ᠴᠠᠭ ᠠᠭᠤᠷ ᠤᠨ ᠤᠷᠢᠳᠴᠢᠯᠠᠭᠰᠠᠨ ᠮᠡᠳᠡᠭᠡ ᠶᠢ ᠬᠡᠷᠬᠢᠨ ᠣᠶᠢᠯᠠᠭᠠᠬᠤ ᠪᠤᠢ︖
ᠨᠡᠶᠢᠲᠡᠯᠡᠭᠰᠡᠨ ᠴᠠᠭ᠄
2020/7/23
 
             ᠭᠥᠳᠥᠯᠥᠭᠴᠢ᠄ ᠰᠦᠯᠵᠢᠶᠡᠨ ᠤ ᠠᠨᠳᠠ ᠨᠠᠷ ᠰᠠᠶᠢᠨ ᠪᠠᠶᠢᠨ᠎ᠠ ᠤᠤ︕ ᠥᠨᠥᠳᠦᠷ ᠪᠢᠳᠡ ᠴᠠᠭ ᠠᠭᠤᠷ ᠤᠨ ᠬᠤᠪᠢᠶᠠᠷᠢ ᠲᠣᠪᠴᠢᠶᠠᠨ ᠤ ᠳᠡᠳ᠋ ᠳᠠᠷᠤᠭ᠎ᠠ ᠯᠢᠦ ᠭᠤᠸᠠᠨ ᠨᠠᠨ   ᠢ ᠤᠷᠢᠵᠤ᠂ ᠬᠡᠷᠬᠢᠨ ᠴᠠᠭ ᠠᠭᠤᠷ ᠤᠨ ᠤᠷᠢᠳᠴᠢᠯᠠᠭᠰᠠᠨ ᠮᠡᠳᠡᠭᠡ ᠠᠴᠠ ᠪᠢᠳᠡᠨ  ᠳᠤ ᠬᠡᠷᠡᠭᠴᠡᠭᠡ ᠲᠠᠢ ᠮᠡᠳᠡᠭᠡ ᠵᠠᠩᠭᠢ  ᠶᠢ ᠣᠯᠬᠤ ᠲᠤᠬᠠᠶ ᠲᠠᠶᠢᠯᠤᠮᠵᠢ  ᠬᠢᠭᠦ ᠪᠠᠷ ᠪᠠᠶᠢᠨ᠎ᠠ᠂ ᠯᠢᠦ ᠲᠣᠪᠴᠢᠶᠠᠨ ᠳᠠᠷᠤᠭ᠎ᠠ ᠲᠠ ᠰᠠᠶᠢᠨ  ᠤᠤ︕          ᠯᠢᠦ ᠭᠤᠸᠠᠨ ᠨᠠᠨ  ᠄ ᠬᠥᠲᠥᠯᠥᠭᠴᠢ ᠰᠠᠶᠢᠨ ᠤᠤ︖ ᠰᠦᠯᠵᠢᠶᠡᠨ ᠤ ᠠᠨᠳᠠ ᠨᠠᠷ ᠰᠠᠶᠢᠨ ᠪᠠᠶᠢᠨ᠎ᠠ ᠤᠤ︖          ᠭᠥᠳᠥᠯᠥᠭᠴᠢ᠄ ᠦᠷᠭᠦᠯᠵᠢ ᠵᠠᠷᠢᠮ ᠬᠥᠮᠦᠨ ︽ᠴᠠᠭ ᠠᠭᠤᠷ ᠤᠨ ᠤᠷᠢᠳᠴᠢᠯᠠᠭᠰᠠᠨ ᠮᠡᠳᠡᠭᠡ ᠣᠨᠣᠪᠴᠢ ᠦᠭᠡᠢ︕  ᠮᠡᠳᠡᠭᠡᠯᠡᠭᠰᠡᠨ  ᠳᠣᠯᠠᠭᠠᠨ ᠤ ᠬᠡᠮᠵᠢᠶ᠎ᠡ ᠲᠡᠶᠢᠮᠦ ᠥᠨᠳᠥᠷ  ᠪᠠᠶᠢᠭᠠᠳ ᠪᠢ ᠬᠠᠷᠢᠨ ᠳᠠᠭᠠᠷᠠᠵᠤ ᠪᠠᠶᠢᠨ᠎ᠠ》ᠡᠰᠡᠬᠦᠯ᠎ᠡ ︽ᠮᠡᠳᠡᠭᠡᠯᠡᠭᠰᠡᠨ ᠳᠣᠯᠠᠭᠠᠨ ᠤ ᠬᠡᠮᠵᠢᠶ᠎ᠡ ᠲᠡᠶᠢᠮᠦ ᠳᠣᠣᠷ᠎ᠠ ᠪᠠᠶᠢᠭᠠᠳ ᠪᠢ  ᠬᠠᠷᠢᠨ ᠬᠠᠯᠠᠵᠦ ᠪᠠᠶᠢᠨ᠎ᠠ︾᠃ ᠶᠠᠭᠠᠬᠢᠭᠠᠳ ᠡᠶᠢᠮᠦ  ᠪᠠᠶᠢᠳᠠᠭ ᠪᠤᠢ︖ ᠦᠨᠡᠨ ᠴᠠᠭ ᠠᠭᠤᠷ ᠤᠨ ᠤᠷᠢᠳᠴᠢᠯᠠᠭᠰᠠᠨ ᠮᠡᠳᠡᠭᠡ  ᠮᠡᠳᠡᠭᠡᠯᠡᠭᠰᠡᠨ ᠨᠢ ᠣᠨᠤᠪᠴᠢ ᠦᠭᠡᠢ ᠪᠤᠯᠤᠭᠰᠠᠨ ᠤᠤ︖          ᠯᠢᠦ ᠭᠤᠸᠠᠨ ᠨᠠᠨ  ᠄  ᠲᠡᠶᠢᠮᠦ ᠪᠢᠰᠢ᠂ ᠢᠩᠭᠢᠵᠦ ᠬᠡᠯᠡᠬᠦ ᠨᠢ ᠨᠢᠭᠡ  ᠵᠦᠢᠯ ᠤᠨ ᠠᠳᠡᠭᠦᠷᠡᠯ᠃ ᠦᠨᠡᠨ ᠳᠡᠭᠡᠨ ᠡᠶᠢᠮᠦᠷᠬᠦᠦ ᠮᠡᠳᠡᠷᠡᠮᠵᠢ ᠨᠢ ᠭᠤᠣᠯᠳᠠᠭᠤ ᠤᠷᠢᠳᠴᠢᠯᠠᠨ ᠮᠡᠳᠡᠭᠡᠯᠡᠭᠰᠡᠨ ᠳᠤᠯᠠᠭᠠᠨ ᠤ ᠬᠡᠮᠵᠢᠶ᠎ᠡ ᠪᠠ  ᠪᠡᠶ᠎ᠡ ᠶᠢᠨ ᠰᠡᠷᠡᠯ ᠤᠨ ᠳᠤᠯᠠᠭᠠᠨ ᠤ ᠬᠡᠮᠵᠢᠶ᠎ᠡ ᠠᠳᠠᠯᠢ ᠪᠤᠰᠤ ᠠᠴᠠ ᠪᠣᠯᠤᠭᠰᠠᠨ ᠶᠤᠮ᠃ ᠴᠠᠭ ᠠᠭᠤᠷ ᠤᠨ ᠤᠷᠢᠳᠴᠢᠯᠠᠭᠰᠠᠨ ᠮᠡᠳᠡᠭᠡᠨ ᠳᠠᠬᠢ ᠠᠭᠠᠷ ᠤᠨ ᠳᠤᠯᠠᠭᠠᠨ ᠭᠡᠳᠡᠭ ᠨᠢ 1.5 ᠮᠧᠲᠷ ᠥᠨᠳᠥᠷ ᠭᠠᠵᠠᠷ ᠤᠨ ᠪᠦᠬᠡᠬᠡᠭ  ᠲᠠᠬᠢ ᠠᠭᠠᠷ ᠤᠨ ᠳᠤᠯᠠᠭᠠᠨ ᠢ ᠵᠢᠭᠠᠵᠤ ᠪᠠᠶᠢᠨ᠎ᠠ᡽᠃ ᠪᠡᠶ᠎ᠡ ᠶᠢᠨ ᠰᠡᠷᠡᠯ ᠤᠨ ᠳᠤᠯᠠᠭᠠᠨ ᠤ ᠬᠡᠮᠵᠢᠶ᠎ᠡ ᠪᠣᠯ ᠬᠥᠮᠦᠨ ᠤ ᠪᠡᠶ᠎ᠡ ᠶᠢᠨ ᠮᠡᠳᠡᠷᠡᠵᠦ ᠣᠯᠤᠭᠰᠠᠨ ᠠᠭᠠᠷ ᠤᠨ ᠳᠤᠯᠠᠭᠠᠨ ᠢ ᠵᠢᠭᠠᠵᠤ  ᠪᠠᠶᠢᠨ᠎ᠠ᠃          ᠭᠥᠳᠥᠯᠥᠭᠴᠢ᠄ ︽ᠤᠷᠢᠳᠴᠢᠯᠠᠨ ᠮᠡᠳᠡᠭᠡᠯᠡᠭᠰᠡᠨ ᠳᠤᠯᠠᠭᠠᠨ ᠤ ᠬᠡᠮᠵᠢᠶ᠎ᠡ︾ ︽ᠪᠡᠶ᠎ᠡ ᠶᠢᠨ ᠰᠡᠷᠡᠯ ᠤᠨ ᠳᠤᠯᠠᠭᠠᠨ ᠤ ᠬᠡᠮᠵᠢᠶ᠎ᠡ︾ ᠡᠨᠡ ᠬᠤᠶᠠᠷ ᠤᠨ ᠬᠤᠭᠤᠷᠣᠨᠳᠣ ᠶᠠᠭᠠᠬᠢᠭᠠᠳ ᠵᠠᠷᠢᠮ ᠳᠠᠭᠠᠨ ᠲᠡᠶᠢᠮᠦ ᠶᠡᠭᠡ ᠵᠥᠷᠢᠶ᠎ᠡ ᠲᠠᠢ ᠪᠠᠶᠢᠳᠠᠭ ᠪᠣᠶ︖          ᠯᠢᠦ ᠭᠤᠸᠠᠨ ᠨᠠᠨ᠄ ᠬᠥᠮᠦᠨ ᠤ ᠪᠡᠶ᠎ᠡ ᠶᠢᠨ ᠰᠡᠷᠡᠯ ᠤᠨ ᠳᠤᠯᠠᠭᠠᠨ ᠤ ᠬᠡᠮᠵᠢᠶ᠎ᠡ ᠨᠢ ᠶᠠᠭ ᠪᠢᠳᠡᠨ ᠤ ᠰᠡᠷᠡᠯ ᠤᠨ ᠡᠷᠬᠡᠲᠡᠨ ᠮᠡᠳᠡᠷᠡᠭᠰᠡᠨ ᠰᠢᠭ  ᠂ ᠶᠡᠷᠦ ᠳᠡᠭᠡᠨ ᠳᠤᠯᠠᠭᠠᠨ ᠤ ᠬᠡᠮᠵᠢᠶ᠎ᠡ ᠨᠢ ᠨᠡᠯᠢᠶᠡᠳ ᠥᠨᠳᠥᠷ᠂ ᠴᠢᠭᠢᠭᠲᠦᠴᠡ ᠨᠢ ᠨᠡᠯᠢᠶᠡᠳ ᠪᠠᠭ᠎ᠠ  ᠪᠠᠶᠢᠬᠤ ᠳᠤ ᠬᠥᠮᠦᠨ ᠤ ᠪᠡᠶ᠎ᠡ ᠡᠪ ᠦᠭᠡᠢ ᠰᠠᠨᠠᠭᠳᠠᠬᠤ ᠦᠭᠡᠢ᠂ ᠤᠴᠢᠷ ᠨᠢ ᠬᠥᠮᠦᠨ ᠤ ᠪᠡᠶ᠎ᠡ ᠶᠢᠨ ᠭᠠᠳᠠᠷᠭᠤ ᠶᠢᠨ ᠤᠰᠤ ᠠᠭᠤᠷᠰᠢᠭᠰᠠᠨ ᠠᠴᠠ ᠪᠣᠯᠵᠤ ᠨᠡᠯᠢᠶᠡᠳ ᠬᠠᠭᠤᠷᠠᠶ ᠲᠠᠭᠠᠯᠠᠮᠵᠢᠲᠠᠶ ᠰᠠᠨᠠᠭᠳᠠᠵᠤ᠂ ᠡᠰᠡᠬᠦᠯ᠎ᠡ ᠵᠣᠬᠢᠬᠤ ᠰᠠᠯᠬᠢᠨ ᠤ ᠬᠤᠷᠳᠤᠴᠠ ᠨᠢ ᠬᠥᠮᠦᠰ ᠲᠤ ᠠᠭᠠᠷ ᠤᠷᠤᠰᠴᠤ ᠪᠠᠶᠢᠬᠤ ᠶᠢ ᠮᠡᠳᠡᠷᠡᠭᠦᠯᠦᠨ  ᠂ ᠪᠡᠶ᠎ᠡ ᠠᠴᠠ ᠲᠠᠷᠬᠠᠭᠠᠭᠰᠠᠨ ᠢᠯᠴᠢ ᠶᠢᠨ ᠬᠡᠮᠵᠢᠶ᠎ᠡ ᠨᠢ ᠪᠦᠷ ᠪᠡᠶ᠎ᠡ ᠶᠢᠨ ᠭᠠᠳᠠᠷᠭᠤ ᠠᠴᠠ ᠰᠠᠯᠳᠠᠭ᠂ ᠬᠡᠳᠦ᠋ᠢᠪᠡᠷ ᠳᠤᠯᠠᠭᠠᠨ ᠤ ᠬᠡᠮᠵᠢᠶ᠎ᠡ ᠨᠢ ᠨᠡᠯᠢᠶᠡᠳ ᠥᠨᠳᠥᠷ ᠪᠠᠶᠢᠭᠰᠠᠨ ᠴᠤ  ᠮᠥᠨ ᠯᠡ ᠨᠡᠯᠢᠶᠡᠳ ᠬᠠᠭᠤᠷᠠᠶ ᠲᠠᠭᠠᠲᠠᠶ ᠰᠠᠨᠠᠭᠳᠠᠨ᠎ᠠ᠃          ᠭᠥᠳᠥᠯᠥᠭᠴᠢ᠄  ᠲᠤᠩᠭᠠᠯᠠᠭ ᠠᠴᠠ ᠡᠭᠦᠯᠡᠰᠢᠭᠦ᠂  ᠲᠤᠩᠭᠠᠯᠠᠭ᠂ ᠭᠡᠰᠡᠭ ᠲᠡᠭᠡᠨ ᠡᠭᠦᠯᠡ ᠲᠠᠢ᠂  ᠡᠭᠦᠯᠡᠷᠭᠡᠭ  ᠂ ᠭᠡᠰᠡᠭ ᠲᠡᠭᠡᠨ ᠲᠤᠩᠭᠠᠯᠠᠭ ᠨᠢ ᠴᠤᠬᠤᠮ ᠶᠠᠮᠠᠷ ᠴᠠᠭ ᠠᠭᠤᠷ ᠪᠣᠶ︖          ᠯᠢᠦ ᠭᠤᠸᠠᠨ ᠨᠠᠨ᠄ ᠤᠷᠢᠳᠴᠢᠯᠠᠨ ᠮᠡᠳᠡᠭᠡᠯᠡᠭᠴᠢ ᠤᠷᠢᠳᠴᠢᠯᠠᠨ ᠮᠡᠳᠡᠭᠡᠯᠡᠬᠦ ᠳᠤ ᠲᠣᠭᠲᠠᠭᠰᠠᠨ ᠴᠠᠭ ᠠᠯᠠᠣᠰᠯᠠᠵᠤ᠂ ᠴᠠᠭ ᠠᠭᠤᠷ ᠤᠨ ᠪᠠᠶᠢᠳᠠᠯ ᠲᠠᠰᠤᠷᠠᠯᠲᠠ ᠦᠭᠡᠶ ᠬᠤᠪᠢᠷᠠᠵᠤ ᠪᠠᠶᠢᠳᠠᠭ᠃ ᠲᠤᠩᠭᠠᠯᠠᠭ᠂ ᠭᠡᠰᠡᠭ  ᠲᠡᠭᠡᠨ ᠡᠭᠦᠯᠡ ᠲᠠᠢ ᠭᠡᠳᠡᠭ ᠨᠢ ᠲᠤᠩᠭᠠᠯᠠᠭ ᠡᠳᠦᠷ ᠠᠷᠪᠢᠨ᠂ ᠬᠠᠶᠠ ᠵᠢᠭᠠᠬᠠᠨ ᠡᠭᠦᠯᠡ ᠲᠠᠢ ᠪᠠᠶᠢᠳᠠᠭ᠃ ᠡᠭᠦᠯᠡᠷᠭᠡᠭ᠂ ᠭᠡᠰᠡᠭ ᠲᠡᠭᠡᠨ ᠲᠤᠩᠭᠠᠯᠠᠭ ᠭᠡᠳᠡᠭ ᠨᠢ ᠴᠠᠭ ᠠᠭᠤᠷ ᠤᠨ ᠪᠦᠬᠦᠯᠢ ᠴᠣᠭᠴᠠ ᠨᠢ ᠡᠭᠦᠯᠡ ᠲᠠᠢ ᠪᠠᠷ ᠭᠤᠤᠯ ᠪᠤᠯᠭᠠᠵᠤ᠂ ᠪᠠᠰᠠ ᠵᠠᠷᠢᠮ ᠴᠠᠭ   ᠲᠠᠭᠠᠨ ᠲᠤᠩᠭᠠᠯᠠᠭ᠂ ᠡᠨᠡ ᠬᠤᠶᠠᠷ ᠨᠢ ᠶᠡᠷᠦ ᠳᠡᠭᠡᠨ ᠴᠥᠮ ᠲᠤᠩᠭᠠᠯᠠᠭ ᠡᠳᠦᠷ ᠢ ᠬᠡᠯᠡᠳᠡᠭ᠃ ᠡᠭᠦᠯᠡᠷᠬᠡᠭ ᠪᠠᠶᠢᠭᠰᠠᠨ ᠠᠴᠠ ᠪᠦᠷᠭᠦᠭᠰᠢᠨ᠎ᠡ ᠭᠡᠳᠡᠭ ᠪᠣᠯ ᠣᠭᠲᠠᠷᠭᠤᠶ ᠳᠠᠬᠢ ᠡᠭᠦᠯᠡᠨ ᠤ ᠬᠡᠮᠵᠢᠶ᠎ᠡ ᠶᠠᠪᠤᠬᠤ ᠲᠤᠲᠤᠮ ᠠᠷᠪᠢᠨ ᠪᠤᠯᠬᠤ ᠶᠢ ᠵᠢᠭᠠᠵᠤ ᠪᠠᠶᠢᠨ᠎ᠠ᠃  ᠪᠦᠷᠭᠦᠭ ᠪᠠᠶᠢᠭᠰᠠᠨ ᠠᠴᠠ  ᠪᠠᠭ᠎ᠠ ᠴᠠᠰᠤ  ᠲᠠᠢ ᠪᠤᠯᠬᠤ ᠭᠡᠳᠡᠭ ᠨᠢ ᠣᠳᠣᠬᠠᠨ ᠳᠤ ᠲᠩᠷᠢ ᠪᠦᠷᠬᠦᠭ ᠡᠳᠦᠷ᠂ ᠠᠭᠠᠵᠢᠮ ᠢᠶᠠᠷ ᠴᠠᠰᠤ ᠣᠷᠣᠬᠤ ᠶᠢ ᠵᠢᠭᠠᠵᠤ  ᠪᠠᠶᠢᠨ᠎ᠠ᠃          ᠭᠥᠳᠥᠯᠥᠭᠴᠢ᠄ ᠥᠨᠥᠳᠦᠷ ᠡᠳᠦᠷ ᠠᠴᠠ ᠰᠥᠨᠢ᠂ ᠥᠨᠥᠳᠦᠷ ᠰᠥᠨᠢ ᠠᠴᠠ ᠮᠠᠷᠭᠠᠰᠢ ᠡᠳᠦᠷ ᠬᠦᠷᠲᠡᠯ᠎ᠡ ᠂ ᠴᠤᠬᠤᠮ  ᠶᠠᠮᠠᠷ ᠴᠠᠭ   ᠢ ᠬᠡᠯᠡᠳᠡᠭ ᠪᠣᠶ︖          ᠯᠢᠦ ᠭᠤᠸᠠᠨ ᠨᠠᠨ  ᠄ ᠴᠠᠭ ᠠᠭᠤᠷ ᠤᠨ ᠰᠠᠯᠠᠭ᠎ᠠ ᠮᠥᠴᠢᠷ ᠤᠨ ᠭᠠᠵᠠᠷ ᠳᠡᠭᠡᠷᠡᠬᠢ ᠠᠵᠢᠭᠯᠠᠯᠲᠠ ᠪᠣᠯᠤᠨ ᠴᠠᠭ ᠠᠭᠤᠷ ᠤᠨ ᠤᠷᠢᠳᠴᠢᠯᠠᠭᠰᠠᠨ ᠮᠡᠳᠡᠭᠡ ᠨᠢ ᠪᠦᠷ ᠳᠡᠯᠡᠬᠡᠶ ᠶᠢᠨ ᠴᠠᠭ ᠤᠨ 0 ᠴᠠᠭ ᠢᠶᠠᠷ ᠡᠳᠦᠷ ᠤᠨ ᠵᠠᠭᠠᠭ ᠪᠤᠯᠭᠠᠵᠤ᠂ ᠳᠠᠷᠤᠶ ᠪᠡᠭᠡᠵᠢᠩ ᠤᠨ ᠴᠠᠭ ᠢᠶᠠᠷ 20 ᠴᠠᠭ ᠪᠣᠯᠤᠨ᠎ᠠ᠃  ︽ᠥᠨᠥᠳᠦᠷ  ᠡᠳᠦᠷ︾ ᠭᠡᠳᠡᠭ ᠪᠣᠯ ᠳᠠᠷᠤᠶ ᠥᠨᠥ ᠥᠷᠯᠥᠭᠡ ᠶᠢᠨ 08 ᠴᠠᠭ ᠠᠴᠠ ᠣᠷᠣᠢ ᠶᠢᠨ 20 ᠴᠠᠭ  ᠪᠤᠯᠳᠠᠯᠠᠬᠢ ᠴᠠᠭ ᠢ ᠬᠡᠯᠡᠵᠦ  ᠂ ︽ᠥᠨᠥᠳᠦᠷ ᠰᠥᠨᠢ︾ ᠭᠡᠳᠡᠭ ᠨᠢ ᠳᠠᠷᠤᠶ  ᠥᠨᠥ ᠣᠷᠣᠢ ᠶᠢᠨ 20 ᠴᠠᠭ ᠠᠴᠠ ᠳᠠᠷᠠᠭ᠎ᠠ ᠡᠳᠦᠷ ᠤᠨ ᠥᠷᠯᠥᠭᠡ   ᠶᠢᠨ 08 ᠴᠠᠭ ᠪᠤᠯᠳᠠᠯᠠᠬᠢ ᠴᠠᠭ ᠢ ᠬᠡᠯᠡᠵᠦ ᠪᠤᠢ᠃          ᠭᠥᠳᠥᠯᠥᠭᠴᠢ᠄ ᠯᠢᠦ ᠭᠤᠸᠠᠨ ᠨᠠᠨ ᠲᠣᠪᠴᠢᠶᠠᠨ ᠳᠠᠷᠤᠭ᠎ᠠ ᠥᠨᠥᠳᠦᠷ  ᠮᠠᠨ ᠤ ᠰᠣᠷᠪᠣᠯᠵᠢᠯᠠᠭ᠎ᠠ ᠶᠢ ᠭᠦᠯᠢᠶᠡᠭᠰᠡᠨ ᠳᠤ ᠲᠤᠩ ᠲᠠᠯᠠᠷᠬᠠᠵᠤ ᠪᠠᠶᠢᠨ᠎ᠠ᠂ ᠪᠢᠳᠡ ᠴᠠᠭ ᠠᠭᠤᠷ ᠤᠨ ᠤᠷᠢᠳᠴᠢᠯᠠᠭᠰᠠᠨ ᠮᠡᠳᠡᠭᠡ  ᠳᠤ ᠨᠠᠩ ᠭᠦᠨᠵᠡᠭᠡᠶ   ᠤᠶᠢᠯᠠᠭᠠᠯᠳᠠ ᠲᠠᠢ  ᠪᠣᠯᠪᠠ᠃          ᠯᠢᠦ ᠭᠤᠸᠠᠨ ᠨᠠᠨ᠄ ᠬᠥᠲᠥᠯᠥᠭᠴᠢ ᠳᠤ ᠪᠠᠶᠠᠷᠯᠠᠯ᠎ᠠ᠂  ᠲᠠᠶᠠᠭᠠᠷ ᠤᠨ ᠴᠠᠭ ᠠᠭᠤᠷ ᠤᠨ ᠠᠵᠢᠯ ᠢ ᠬᠠᠯᠠᠮᠵᠢᠯᠠᠵᠤ ᠳᠡᠮᠵᠢᠭᠰᠡᠨ ᠳᠤ ᠲᠠᠯᠠᠷᠬᠠᠵᠤ ᠪᠠᠶᠢᠨ᠎ᠠ᠃ ᠰᠦᠯᠵᠢᠶᠡᠨ ᠤ ᠠᠨᠳᠠ ᠨᠠᠷ  ᠂ ᠪᠠᠶᠠᠷᠲᠠᠶ︕
ᠢᠷᠡᠯᠲᠡ᠄ ᠲᠤᠰ ᠰᠦᠯᠵᠢᠶ᠎ᠡ