︽ᠤᠷᠳᠤᠰ ᠬᠤᠳᠠ ᠶᠢᠨ ᠪᠤᠯᠪᠠᠰᠤᠨ ᠦᠢᠯᠡ ᠠᠵᠢᠯᠯᠠᠭ᠎ᠠ ᠶᠢ ᠠᠬᠢᠭᠤᠯᠬᠤ ᠲᠤᠭᠳᠠᠭᠠᠯ︾ ᠳᠤ | ᠨᠡᠶᠢᠭᠡᠮ ᠲᠣᠭᠤᠷᠢᠭ ᠤᠨ ᠣᠷᠴᠢᠨ ᠲᠣᠭᠤᠷᠢᠨ ᠢ ᠬᠠᠮᠠᠭᠠᠯᠠᠵᠤ᠂ ᠨᠡᠶᠢᠭᠡᠮ ᠲᠣᠭᠤᠷᠢᠭ ᠤᠨ ᠪᠣᠯᠪᠠᠰᠤᠨ ᠢ ᠬᠠᠮᠲᠤ ᠪᠠᠷ | ᠪᠠᠶᠢᠭᠤᠯᠵᠤ᠂ ᠳᠣᠤᠷ᠎ᠠ ᠵᠢᠭᠰᠠᠭᠠᠭᠰᠠᠨ ᠲᠣᠭᠲᠠᠭᠠᠯ ᠢ ᠵᠢᠷᠤᠮᠯᠠᠬᠤ ᠬᠡᠷᠡᠭᠳᠡᠢ ᠬᠡᠵᠤ ᠱᠠᠭᠠᠷᠳᠠᠪᠠ᠄ | ︵ᠨᠢᠭᠡ︶ ᠠᠶᠢᠯ ᠰᠠᠭᠠᠬᠠᠯᠳᠠ ᠬᠤᠭᠤᠷᠣᠨᠳᠣ ᠪᠠᠨ ᠪᠦᠯᠬᠦᠮᠳᠡᠨ᠂ ᠬᠠᠷᠢᠯᠴᠠᠨ ᠬᠠᠪᠰᠤᠷᠤᠯᠴᠠᠵᠤ᠂ | ᠵᠥᠷᠢᠴᠡᠯ ᠵᠢᠭᠤᠷᠠᠯᠳᠤᠭᠠᠨ ᠢ ᠪᠣᠯᠪᠠᠰᠤᠨ ᠢᠶᠠᠷ ᠰᠢᠢᠳᠪᠦᠷᠢᠯᠡᠨ᠎ᠡ᠃ | ︵ᠬᠤᠶᠠᠷ︶ ᠰᠠᠭᠤᠭᠠᠯᠢ ᠲᠤᠭᠤᠷᠢᠭ ᠲᠤ ᠲᠤᠷ᠎ᠠ ᠲᠠᠪᠠ ᠪᠠᠷ ᠢᠶᠠᠨ ᠲᠤᠤᠷ ᠬᠤᠭᠤᠯᠠᠢ ᠪᠠᠶᠢᠭᠤᠯᠬᠤ | ᠪᠤᠶᠤ ᠴᠠᠬᠢᠯᠭᠠᠨ ᠤᠳᠠᠰᠤ ᠲᠠᠳᠠᠬᠤ ᠦᠭᠡᠢ᠂ ᠬᠠᠮᠲᠤ ᠶᠢᠨ ᠲᠤᠨᠤᠭ ᠲᠥᠬᠦᠭᠡᠷᠦᠮᠵᠢ ᠶᠢ ᠬᠠᠶᠢᠷᠠᠯᠠᠨ ᠬᠠᠮᠠᠭᠠᠯᠠᠨ᠎ᠠ᠃ | ︵ᠭᠤᠷᠪᠠ︶ ᠣᠷᠣᠨ ᠰᠠᠭᠤᠴᠠ ᠶᠢᠨ ᠲᠣᠭᠤᠷᠢᠭ ᠤᠨ ᠠᠰᠠᠷ ᠤᠨ ᠭᠤᠳᠤᠮᠵᠢ ᠵᠡᠷᠭᠡ ᠬᠠᠮᠲᠤ ᠪᠠᠷ | ᠥᠮᠴᠢᠯᠡᠬᠦ ᠣᠷᠣᠨ ᠳᠤ ᠡᠳ᠋ ᠪᠣᠳᠠᠰ ᠣᠪᠣᠭᠠᠯᠠᠵᠤ ᠲᠠᠯᠪᠢᠬᠤ ᠦᠭᠡᠢ᠂ ᠣᠯᠠᠨ ᠨᠡᠶᠢᠲᠡ ᠶᠢᠨ ᠵᠦᠯᠭᠡ ᠭᠠᠵᠠᠷ ᠢ | ᠡᠵᠡᠯᠡᠨ ᠨᠣᠭᠤᠭ᠎ᠠ ᠳᠠᠷᠢᠬᠤ ᠥᠬᠡᠶ᠂ ᠣᠯᠠᠨ ᠨᠡᠶᠢᠲᠡ ᠶᠢᠨ ᠭᠠᠵᠠᠷ ᠲᠤ ᠬᠡᠷ ᠤᠨ ᠵᠢᠭᠦᠷᠲᠡᠨ ᠪᠤᠶᠤ ᠪᠤᠰᠤᠳ | ᠬᠡᠷ ᠤᠨ ᠲᠡᠵᠢᠭᠡᠪᠦᠷᠢ ᠶᠢ ᠲᠡᠵᠢᠭᠡᠵᠤ ᠪᠤᠯᠬᠤ ᠥᠬᠡᠶ᠃ | ︵ᠲᠥᠷᠪᠡ︶ ᠪᠤᠰᠤᠳ ᠤᠨ ᠲᠡᠷᠭᠡᠨ ᠬᠥᠮᠥᠷᠭᠡ ᠶᠢᠨ ᠡᠭᠦᠳᠡ ᠶᠢ ᠪᠥᠭᠯᠡᠨ ᠮᠠᠰᠢᠨ ᠵᠤᠭᠰᠤᠭᠠᠬᠤ | ᠦᠭᠡᠢ᠂ ᠪᠤᠰᠤᠳ ᠤᠨ ᠲᠡᠷᠭᠡ ᠵᠣᠭᠰᠣᠭᠠᠬᠤ ᠪᠠᠶᠢᠷᠢ ᠶᠢ ᠡᠵᠡᠯᠡᠬᠦ ᠥᠭᠡᠢ᠃ | ︵ᠲᠠᠪᠤ︶ ᠬᠡᠷ ᠤᠨ ᠭᠠᠳᠠᠨ᠎ᠠ ᠪᠠᠨ ᠣᠯᠠᠨ ᠨᠡᠶᠢᠲᠡ ᠶᠢᠨ ᠠᠮᠤᠷ ᠲᠦᠪᠰᠢᠨ ᠳᠤ ᠬᠤᠤᠷ | ᠬᠥᠨᠥᠭᠡᠯ ᠲᠠᠢ ᠡᠳ᠋ ᠪᠣᠳᠠᠰ ᠢ ᠲᠠᠯᠪᠢᠬᠤ ᠦᠭᠡᠢ᠃ | ︵ᠵᠢᠷᠭᠤᠭ᠎ᠠ︶ ᠬᠡᠷ ᠦᠷᠦᠭᠡ ᠪᠠᠨ ᠵᠠᠰᠠᠵᠤ ᠴᠢᠮᠡᠭᠯᠡᠬᠦ᠂ ᠴᠠᠬᠢᠯᠭᠠᠨ ᠬᠡᠷᠡᠭᠰᠡᠯ ᠬᠡᠷᠡᠭᠯᠡᠬᠦ᠂ | ᠬᠦᠭᠵᠢᠮ ᠤᠨ ᠪᠠᠭᠠᠵᠢ ᠬᠡᠷᠡᠭᠯᠡᠬᠦ ᠪᠤᠶᠤ ᠪᠤᠰᠤᠳ ᠵᠤᠭ᠎ᠠ ᠴᠡᠩᠭᠡᠯ᠂ ᠪᠡᠶ᠎ᠡ ᠶᠢᠨ ᠲᠠᠮᠢᠷ ᠤᠨ ᠬᠦᠳᠡᠯᠭᠡᠭᠡᠨ ᠬᠢᠬᠦ ᠳᠡᠭᠡᠨ | ᠬᠤᠯᠪᠣᠭᠳᠠᠯ ᠪᠦᠬᠦᠢ ᠲᠣᠭᠲᠠᠭᠠᠯ ᠢ ᠵᠢᠷᠤᠮᠯᠠᠬᠤ ᠬᠡᠷᠡᠭᠲᠡᠶ᠃ ᠪᠦᠲᠦᠮᠵᠢᠲᠡᠶ ᠠᠷᠭ᠎ᠠ ᠬᠡᠮᠵᠢᠶ᠎ᠡ ᠠᠪᠴᠤ ᠪᠠᠶᠢᠭᠠᠳ | ᠡᠷᠬᠢᠨ ᠲᠣᠭᠤᠷᠢᠨ ᠤ ᠰᠠᠭᠤᠭᠠᠯᠢ ᠠᠷᠠᠳ ᠤᠨ ᠬᠡᠪ ᠤᠨ ᠠᠮᠢᠳᠤᠷᠠᠯ ᠢ ᠬᠠᠷᠰᠢᠯᠠᠬᠤ ᠠᠴᠠ ᠵᠠᠶᠢᠯᠠᠰᠬᠢᠬᠦ ᠬᠡᠷᠡᠭᠲᠡᠶ᠃ | ︵ᠳᠣᠯᠤᠭ᠎ᠠ︶ ᠨᠡᠶᠢᠲᠡ ᠶᠢᠨ ᠵᠠᠮ ᠭᠤᠳᠤᠮᠵᠢ᠂ ᠠᠰᠠᠷ ᠤᠨ ᠱᠠᠲᠤᠨ ᠤ ᠬᠤᠭᠤᠷᠣᠨᠳᠣ᠂ ᠠᠶᠤᠯ | ᠦᠭᠡᠢ ᠭᠠᠷᠬᠤ ᠡᠭᠦᠳᠡ ᠵᠡᠷᠭᠡ ᠭᠠᠵᠠᠷ ᠲᠤ ᠴᠠᠬᠢᠯᠭᠠᠨ ᠬᠥᠳᠡᠯᠭᠡᠭᠦᠷᠲᠦ ᠲᠡᠷᠭᠡ ᠵᠣᠭᠰᠣᠭᠠᠬᠤ ᠪᠤᠶᠤ ᠴᠠᠬᠢᠯᠭᠠᠨ | ᠬᠦᠳᠡᠯᠭᠡᠭᠦᠷᠳᠦ ᠲᠡᠷᠭᠡᠨ ᠳᠡᠭᠡᠨ ᠴᠠᠬᠢᠯᠭᠠᠨ ᠴᠡᠨᠡᠭᠯᠡᠵᠤ ᠪᠤᠯᠬᠤ ᠦᠭᠡᠢ᠃ |