᠬᠢᠵᠢᠭ ᠤᠨ ᠡᠪᠡᠳᠴᠢᠳᠡᠨ ᠡᠷᠬᠡᠪᠰᠢ ᠰᠡᠷᠬᠡᠶᠢᠯᠡᠨ ᠬᠠᠮᠠᠭᠠᠯᠠᠬᠤ ᠬᠡᠷᠡᠭᠰᠡᠯ ᠡᠮᠦᠰᠴᠦ ᠵᠡᠬᠦᠬᠦ ᠶᠢᠨ ᠬᠠᠮᠳᠤ ᠳᠤᠰᠠᠭᠠᠷᠯᠠᠵᠤ᠂ ᠳᠤᠰᠬᠠᠢ ᠡᠮᠨᠡᠯᠬᠡ ᠶᠢᠨ ᠠᠵᠢᠯᠳᠠᠨ ᠢᠶᠠᠷ ᠡᠮᠨᠡᠬᠦᠯᠦᠨ ᠵᠠᠰᠠᠭᠤᠯᠬᠤ ᠬᠡᠷᠡᠭᠳᠡᠢ᠃         ᠠᠰᠠᠭᠤᠯᠳᠠ ᠠᠷᠪᠠᠨ ᠬᠤᠶᠠᠷ᠂ ᠬᠤᠯᠤᠭᠠᠨ᠎ᠠ ᠶᠢᠨ ᠬᠢᠵᠢᠭ ᠡᠬᠦᠰᠦᠭᠰᠡᠨ ᠭᠠᠵᠠᠷ ᠤᠷᠤᠨ ᠳᠤ ᠠᠮᠠᠪᠴᠢ ᠵᠡᠬᠦᠵᠤ ᠦᠪᠡᠷ ᠢ ᠪᠠᠨ ᠬᠠᠮᠠᠭᠠᠯᠠᠬᠤ ᠴᠢᠬᠤᠯᠠ ᠲᠠᠢ ᠤᠤ︖         ᠡᠪᠡᠳᠴᠢᠳᠡᠨ ᠲᠠᠢ ᠤᠶᠢᠷᠠᠳᠬᠤ ᠬᠡᠮᠵᠢᠶ᠎ᠡ ᠠᠴᠠ ᠳᠤᠭᠳᠠᠭᠠᠭᠳᠠᠨ᠎ᠠ᠃ ᠬᠢᠵᠢᠭ ᠳᠡᠯᠬᠡᠷᠡᠭᠰᠡᠨ ᠭᠠᠵᠠᠷ ᠲᠤ ᠠᠮᠢᠳᠤᠷᠠᠵᠤ ᠪᠠᠶᠢᠭ᠎ᠠ ᠬᠦᠮᠦᠰ ᠠᠮᠠᠪᠴᠢ ᠵᠡᠬᠦᠵᠤ ᠪᠤᠯᠤᠨ᠎ᠠ᠃ ᠬᠡᠪᠡᠴᠤ ᠳᠤᠬᠢᠳᠡᠢ ᠬᠡᠷᠡᠭᠯᠡᠬᠦ ᠪᠠ ᠰᠢᠢᠳᠪᠤᠷᠢᠯᠡᠬᠦ ᠶᠢ ᠠᠩᠬᠠᠷᠴᠤ᠂ ᠵᠤᠬᠢᠰ ᠦᠬᠡᠢ ᠬᠡᠷᠡᠭᠯᠡᠭᠰᠡᠨ ᠠᠴᠠ ᠪᠤᠯᠵᠤ ᠬᠠᠯᠳᠠᠪᠤᠷᠢᠯᠡᠯ ᠤᠨ ᠡᠬᠢ ᠪᠤᠯᠴᠢᠬᠠᠬᠤ ᠠᠴᠠ ᠵᠠᠶᠢᠯᠠᠰᠬᠢᠬᠤ ᠬᠡᠷᠡᠭᠳᠡᠢ᠃ ᠡᠪᠡᠳᠴᠢᠳᠡᠨ ᠪᠠ ᠡᠮᠴᠢ ᠰᠤᠪᠢᠯᠠᠭᠴᠢ ᠠᠮᠠᠪᠴᠢ ᠶᠢ ᠵᠦᠪ ᠬᠡᠷᠡᠭᠯᠡᠬᠦ ᠨᠢ ᠠᠭᠤᠰᠬᠢᠨ ᠤ ᠬᠤᠯᠤᠭᠠᠨ᠎ᠠ ᠶᠢᠨ ᠬᠢᠵᠢᠭ ᠳᠡᠯᠬᠡᠷᠡᠬᠦ ᠶᠢ ᠪᠠᠭᠠᠰᠬᠠᠬᠤ ᠳᠤ ᠠᠰᠢᠭᠳᠠᠢ ᠶᠤᠮ᠃
ᠢᠷᠡᠯᠲᠡ᠄ ︽ᠤᠯᠠᠭᠠᠨ ᠬᠠᠳᠠ ᠶᠢᠨ ᠡᠳᠦᠷ ᠤᠨ ᠰᠤᠨᠢᠨ︾ ᠵᠢᠷᠬᠢᠶ᠎ᠡ ᠲᠠᠪᠴᠠᠩ