︽ᠤᠷᠳᠤᠰ ᠬᠤᠳᠠ ᠶᠢᠨ ᠪᠤᠯᠪᠠᠰᠤᠨ ᠦᠢᠯᠡ ᠠᠵᠢᠯᠯᠠᠭ᠎ᠠ ᠶᠢ ᠠᠬᠢᠭᠤᠯᠬᠤ ᠲᠤᠭᠳᠠᠭᠠᠯ︾ ᠳᠤ ᠶᠠᠭᠤ ᠭᠡᠵᠤ ᠱᠠᠭᠠᠷᠳᠠᠬᠰᠡᠨ ᠪᠤᠢ︖
ᠨᠡᠶᠢᠲᠡᠯᠡᠭᠰᠡᠨ ᠴᠠᠭ᠄
2020/8/20
         ︽ᠤᠷᠳᠤᠰ ᠬᠤᠳᠠ ᠶᠢᠨ ᠪᠤᠯᠪᠠᠰᠤᠨ ᠦᠢᠯᠡ ᠠᠵᠢᠯᠯᠠᠭ᠎ᠠ ᠶᠢ ᠠᠬᠢᠭᠤᠯᠬᠤ ᠲᠤᠭᠳᠠᠭᠠᠯ︾ ᠳᠤ ᠬᠠᠭᠤᠴᠢᠨ ᠬᠡᠪᠰᠢᠷᠡᠮᠡᠯ ᠵᠠᠩᠰᠢᠯ ᠢ ᠦᠭᠡᠷᠡᠴᠢᠯᠡᠨ᠂ ᠬᠦᠳᠡᠭᠡ ᠨᠤᠳᠤᠭ ᠤᠨ ᠪᠤᠯᠪᠠᠰᠤᠨ ᠢ ᠠᠬᠢᠭᠤᠯᠬᠤ ᠳᠤ ᠳᠣᠤᠷᠠᠬᠢ ᠲᠣᠭᠲᠠᠭᠠᠯ ᠢ ᠵᠢᠷᠤᠮᠯᠡᠨ᠎ᠡ ᠬᠡᠵᠤ ᠱᠠᠭᠠᠷᠳᠠᠵᠠᠢ᠄          ︵ᠨᠢᠭᠡ︶ ᠪᠠᠶᠠᠷ ᠤᠨ ᠶᠠᠪᠤᠳᠠᠯ ᠢ ᠲᠦᠭᠦᠮ ᠬᠢᠵᠦ᠂ ᠪᠦᠷᠢᠯᠭᠡᠨ ᠰᠦᠢᠳᠬᠡᠬᠦ ᠦᠭᠡᠢ᠂ ᠠᠳᠠᠭᠠᠷᠬᠠᠵᠤ ᠠᠳᠠᠯᠢᠳᠬᠠᠬᠤ ᠦᠭᠡᠢ᠂ ᠤᠷᠤᠭ ᠬᠤᠷᠢᠮ ᠤᠨ ᠶᠠᠪᠤᠴᠠ ᠳᠠᠬᠢ ᠪᠤᠯᠬᠢ ᠮᠠᠭᠤᠬᠠᠢ ᠵᠠᠩᠰᠢᠯ ᠢ ᠲᠠᠶᠠᠭᠳᠠᠬᠤ ᠬᠡᠷᠡᠭᠳᠡᠢ᠃          ︵ᠬᠤᠶᠠᠷ︶ ᠬᠦᠨᠳᠦᠳᠭᠡᠨ ᠠᠰᠠᠷᠠᠵᠤ᠂ ᠲᠦᠭᠦᠮ ᠢᠶᠠᠷ ᠣᠷᠣᠰᠢᠭᠤᠯᠵᠤ᠂ ᠪᠤᠯᠪᠠᠰᠤᠨ ᠮᠠᠶ᠋ᠢᠭ ᠢᠶᠠᠷ ᠲᠠᠬᠢᠯᠭ᠎ᠠ ᠬᠢᠵᠦ᠂ ᠹᠸᠤᠳᠠᠯ ᠤᠨ ᠮᠤᠬᠤᠷ ᠪᠢᠰᠢᠷᠡᠯ ᠤᠨ ᠠᠵᠢᠯᠯᠠᠭ᠎ᠠ ᠬᠢᠬᠦ ᠦᠭᠡᠢ᠃          ︵ᠭᠤᠷᠪᠠ︶ ᠪᠣᠯᠪᠠᠰᠤᠨ ᠢᠶᠠᠷ ᠬᠤᠭᠤᠯᠠᠯᠠᠵᠤ᠂ ᠵᠦᠶ ᠵᠣᠬᠢᠰᠲᠠᠶ ᠬᠡᠷᠡᠭᠯᠡᠭᠡ ᠬᠢᠵᠦ᠂ ᠪᠤᠰᠤᠳ ᠢ ᠠᠯᠪᠠᠳᠠᠵᠤ ᠠᠷᠢᠬᠢ ᠤᠤᠭᠤᠯᠭᠠᠬᠤ ᠦᠭᠡᠢ᠂ ᠦᠪᠡᠷ ᠢᠶᠠᠨ ᠴᠤ ᠠᠷᠢᠬᠢᠨ ᠳᠤ ᠰᠢᠨᠤᠬᠤ ᠦᠭᠡᠢ᠃          ︽ᠤᠷᠳᠤᠰ ᠬᠤᠳᠠ ᠶᠢᠨ ᠪᠤᠯᠪᠠᠰᠤᠨ ᠦᠢᠯᠡ ᠠᠵᠢᠯᠯᠠᠭ᠎ᠠ ᠶᠢ ᠠᠬᠢᠭᠤᠯᠬᠤ ᠲᠤᠭᠳᠠᠭᠠᠯ︾ ᠳᠤ ᠪᠣᠯᠪᠠᠰᠤᠨ ᠭᠡᠷ ᠪᠦᠯᠢ ᠶᠢ ᠡᠭᠦᠳᠦᠨ ᠪᠠᠶᠢᠭᠤᠯᠵᠤ᠂ ᠰᠠᠶᠢᠨ ᠰᠠᠶᠢᠬᠠᠨ ᠭᠡᠷ ᠤᠨ ᠰᠤᠷᠲᠠᠯ ᠢ ᠪᠤᠢ ᠪᠤᠯᠭᠠᠬᠤ ᠳᠤ ᠳᠣᠤᠷ᠎ᠠ ᠵᠢᠭᠰᠠᠭᠠᠭᠰᠠᠨ ᠲᠣᠭᠲᠠᠭᠠᠯ ᠢ ᠵᠢᠷᠤᠮᠯᠡᠶ᠎ᠡ ᠬᠡᠵᠤ ᠱᠠᠭᠠᠷᠳᠠᠪᠠ᠄          ︵ᠨᠢᠭᠡ︶ ᠠᠴᠢᠯᠠᠯ ᠮᠣᠷᠠᠯ ᠢ ᠲᠡᠭᠡᠳᠦᠯᠡᠨ᠂ ᠠᠬᠠᠰ ᠵᠠᠬᠠᠰ ᠢᠶᠠᠨ ᠬᠦᠨᠳᠦᠯᠡᠵᠦ᠂ ᠨᠠᠰᠤᠲᠠᠶᠢᠴᠤᠳ ᠢᠶᠠᠨ ᠠᠰᠠᠷᠠᠨ ᠲᠡᠵᠢᠭᠡᠨ᠎ᠡ᠃          ︵ᠬᠤᠶᠠᠷ︶ ᠬᠡᠷ ᠪᠦᠯᠢ ᠡᠶ᠎ᠡ ᠨᠠᠶᠢᠷᠳᠠᠢ᠂ ᠡᠷᠡᠭᠲᠡᠶ ᠡᠮᠡᠭᠲᠡᠶ ᠡᠷᠬᠡ ᠲᠡᠭᠰᠢ᠂ ᠬᠠᠷᠢᠯᠴᠠᠨ ᠲᠤᠰᠠᠯᠠᠯᠴᠠᠵᠤ᠂ ᠠᠵᠢᠯᠴᠢ ᠠᠷᠪᠢᠴᠢ ᠪᠠᠷ ᠠᠮᠢᠳᠤᠷᠠᠨ᠎ᠠ᠃          ︵ᠭᠤᠷᠪᠠ︶ ᠨᠠᠰᠤᠨ ᠳᠤ ᠦᠯᠦ ᠬᠦᠷᠦᠭᠰᠡᠳ ᠤᠨ ᠡᠷᠡᠭᠦᠯ ᠢᠶᠠᠷ ᠦᠰᠦᠨ ᠪᠤᠶᠢᠵᠢᠬᠤ ᠶᠢ ᠬᠠᠯᠠᠮᠵᠢᠯᠠᠵᠤ ᠂ ᠪᠣᠯᠪᠠᠰᠤᠨ ᠦᠢᠯᠡ ᠠᠵᠢᠯᠯᠠᠭ᠎ᠠ ᠶᠢᠨ ᠳᠠᠳᠬᠠᠯ ᠢ ᠪᠤᠢ ᠪᠤᠯᠭᠠᠨ᠂ ᠰᠢᠯᠢᠳᠡᠭ ᠰᠠᠶᠢᠨ ᠭᠡᠷ ᠤᠨ ᠰᠤᠷᠲᠠᠯ ᠭᠡᠷ ᠤᠨ ᠰᠤᠷᠭᠠᠯ ᠢ ᠤᠯᠠᠮᠵᠢᠯᠠᠨ ᠵᠠᠯᠭᠠᠮᠵᠢᠯᠠᠨ᠎ᠠ᠃
ᠢᠷᠡᠯᠲᠡ᠄ ᠣᠷᠳᠣᠰ ᠮᠣᠩᠭᠤᠯ ᠰᠦᠯᠵᠢᠶ᠎ᠡ