ᠣᠷᠠᠳ ᠮᠣᠩᠭᠤᠯᠴᠣᠳ ᠤᠨ ᠠᠷᠪᠠᠨ ᠭᠤᠷᠪᠠᠨ ᠣᠪᠣᠭ᠎ᠠ ᠪᠣᠰᠬᠠᠳᠠᠭ ᠤᠨ ᠣᠴᠢᠷ ᠪᠠ ᠣᠷᠠᠳ ᠤᠨ ᠲᠣᠮᠳᠠᠳᠣ ᠬᠦᠩ ᠤᠨ ᠬᠤᠰᠢᠭᠤᠨ ᠤ | ᠨᠡᠷᠡᠶᠢᠳᠦᠭᠰᠡᠨ ᠠᠷᠪᠠᠨ ᠭᠤᠷᠪᠠᠨ ᠣᠪᠣᠭ᠎ᠠ ᠬᠠᠶᠢᠷᠬᠠᠨ ᠤ ᠢᠷᠡᠯᠳᠡ ᠶᠢ ᠠᠵᠢᠭᠯᠠᠨ ᠰᠢᠨᠵᠢᠯᠡᠵᠦ᠂ ᠨᠣᠮ ᠰᠣᠳᠣᠷ ᠠᠴᠠ ᠰᠢᠬᠦᠵᠦ ᠦᠵᠡᠪᠡᠯ ᠠᠳᠠᠯᠢ ᠪᠣᠰᠣ ᠶᠢᠨ | ᠦᠵᠡᠯᠳᠡ ᠪᠠᠷ ᠲᠠᠶᠢᠯᠪᠣᠷᠢᠯᠠᠵᠣ ᠪᠠᠶᠢᠬᠤ ᠶᠣᠮ ᠃ ᠠᠷᠪᠠᠨ ᠭᠤᠷᠪᠠᠨ ᠣᠪᠣᠭ᠎ᠠ ᠮᠣᠩᠭᠤᠯ ᠣᠷᠣᠨ ᠢᠶᠠᠷ ᠨᠡᠶᠢᠳᠡᠮ ᠪᠠᠶᠢᠳᠠᠭ ᠃ ᠬᠠᠯᠬ᠎ᠠ ᠮᠣᠩᠭᠤᠯᠴᠣᠳ᠂ ᠦᠪᠦᠷ | ᠮᠣᠩᠭᠤᠯᠴᠣᠳ᠂ ᠪᠠᠰᠨ ᠪᠣᠰᠣᠳ ᠣᠯᠠᠨ ᠭᠠᠵᠠᠷ ᠤᠨ ᠮᠣᠩᠭᠤᠯᠴᠣᠳ ᠴᠦᠮ ᠠᠷᠪᠠᠨ ᠭᠤᠷᠪᠠᠨ ᠣᠪᠣᠭ᠎ᠠ ᠶᠢᠨ ᠲᠤᠭ᠎ᠠ ᠶᠢ ᠰᠠᠶᠢᠨ ᠰᠠᠶᠢᠬᠠᠨ ᠤ ᠪᠡᠯᠭᠡᠳᠡᠯ ᠢᠶᠠᠷ | ᠡᠷᠬᠢᠮᠯᠡᠨ ᠦᠵᠡᠳᠡᠭ ᠶᠣᠮ ᠃ ᠠᠳᠡ ᠣᠷᠠᠳ ᠤᠨ ᠲᠣᠮᠳᠠᠳᠣ ᠬᠦᠩ ᠤᠨ ᠬᠤᠰᠢᠭᠤᠨ ᠤ ᠠᠷᠪᠠᠨ ᠭᠤᠷᠪᠠᠨ ᠣᠪᠣᠭ᠎ᠠ ᠬᠠᠶᠢᠷᠬᠠᠨ ᠭᠡᠳᠡᠭ ᠨᠢ ᠬᠤᠶᠠᠷ ᠵᠦᠢᠯ ᠤᠨ | ᠣᠬᠠᠭᠳᠠᠬᠤᠨ ᠢ ᠪᠠᠭᠳᠠᠭᠠᠵᠣ ᠪᠠᠶᠢᠨ᠎ᠠ ᠃ ᠨᠢᠬᠡ ᠨᠢ ᠠᠷᠪᠠᠨ ᠭᠤᠷᠪᠠᠨ ᠣᠪᠣᠭ᠎ᠠ ᠭᠡᠳᠡᠭ ᠨᠢ ᠬᠤᠶᠠᠷ ᠵᠦᠢᠯ ᠤᠨ ᠣᠬᠠᠭᠳᠠᠬᠤᠨ ᠢ ᠪᠠᠭᠳᠠᠭᠠᠵᠣ ᠪᠠᠶᠢᠨ᠎ᠠ ᠃ ᠨᠢᠬᠡ | ᠨᠢ ᠠᠷᠪᠠᠨ ᠭᠤᠷᠪᠠᠨ ᠣᠪᠣᠭ᠎ᠠ ᠭᠡᠳᠡᠭ ᠨᠢ ᠨᠢᠬᠡᠨ ᠲᠣᠮᠣ ᠣᠪᠣᠭ᠎ᠠ ᠶᠢ ᠭᠤᠣᠯ ᠲᠦᠪ ᠲᠤᠨᠢ ᠪᠣᠰᠬᠠᠵᠣ᠂ ᠲᠡᠬᠦᠨ ᠤ ᠲᠦᠷᠪᠡᠨ ᠵᠦᠭ ᠲᠤᠨᠢ ᠬᠤᠶᠠᠭ ᠣᠪᠣᠭ᠎ᠠ | ᠪᠣᠶᠣ ᠲᠠᠭᠠᠯᠳᠠ ᠣᠪᠣᠭ᠎ᠠ ᠭᠡᠬᠦ ᠭᠤᠷᠪᠠ ᠭᠤᠷᠪᠠᠨ ᠵᠢᠵᠢᠭ ᠪᠣᠰᠬᠠᠳᠠᠭ ᠢ ᠠᠷᠪᠠᠨ ᠭᠤᠷᠪᠠᠨ ᠣᠪᠣᠭ᠎ᠠ ᠭᠡᠳᠡᠭ ᠃ ᠪᠠᠰᠨ ᠨᠢᠬᠡ ᠣᠬᠠᠭᠳᠠᠬᠤᠨ ᠨᠢ ᠠᠳᠠᠯᠢ ᠪᠣᠰᠣ | ᠶᠢᠨ ᠭᠠᠵᠠᠷ ᠣᠷᠣᠨ ᠳᠤ ᠲᠠᠷᠬᠠᠨ ᠪᠠᠶᠢᠷᠢᠰᠢᠵᠦ ᠪᠠᠶᠢᠭ᠎ᠠ ᠠᠷᠪᠠᠨ ᠭᠤᠷᠪᠠᠨ ᠣᠪᠣᠭ᠎ᠠ ᠬᠠᠶᠢᠷᠬᠠᠨ ᠢ ᠵᠢᠭᠠᠵᠣ ᠪᠠᠶᠢᠬᠤ ᠶᠣᠮ ᠃ ︽ᠮᠣᠩᠭᠤᠯ ᠵᠠᠩ ᠦᠢᠯᠨ ᠶᠢᠨ | ᠨᠡᠪᠳᠡᠷᠬᠡᠢ ᠲᠣᠯᠢ︾ ᠣᠶᠣᠨ ᠤ ᠪᠣᠳ᠋ ᠲᠤ᠂ ᠠᠷᠪᠠᠨ ᠭᠤᠷᠪᠠᠨ ᠣᠪᠣᠭ᠎ᠠ ᠪᠣᠰᠬᠠᠳᠠᠭ ᠨᠢ ᠪᠦᠬᠡ ᠮᠦᠷᠬᠦᠯ ᠤᠨ ᠨᠣᠮᠯᠠᠯ ᠢᠶᠠᠷ ᠪᠣᠯ ︽ᠠᠷᠪᠠᠨ ᠭᠤᠷᠪᠠᠨ ᠠᠳᠠᠭ᠎ᠠ | ᠲᠡᠭᠷᠢ ᠳᠡᠭᠡᠨ ᠲᠠᠬᠢᠯ ᠤᠨ ᠮᠠᠨᠳᠣᠯ ᠪᠣᠰᠬᠠᠵᠠᠢ︾ ᠭᠡᠳᠡᠭ ᠃ ᠡᠬᠦᠨ ᠢ ᠪᠠᠰᠨ ︽ᠠᠯᠳᠠᠢ ᠬᠠᠳᠠᠢ ᠶᠢᠨ ᠠᠷᠪᠠᠨ ᠭᠤᠷᠪᠠᠨ ᠣᠩᠭᠤᠳ ᠲᠤ ᠣᠪᠣᠭ᠎ᠠ ᠪᠣᠰᠬᠠᠭᠰᠠᠨ︾ | ᠂ ︽ᠲᠡᠮᠦᠵᠢᠨ ᠤ ᠠᠷᠪᠠᠨ ᠭᠤᠷᠪᠠᠨ ᠨᠠᠰᠣᠨ ᠠᠴᠠ ᠬᠡᠶᠢᠮᠦᠷᠢ ᠰᠡᠷᠬᠦᠭᠰᠡᠨ ᠢ ᠲᠣᠷᠠᠰᠬᠠᠭᠰᠠᠨ︾᠂ ︽ᠴᠢᠩᠬᠢᠰ ᠬᠠᠭᠠᠨ ᠤ ᠴᠡᠷᠢᠭ ᠤᠨ ᠠᠷᠪᠠᠨ ᠭᠤᠷᠪᠠᠨ ᠬᠦᠷᠢᠶ᠎ᠡ | ᠶᠢ ᠲᠣᠷᠠᠰᠬᠠᠭᠰᠠᠨ︾ ᠬᠡᠬᠦ ᠮᠡᠳᠦ ᠪᠠᠷ ᠲᠠᠶᠢᠯᠪᠣᠷᠢᠯᠠᠵᠣ ᠪᠠᠶᠢᠨ᠎ᠠ ᠃ | ᠮᠣᠩᠭᠤᠯ ᠣᠯᠣᠰ ᠲᠤ ᠲᠠᠯ᠎ᠠ ᠶᠢᠨ ᠠᠷᠪᠠᠨ ᠭᠤᠷᠪᠠᠨ ᠣᠪᠣᠭ᠎ᠠ ᠬᠡᠵᠦ ᠪᠠᠶᠢᠨ᠎ᠠ ᠃ ᠡᠨᠡ ᠨᠢ ᠲᠠᠷᠣᠢ ︽ᠬᠦᠬᠡᠨ᠎ᠡ᠂ ᠬᠦᠯ ᠤᠨ ᠣᠪᠣᠭ᠎ᠠ᠂ ᠮᠠᠯᠢᠭᠠᠷ | ᠤᠨ ᠣᠪᠣᠭ᠎ᠠ᠂ ᠡᠷᠳᠡᠨᠢᠳᠣᠯᠣᠭᠠᠢ ᠶᠢᠨ ᠣᠪᠣᠭ᠎ᠠ᠂ ᠶᠡᠭᠡ ᠨᠣᠮᠳᠠᠨ ᠤ ᠣᠪᠣᠭ᠎ᠠ᠂ ᠪᠠᠶᠠᠨ ᠠᠭᠤᠯᠨ ᠶᠢᠨ ᠣᠪᠣᠭ᠎ᠠ᠂ ᠴᠠᠭᠠᠨᠨᠠᠭᠤᠷ ᠤᠨ ᠣᠪᠣᠭ᠎ᠠ᠂ ᠵᠢᠷᠭᠠᠯᠠᠩᠳᠣ ᠶᠢᠨ | ᠣᠪᠣᠭ᠎ᠠ᠂ ᠷᠢᠨᠴᠢᠨᠯᠾᠦ᠋ᠮᠪᠤ ᠲᠣᠭᠤᠰᠣᠨ ᠤ ᠣᠪᠣᠭ᠎ᠠ᠂ ᠴᠠᠭᠠᠨᠨᠠᠭᠤᠷ ᠤᠨ ᠣᠪᠣᠭ᠎ᠠ᠂ ᠵᠢᠷᠭᠠᠯᠠᠩᠳᠣ ᠶᠢᠨ ᠣᠪᠣᠭ᠎ᠠ᠂ ᠦᠨᠳᠦᠷ ᠴᠠᠰᠣᠳᠣ ᠶᠢᠨ ᠣᠪᠣᠭ᠎ᠠ᠂ ᠭᠠᠷᠢᠮᠠᠷ | ᠤᠨ ᠭᠤᠷᠪᠠᠨ ᠰᠠᠶᠢᠬᠠᠨ ᠣᠪᠣᠭ᠎ᠠ᠂ ᠣᠩᠭᠤᠨ ᠤ ᠭᠤᠷᠪᠠᠨ ᠣᠪᠣᠭ᠎ᠠ᠂ ᠷᠢᠨᠴᠢᠨᠯᠾᠦ᠋ᠮᠪᠤ ᠵᠦᠬᠡᠯᠡᠨ ᠤ ᠣᠪᠣᠭ᠎ᠠ︾ ※ ᠵᠡᠷᠭᠡ ᠣᠯᠠᠨ ᠠᠶᠢᠮᠠᠭ ᠰᠣᠮᠣᠨ ᠳᠤ | ᠠᠷᠪᠠᠨ ᠭᠤᠷᠪᠠᠨ ᠣᠪᠣᠭ᠎ᠠ ᠪᠠᠶᠢᠳᠠᠭ︔ ᠡᠳᠡᠭᠡᠷ ᠣᠪᠣᠭ᠎ᠠ ᠨᠢ ᠠᠳᠠᠯᠢ ᠪᠣᠰᠣ ᠶᠢᠨ ᠭᠠᠵᠠᠷ ᠣᠷᠣᠨ ᠳᠤ ᠲᠠᠷᠬᠠᠨ ᠪᠠᠶᠢᠷᠢᠰᠢᠵᠦ ᠪᠠᠶᠢᠭ᠎ᠠ ᠠᠴᠠ ᠦᠵᠡᠪᠡᠯ᠂ ᠡᠨᠡᠬᠦ | ᠠᠷᠪᠠᠨ ᠭᠤᠷᠪᠠᠨ ᠣᠪᠣᠭ᠎ᠠ ᠭᠡᠵᠦ ᠨᠡᠷᠡᠶᠢᠳᠳᠡᠭ ᠨᠢ ᠵᠦᠪᠬᠡᠨ ᠣᠷᠠᠳ ᠤᠨ ᠲᠣᠮᠳᠠᠳᠣ ᠬᠦᠩ ᠤᠨ ᠬᠤᠰᠢᠭᠤᠨ ᠳᠤ ᠯᠨ ᠪᠠᠶᠢᠳᠠᠭ ᠪᠢᠰᠢ︔ ᠬᠠᠷᠢᠨ ᠬᠠᠯᠬ᠎ᠠ | ᠮᠣᠩᠭᠤᠯ ᠳᠤ ᠴᠦ ᠪᠠᠶᠢᠳᠠᠭ ᠪᠠᠶᠢᠨ᠎ᠠ︔ ᠲᠡᠷᠡᠴᠢᠯᠡᠨ ᠡᠨᠡᠬᠦ ᠲᠡᠦᠬᠡ ᠶᠢᠨ ᠲᠡᠮᠳᠡᠭᠯᠡᠯ ᠠᠴᠠ ᠪᠢᠳᠠ ᠲᠣᠳᠣᠷᠬᠠᠢ ᠮᠡᠳᠡᠵᠦ ᠪᠣᠯᠬᠤ ᠨᠢ ᠮᠣᠩᠭᠤᠯᠴᠣᠳ ᠤᠨ ᠣᠪᠣᠭ᠎ᠠ᠂ | ᠠᠭᠤᠯᠨ ᠬᠠᠶᠢᠷᠬᠠᠨ ᠢᠶᠠᠨ ᠰᠢᠳᠦᠨ ᠲᠠᠬᠢᠳᠠᠭ ᠵᠠᠩ ᠦᠢᠯᠨ ᠨᠢ ᠵᠦᠪᠬᠡᠨ ᠨᠢᠬᠡ ᠯᠨ ᠭᠠᠵᠠᠷ ᠠᠷᠪᠠᠨ ᠭᠤᠷᠪᠠᠨ ᠣᠪᠣᠭ᠎ᠠ ᠯᠨ ᠪᠣᠰᠬᠠᠳᠠᠭ ᠪᠢᠰᠢ ᠬᠠᠷᠢᠨ ᠠᠳᠠᠯᠢ | ᠶᠢᠨ ᠭᠠᠵᠠᠷ ᠣᠷᠣᠨ ᠢᠶᠠᠷ ᠪᠣᠰᠬᠠᠭᠰᠠᠨ ᠣᠯᠠᠨ ᠠᠷᠪᠢᠨ ᠣᠪᠣᠭ᠎ᠠ ᠨᠤᠭᠤᠳ ᠠᠴᠠ ᠪᠠᠨ ᠪᠠᠰᠨ ᠠᠷᠪᠠᠨ ᠭᠤᠷᠪᠠᠨ ᠣᠪᠣᠭ᠎ᠠ ᠬᠠᠶᠢᠷᠬᠠᠨ ᠬᠡᠵᠦ ᠨᠡᠷᠡᠶᠢᠳᠳᠡᠭ | ᠪᠠᠶᠢᠭᠰᠠᠨ ᠢ ᠣᠯᠵᠣ ᠬᠠᠷᠠᠵᠣ ᠪᠣᠯᠣᠮᠠᠷ ᠪᠠᠶᠢᠨ᠎ᠠ ᠃ | ᠠᠷᠪᠠᠨ ᠭᠤᠷᠪᠠᠨ ᠣᠪᠣᠭᠠᠨ ᠤ ᠲᠣᠳᠣᠭᠠᠳᠣ ᠠᠭᠤᠯᠣᠭᠳᠠᠬᠤᠨ ᠢ ᠨᠢ ᠠᠵᠢᠭᠯᠠᠨ ᠰᠢᠨᠵᠢᠯᠡᠵᠦ ᠦᠵᠡᠪᠡᠯ᠂ ᠦ᠊᠂ ᠨᠠᠷᠠᠨᠪᠠᠳᠣ ᠭᠤᠸᠠᠢ ᠶᠢᠨ ︽ᠵᠣᠬᠢᠶᠠᠯ | ᠪᠦᠳᠦᠭᠡᠯ ᠤᠨ ᠲᠡᠬᠦᠪᠦᠷᠢ︾ ᠶᠢᠨ ︽ᠵᠠᠩ ᠦᠢᠯᠨ ᠠᠮᠠᠨ ᠵᠣᠬᠢᠶᠠᠯ ᠰᠣᠳᠣᠯᠣᠯ︾ ᠤᠨ ︽ᠠᠷᠪᠠᠨ ᠭᠤᠷᠪᠠᠨ ᠣᠪᠣᠭᠠᠨ ᠤ ᠣᠴᠢᠷ ᠢ ᠦᠬᠦᠯᠡᠬᠦ ᠨᠢ︾ ᠭᠡᠰᠡᠨ | ᠦᠬᠦᠯᠡᠯ ᠳᠤ ︽ᠪᠣᠷᠬᠠᠨ ᠤ ᠱᠠᠰᠢᠨ ᠤ ᠲᠠᠪᠣᠨ ᠪᠣᠳ᠋ ᠨᠣᠮ ᠤᠨ ︵ᠠᠪᠧᠳᠧᠷᠮᠠ︶ ᠪᠣᠳ᠋ ᠲᠤ ᠦᠬᠦᠯᠡᠬᠦ ᠪᠠᠷ ᠪᠣᠯ ᠬᠤᠷᠸ᠎ᠠ ᠶᠢᠷᠳᠢᠨᠴᠦ ᠶᠢᠨ ᠲᠦᠪ ᠲᠣᠮᠳᠠ ᠨᠢ | ᠰᠦᠮᠪᠣᠷ ᠠᠭᠤᠯᠨ ᠭᠡᠬᠦ ᠨᠡᠷᠡᠳᠦ ᠠᠭᠤᠯᠨ ᠪᠣᠢ ᠪᠠ ᠲᠡᠬᠦᠨ ᠤ ᠣᠷᠣᠢ ᠲᠡᠭᠡᠷ᠎ᠡ ᠬᠤᠷᠮᠣᠰᠳᠠ ᠲᠡᠭᠷᠢ᠂ ᠲᠦᠷᠪᠡᠨ ᠲᠠᠯ᠎ᠠ ᠳᠤᠨᠢ ᠲᠦᠷᠪᠡᠨ ᠶᠡᠭᠡ ᠲᠢᠪ᠂ ᠶᠡᠭᠡ ᠲᠢᠪ | ᠪᠦᠷᠢ ᠳᠤᠨᠢ ᠬᠤᠶᠠᠷ ᠪᠠᠭ᠎ᠠ ᠲᠢᠪ᠂ ᠨᠡᠶᠢᠯᠡᠭᠡᠳ ᠨᠠᠢᠮᠠᠨ ᠪᠠᠭ᠎ᠠ ᠲᠢᠪ ᠪᠣᠢ ᠬᠡᠮᠡᠳᠡᠭ ᠃ ᠡᠯ᠎ᠡ ᠣᠬᠠᠭᠳᠠᠬᠤᠨ ᠢ ᠲᠠᠶᠢᠯᠪᠣᠷᠢᠯᠠᠪᠠᠯ᠂ ᠰᠦᠮᠪᠦᠷ ᠭᠡᠵᠦ ᠮᠠᠰᠢ | ᠴᠣᠭᠴᠠᠯᠠᠭᠰᠠᠨ ᠬᠡᠬᠦ ᠣᠳᠬ᠎ᠠ ᠲᠠᠢ ᠠᠭᠤᠯᠨ ᠶᠢᠨ ᠬᠠᠭᠠᠨ ᠪᠣᠯᠣᠨ᠎ᠠ᠃ ᠲᠦᠷᠪᠡᠨ ᠶᠡᠭᠡ ᠲᠢᠪ ᠭᠡᠳᠡᠭ ᠨᠢ ᠲᠣᠷᠣᠨ᠎ᠠ ᠦᠯᠡᠮᠵᠢ ᠪᠡᠶᠡᠳᠦ ᠲᠢᠪ᠂ ᠲᠡᠬᠦᠨ ᠢ | ᠡᠵᠡᠯᠡᠭᠴᠢ ᠨᠢ ᠫᠠᠭᠵᠢᠪᠤ ᠬᠡᠮᠡᠬᠦ ᠮᠠᠬᠠᠷᠠᠨᠽᠠ᠂ ᠦᠷᠦᠨ᠎ᠡ ᠦᠬᠡᠷ ᠡᠵᠡᠯᠡᠭᠴᠢ ᠲᠢᠪ᠂ ᠲᠡᠬᠦᠨ ᠢ ᠡᠵᠡᠯᠡᠭᠴᠢ ᠨᠢ ᠵᠠᠮᠮᠢᠰᠠᠩ ᠬᠡᠮᠡᠬᠦ ᠮᠠᠬᠠᠷᠠᠨᠽᠠ᠂ ᠣᠮᠠᠷ᠎ᠠ ᠮᠠᠭᠤ | ᠲᠠᠭᠠᠳᠣ ᠲᠢᠪ᠂ ᠲᠡᠬᠦᠨ ᠢ ᠡᠵᠡᠯᠡᠭᠴᠢ ᠨᠢ ᠨᠠᠮᠲ᠋ᠣᠶᠢᠰᠠᠷᠠᠢ ᠬᠡᠮᠡᠬᠦ ᠮᠠᠬᠠᠷᠠᠨᠽᠠ ᠪᠣᠯᠣᠨ᠎ᠠ ᠃ ᠨᠦᠬᠦᠬᠡ ᠨᠠᠢᠮᠠᠨ ᠪᠠᠭ᠎ᠠ ᠲᠢᠪ ᠨᠢ ᠪᠣᠯ ᠨᠡᠷ᠎ᠡ ᠦᠬᠡᠢ ᠲᠢᠪ ᠤᠳ ᠶᠣᠮ︾ | ᠬᠡᠵᠦ ᠲᠡᠶᠢᠯᠪᠣᠷᠢᠯᠠᠭᠰᠠᠨ ᠪᠠᠶᠢᠨ᠎ᠠ ᠃ ᠲᠠᠬᠢᠭᠠᠳ ᠬᠡᠯᠡᠪᠡᠯ᠂ ᠮᠦᠩᠬᠡᠰᠦ᠋ᠮᠪᠣᠷ ᠭᠤᠸᠠᠢ ᠶᠢᠨ ︽ᠰᠢᠷᠡᠭᠡ ᠬᠠᠳᠠᠢ ᠶᠢᠨ ᠵᠣᠭᠤᠭ︾ ᠭᠡᠳᠡᠭ ᠨᠣᠮ ᠳᠠᠭᠠᠨ ᠠᠷᠪᠠᠨ | ᠭᠤᠷᠪᠠᠨ ᠣᠪᠣᠭᠠᠨ ᠤ ᠲᠣᠰ ᠲᠣᠰ ᠤᠨ ᠨᠡᠷᠡᠰ ᠤᠨ ᠲᠣᠬᠠᠢ᠄ ᠭᠤᠣᠯ ᠣᠪᠣᠭ᠎ᠠ᠂ ᠲᠠᠶᠢᠰᠣᠨ ᠢ ᠲᠠᠷᠣᠬᠤ ᠰᠠᠬᠢᠭᠤᠰᠣ ᠨᠣᠷᠣ᠂ ᠬᠤᠯᠠᠭᠠᠢ ᠲᠡᠭᠡᠷᠡᠮ ᠢ ᠲᠠᠷᠣᠬᠤ | ᠰᠠᠬᠢᠭᠤᠰᠣ︔ ᠷᠡᠯᠦᠩ᠂ ᠰᠠᠯᠬᠢᠨ ᠤ ᠰᠠᠬᠢᠭᠤᠰᠣ ᠰᠢᠷᠨ᠂ ᠪᠣᠷᠬᠠᠨ ᠤ ᠰᠠᠬᠢᠭᠤᠰᠣ︔ ᠷᠠᠬᠠ᠂ ᠴᠠᠰᠣᠨ ᠤ ᠰᠠᠬᠢᠭᠤᠰᠣ︔ ᠷᠠᠲᠨ᠂ ᠮᠣᠷᠢᠨ ᠤ ᠰᠠᠬᠢᠭᠤᠰᠣ︔ | ᠭᠠᠯᠠᠩ᠂ ᠦᠬᠡᠷ ᠤᠨ ᠰᠠᠬᠢᠭᠤᠰᠣ︔ ᠯᠦᠩ᠂ ᠬᠤᠨᠢᠨ ᠤ ᠰᠠᠬᠢᠭᠤᠰᠣ︔ ᠷᠨ᠂ ᠢᠮᠠᠭᠠᠨ ᠤ ᠰᠠᠬᠢᠭᠤᠰᠣ︔ ᠷᠨ ᠨᠠ ᠮᠣᠨ᠂ ᠲᠡᠮᠡᠭᠡᠨ ᠤ ᠰᠠᠬᠢᠭᠤᠰᠣ︔ ᠰᠢᠩ᠂ | ᠭᠠᠵᠠᠷ ᠰᠢᠷᠣᠢ ᠶᠢᠨ ᠰᠠᠬᠢᠭᠤᠰᠣ︔ ᠳ᠋ᠠᠮᠠᠭ᠂ ᠴᠡᠷᠢᠭ ᠢ ᠬᠠᠮᠠᠭᠠᠯᠠᠬᠤ ᠰᠠᠬᠢᠭᠤᠰᠣ︔ ᠬᠢᠶᠠᠲ᠋ᠠᠪᠢᠰ᠂ ᠰᠠᠶᠢᠨ ᠤ ᠰᠠᠬᠢᠭᠤᠰᠣ ᠭᠡᠵᠦ ᠲᠠᠶᠢᠯᠪᠣᠷᠢᠯᠠᠪᠠ᠃ ︵ᠠᠳᠡ | ᠪᠢᠴᠢᠵᠦ ᠪᠠᠶᠢᠭ᠎ᠠ ᠠᠷᠪᠠᠨ ᠭᠤᠷᠪᠠᠨ ᠣᠪᠣᠭᠠᠨ ᠤ ᠨᠡᠷᠡᠰ ᠪᠣᠯ ᠲᠦᠷᠺ ᠦᠬᠡ ᠪᠣᠯᠣᠨ᠎ᠠ︶ | ᠮᠢᠨᠣ ᠦᠵᠡᠬᠦ ᠪᠠᠷ᠂ ᠮᠣᠩᠭᠤᠯᠴᠣᠳ ᠡᠨᠡᠬᠦ ᠠᠷᠪᠠᠨ ᠭᠤᠷᠪᠠᠨ ᠣᠪᠣᠭ᠎ᠠ ᠪᠣᠰᠬᠠᠳᠠᠭ ᠨᠢ ᠲᠡᠭᠷᠢ ᠭᠠᠵᠠᠷ᠂ ᠯᠣᠣᠰ ᠬᠢᠬᠡᠳ ᠣᠳᠣᠨ ᠣᠷᠣᠨ ᠤ ᠰᠢᠨᠵᠢᠯᠡᠯ | ᠤᠨ ᠠᠷᠪᠠᠨ ᠬᠤᠶᠠᠷ ᠵᠢᠯ ᠲᠠᠢ ᠪᠠᠰᠨ ᠬᠤᠯᠪᠣᠭᠳᠠᠯ ᠲᠠᠢ ᠪᠣᠯᠪᠠᠣ ᠭᠡᠵᠦ ᠦᠵᠡᠵᠦ ᠪᠠᠶᠢᠨ᠎ᠠ ᠃ ᠣᠴᠢᠷ ᠨᠢ ᠣᠳᠣᠨ ᠣᠷᠣᠨ ᠤ ᠵᠢᠷᠣᠬᠠᠢ ᠶᠢᠨ ᠰᠣᠳᠣᠯᠣᠯ ᠳᠤ | ᠲᠦᠷᠪᠡᠨ ᠵᠦᠭ ᠨᠠᠢᠮᠠᠨ ᠵᠣᠪᠬᠢᠰ ᠭᠡᠵᠦ ᠪᠠᠶᠢᠳᠠᠭ ᠃ ᠲᠡᠭᠡᠭᠡᠳ ᠲᠡᠷᠨ ᠠᠷᠪᠠᠨ ᠬᠤᠶᠠᠷ ᠵᠢᠯ ᠨᠢ ᠡᠨᠡ ᠲᠦᠷᠪᠡᠨ ᠵᠦᠭ ᠨᠠᠢᠮᠠᠨ ᠵᠣᠪᠬᠢᠰ ᠢ ᠡᠵᠡᠯᠡᠵᠦ ᠪᠠᠶᠢᠳᠠᠭ ᠃ | ᠬᠦᠮᠦᠰ ᠠᠷᠪᠠᠨ ᠭᠤᠷᠪᠠᠨ ᠣᠪᠣᠭ᠎ᠠ ᠪᠣᠰᠬᠠᠬᠤ ᠳᠠᠭᠠᠨ ᠣᠯᠠᠩᠬᠢ ᠨᠢ ᠭᠤᠣᠯ ᠳᠤᠨᠢ ᠲᠦᠪ ᠣᠪᠣᠭ᠎ᠠ ᠪᠠᠨ ᠪᠣᠰᠬᠠᠵᠣ᠂ ᠲᠦᠪ ᠣᠪᠣᠭᠠᠨ ᠤ ᠪᠠᠨ ᠲᠦᠷᠪᠡᠨ ᠵᠦᠭ | ᠲᠤ ᠭᠤᠷᠪᠠ ᠭᠤᠷᠪᠠᠨ ᠬᠤᠶᠠᠭ ᠣᠪᠣᠭ᠎ᠠ ᠨᠢ ᠲᠠᠷᠣᠢ ᠠᠷᠪᠠᠨ ᠬᠤᠶᠠᠷ ᠵᠢᠯ ᠤᠨ ᠲᠣᠳᠣᠷᠠᠬᠢ ᠭᠤᠷᠪᠠᠨ ᠵᠢᠯ ᠢ ᠲᠦᠯᠦᠬᠡᠯᠡᠵᠦ᠂ ᠡᠨᠡ ᠭᠤᠷᠪᠠᠨ ᠵᠢᠯ ᠪᠦᠷᠢ ᠨᠢ | ᠨᠢᠬᠡ ᠵᠦᠭ ᠨᠢᠬᠡ ᠵᠣᠪᠬᠢᠰ ᠢ ᠪᠠᠭᠳᠠᠭᠠᠵᠣ ᠪᠠᠶᠢᠳᠠᠭ ᠃ ᠵᠢᠱᠢᠶᠡᠯᠡᠪᠡᠯ᠂ ᠬᠤᠯᠣᠭᠠᠨ᠎ᠠ ᠵᠢᠯ ᠬᠤᠶᠢᠳᠣ ᠵᠦᠭ ᠢ ᠡᠵᠡᠯᠡᠵᠦ᠂ ᠦᠬᠡᠷ ᠪᠠᠷᠰ ᠵᠢᠯ ᠵᠡᠬᠦᠨ ᠬᠤᠶᠢᠳᠣ | ᠵᠦᠭ ᠤᠨ ᠵᠣᠪᠬᠢᠰ ᠢ ᠡᠵᠡᠯᠡᠵᠦ ᠪᠠᠶᠢᠳᠠᠭ ᠃ ᠭᠤᠣᠯ ᠲᠣᠮᠳᠠ ᠨᠢ ᠪᠠᠶᠢᠭ᠎ᠠ ᠲᠦᠪ ᠣᠪᠣᠭ᠎ᠠ ᠪᠠᠨ ᠭᠤᠷᠪᠠᠨ ᠲᠠᠪᠬᠤᠷ ᠲᠡᠭᠳᠡᠷ ᠢᠶᠠᠷ ᠲᠠᠪᠬᠤᠷᠯᠠᠨ ᠦᠷᠦᠵᠦ᠂ | ᠣᠪᠣᠭᠠᠨ ᠲᠣᠳᠣᠷ᠎ᠠ ᠪᠠᠨ ᠠᠯᠳᠠ ᠮᠦᠩᠬᠦ ᠮᠡᠳᠦ ᠶᠢᠨ ᠡᠷᠳᠡᠨᠢᠰ ᠤᠨ ᠵᠦᠢᠯ᠂ ᠭᠠᠵᠠᠷ ᠯᠣᠣᠰ ᠢ ᠲᠠᠬᠢᠭᠰᠠᠨ ᠮᠣᠭᠠᠢ ᠮᠡᠯᠡᠬᠡᠢ ᠵᠡᠷᠭᠡ ᠶᠢ ᠬᠢᠵᠦ ᠣᠪᠣᠭ᠎ᠠ ᠪᠠᠨ | ᠱᠦᠩᠰᠢᠭᠯᠡᠨ ᠪᠣᠰᠬᠠᠳᠠᠭ ᠨᠢ ᠲᠡᠭᠷᠢ ᠭᠠᠵᠠᠷ᠂ ᠯᠣᠣᠰ ᠤᠨ ᠡᠵᠡᠨ ᠢ ᠲᠦᠯᠦᠬᠡᠯᠡᠭᠰᠡᠨ ᠰᠠᠬᠢᠭᠤᠰᠣ ᠶᠣᠮ ᠬᠡᠵᠦ ᠪᠣᠷᠬᠠᠨ ᠱᠠᠰᠢᠨ ᠤ ᠣᠨᠣᠯ ᠳᠤ ᠲᠠᠶᠢᠯᠪᠣᠷᠢᠯᠠᠵᠣ | ᠪᠠᠶᠢᠳᠠᠭ ᠃ ᠲᠡᠶᠢᠮᠦ ᠪᠣᠯᠬᠤᠷ᠂ ᠬᠦᠮᠦᠰ ᠣᠪᠣᠭᠠᠨ ᠳᠤ ᠮᠦᠷᠬᠦᠵᠦ ᠪᠠᠶᠢᠭ᠎ᠠ ᠨᠢ ᠲᠡᠭᠷᠢ ᠭᠠᠵᠠᠷ᠂ ᠯᠣᠣᠰ ᠤᠨ ᠡᠵᠡᠨ ᠤ ᠰᠠᠬᠢᠭᠤᠰᠣ ᠳᠠᠭᠠᠨ ᠰᠦᠰᠦᠭ | ᠲᠠᠭᠠᠳᠬᠠᠯ ᠢᠶᠠᠨ ᠡᠷᠬᠦᠵᠦ ᠪᠠᠶᠢᠬᠤ ᠶᠠᠪᠣᠳᠠᠯ ᠪᠣᠯᠣᠨ᠎ᠠ ᠃ ᠲᠡᠭᠡᠪᠡᠯ ᠲᠦᠷᠪᠡᠨ ᠵᠦᠭ ᠤᠨ ᠠᠷᠪᠠᠨ ᠬᠤᠶᠠᠷ ᠬᠤᠶᠠᠭ ᠣᠪᠣᠭ᠎ᠠ ᠨᠢ ᠬᠤᠯᠣᠭᠠᠨ᠎ᠠ᠂ ᠦᠬᠡᠷ᠂ ᠪᠠᠷᠰ᠂ | ᠲᠠᠣᠯᠠᠢ᠂ ᠯᠣᠣ᠂ ᠮᠣᠭᠠᠢ᠂ ᠮᠣᠷᠢ᠂ ᠬᠤᠨᠢ᠂ ᠪᠡᠴᠢ᠂ ᠲᠠᠬᠢᠶ᠎ᠠ᠂ ᠨᠣᠬᠠᠢ᠂ ᠭᠠᠭ᠋ᠠᠢ ᠵᠡᠷᠭᠡ ᠠᠷᠪᠠᠨ ᠬᠤᠶᠠᠷ ᠵᠢᠯ ᠢ ᠲᠦᠯᠦᠬᠡᠯᠡᠭᠰᠡᠨ ᠰᠡᠬᠢᠭᠤᠰᠣ ᠶᠣᠮ ᠬᠡᠵᠦ | ᠣᠳᠣᠨ ᠣᠷᠣᠨ ᠤ ᠵᠢᠷᠣᠬᠠᠢ ᠶᠢᠨ ᠣᠨᠣᠯ ᠢᠶᠠᠷ ᠲᠠᠶᠢᠯᠪᠣᠷᠢᠯᠠᠵᠣ ᠪᠣᠯᠬᠤ ᠰᠢᠭ᠋ ᠪᠣᠳᠣᠭᠳᠠᠵᠣ ᠪᠠᠶᠢᠨ᠎ᠠ ᠃ ᠣᠴᠢᠷ ᠨᠢ᠂ ᠣᠪᠣᠭᠠᠨ ᠳᠤ ᠮᠦᠷᠬᠦᠳᠡᠭ ᠬᠦᠮᠦᠨ | ᠪᠦᠬᠦᠨ ᠴᠦᠮ ᠡᠨᠡ ᠠᠷᠪᠠᠨ ᠬᠤᠶᠠᠷ ᠵᠢᠯ ᠤᠨ ᠨᠢᠬᠡᠨ ᠳᠤᠨᠢ ᠲᠣᠭᠠᠯᠠᠭᠳᠠᠵᠣ ᠪᠠᠶᠢᠭ᠎ᠠ ᠪᠣᠯᠬᠤᠷ᠂ ᠲᠡᠳᠡᠨᠣᠰ ᠣᠪᠣᠭᠠᠨ ᠳᠤ ᠮᠦᠷᠬᠦᠵᠦ ᠪᠠᠶᠢᠭ᠎ᠠ ᠨᠢ ᠮᠦᠨᠴᠦ | ᠦᠪᠡᠷ ᠦᠪᠡᠷ ᠤᠨ ᠣᠨᠣᠭᠳᠠᠭᠰᠠᠨ ᠵᠢᠯ ᠳᠡᠭᠡᠨ ᠮᠦᠷᠬᠦᠵᠦ᠂ ᠲᠦᠷᠪᠡᠨ ᠵᠦᠭ ᠨᠠᠢᠮᠠᠨ ᠵᠣᠪᠬᠢᠰ ᠤᠨ ᠰᠠᠬᠢᠭᠤᠰᠣ ᠳᠠᠭᠠᠨ ᠰᠠᠶᠢᠨ ᠰᠠᠶᠢᠬᠠᠨ ᠤ ᠰᠦᠰᠦᠭ | ᠲᠠᠭᠠᠳᠬᠠᠯ᠂ ᠢᠷᠦᠬᠡᠯ ᠵᠦᠩᠨᠡᠯ ᠢᠶᠠᠨ ᠡᠷᠬᠦᠵᠦ ᠪᠠᠶᠢᠭ᠎ᠠ ᠶᠠᠪᠣᠳᠠᠯ ᠪᠣᠯᠬᠤ ᠶᠣᠮ ᠃ | ᠲᠡᠭᠡᠷᠡᠬᠢ ᠡᠳᠡᠭᠡᠷ ᠵᠠᠳᠠᠯᠣᠯᠳᠠ ᠠᠴᠠ ᠦᠵᠡᠪᠡᠯ᠂ ᠨᠡᠶᠢᠳᠡ ᠮᠣᠩᠭᠤᠯ᠂ ᠲᠡᠷᠡᠴᠢᠯᠡᠨ ᠣᠷᠠᠳᠴᠣᠳ ᠠᠷᠪᠠᠨ ᠭᠤᠷᠪᠠᠨ ᠣᠪᠣᠭ᠎ᠠ ᠪᠣᠰᠬᠠᠳᠠᠭ ᠤᠨ ᠣᠴᠢᠷ | ᠢ ︽ᠪᠣᠷᠬᠠᠨ ᠱᠠᠰᠢᠨ ᠤ ᠡᠬᠦᠳᠡᠨ ᠠᠴᠠ ᠲᠠᠶᠢᠯᠣᠭᠰᠠᠨ ᠨᠢ ᠮᠠᠰᠢ ᠬᠦᠨ ᠣᠳᠬ᠎ᠠ ᠲᠠᠢ ᠪᠦᠬᠡᠳ ᠮᠣᠩᠭᠤᠯ ᠬᠦᠮᠦᠨ ᠤ ᠵᠠᠩ ᠦᠢᠯᠨ ᠪᠣᠯ ᠴᠠᠭᠠᠨ᠎ᠠ ᠪᠠᠨ ᠨᠠᠷᠢᠨ | ᠬᠦᠨᠵᠡᠭᠡᠢ ᠲᠣᠳᠣᠭᠠᠳᠣ ᠠᠭᠤᠯᠣᠮᠵᠢ ᠲᠠᠢ ᠪᠠᠶᠢᠳᠠᠭ ᠢ ᠲᠣᠳᠣᠷᠬᠠᠢ ᠢᠯᠡᠳᠭᠡᠭᠰᠡᠨ︾ ᠢᠶᠠᠷ ᠪᠠᠷᠠᠬᠤ ᠦᠬᠡᠢ ᠣᠷᠳᠣ ᠣᠳᠠᠭᠠᠨ ᠠᠵᠣ ᠠᠮᠢᠳᠣᠷᠠᠯ ᠤᠨ ᠵᠠᠩ ᠦᠢᠯᠨ | ᠪᠠᠨ ᠠᠷᠪᠠᠨ ᠠᠷᠪᠠ ᠶᠢᠨ ᠪᠡᠯᠭᠡᠰᠢᠶᠡᠯᠳᠣ ᠲᠤᠭ᠎ᠠ ᠪᠠᠨ ᠲᠡᠭᠷᠢ ᠭᠠᠵᠠᠷ ᠯᠣᠣᠰ ᠤᠨ ᠰᠠᠬᠢᠭᠤᠰᠣ᠂ ᠠᠷᠪᠠᠨ ᠬᠤᠶᠠᠷ ᠵᠢᠯ ᠤᠨ ᠰᠠᠬᠢᠭᠤᠰᠣ ᠪᠠᠷ ᠵᠦᠩᠨᠡᠯ ᠲᠠᠭᠠᠳᠬᠠᠯ | ᠢᠶᠠᠨ ᠲᠦᠯᠦᠬᠡᠯᠡᠬᠦᠯᠦᠭᠰᠡᠨ ᠣᠯᠠᠮᠵᠢᠯᠠᠯᠳᠣ ᠵᠠᠩᠰᠢᠯ ᠭᠤᠷᠢᠮ ᠪᠠ ᠪᠣᠳᠠᠳᠣ ᠲᠦᠷᠰᠦᠮᠵᠢ ᠶᠢᠨ ᠲᠦᠪᠯᠡᠷᠡᠩᠬᠦᠢ ᠬᠤᠷᠢᠶᠠᠩᠭᠤᠶᠢᠯᠠᠯ ᠭᠡᠵᠦ ᠬᠡᠯᠡᠵᠦ ᠪᠣᠯᠣᠮᠠᠷ ᠪᠠᠶᠢᠨ᠎ᠠ︔ | ᠲᠡᠶᠢᠮᠦ ᠪᠣᠯᠬᠤᠷ᠂ ᠣᠷᠠᠳ ᠮᠣᠩᠭᠤᠯᠴᠣᠳ ᠣᠪᠣᠭ᠎ᠠ ᠪᠣᠰᠬᠠᠬᠤ ᠳᠠᠭᠠᠨ ᠵᠠᠪᠠᠯ ᠶᠡᠭᠡ ᠪᠠᠭ᠎ᠠ ᠠᠷᠪᠠᠨ ᠭᠤᠷᠪᠠᠨ ᠣᠪᠣᠭ᠎ᠠ ᠪᠣᠰᠬᠠᠳᠠᠭ ᠪᠣᠯᠣᠭᠰᠠᠨ ᠪᠠ ᠣᠷᠠᠳ ᠤᠨ | ᠲᠣᠮᠳᠠᠳᠣ ᠬᠦᠩ ᠤᠨ ᠬᠤᠰᠢᠭᠤᠨ ᠤ ᠠᠳᠠᠯᠢ ᠪᠣᠰᠣ ᠶᠢᠨ ᠭᠠᠵᠠᠷ ᠣᠷᠣᠨ ᠳᠤ ᠲᠠᠷᠬᠠᠨ ᠪᠠᠶᠢᠷᠢᠰᠢᠭᠰᠠᠨ ᠠᠷᠪᠠᠨ ᠭᠤᠷᠪᠠᠨ ᠣᠪᠣᠭ᠎ᠠ ᠬᠠᠶᠢᠷᠬᠠᠨ ᠪᠣᠢ ᠪᠣᠯᠣᠯ᠎ᠠ | ᠭᠡᠵᠦ ᠦᠵᠡᠵᠦ ᠪᠠᠶᠢᠨ᠎ᠠ ᠃ | ︽ᠮᠣᠩᠭᠤᠯ ᠰᠣᠳᠣᠯᠣᠯ ᠤᠨ ᠨᠡᠪᠳᠡᠷᠬᠡᠢ ᠲᠣᠯᠢ︾ ᠱᠠᠰᠢᠨ ᠰᠣᠷᠳᠠᠬᠤᠨ ᠦᠪᠦᠷ ᠮᠣᠩᠭᠤᠯ ᠤᠨ ᠰᠢᠨᠵᠢᠯᠡᠬᠦ ᠣᠬᠠᠭᠠᠨ ᠲᠧᠩᠨᠢᠭ ᠮᠡᠷᠭᠡᠵᠢᠯ ᠬᠡᠪᠯᠡᠯ ᠤᠨ | ᠬᠤᠷᠢᠶ᠎ᠠ ᠃ | ᠣᠷᠠᠳ ᠤᠨ ᠬᠤᠶᠢᠳᠣ ᠬᠤᠰᠢᠭᠤᠨ ᠤ ᠮᠣᠩᠭᠤᠯ ᠦᠨᠳᠦᠰᠦᠳᠡᠨ ᠤ ᠣᠯᠠᠮᠵᠢᠯᠠᠯᠳᠣ ᠵᠠᠩ ᠦᠢᠯᠨ ᠶᠢᠨ ᠰᠣᠶᠣᠯ ᠤᠨ ᠶᠠᠷᠢᠯᠴᠠᠨ ᠰᠣᠳᠣᠯᠬᠤ ᠬᠤᠷᠠᠯ | ᠳᠤ ᠲᠡᠪᠰᠢᠬᠦᠯᠦᠨ ᠨᠣᠳᠠᠯᠠᠭᠰᠠᠨ ᠢᠶᠠᠷ ᠡᠨᠡᠬᠦ ᠠᠷᠪᠠᠨ ᠭᠤᠷᠪᠠᠨ ᠣᠪᠣᠭ᠎ᠠ ᠶᠢ ᠪᠣᠳᠠᠳᠠᠢ ᠪᠠᠷ ᠬᠡᠯᠡᠪᠡᠯ᠂ ᠮᠣᠨᠠ ᠶᠢᠨ ᠰᠣᠪᠣᠷᠭᠠᠨ ᠴᠢᠯᠠᠭᠤ᠂ ᠬᠦᠨᠳᠡᠯᠨ ᠶᠢᠨ ᠣᠪᠣᠭ᠎ᠠ | ᠂ ᠰᠣᠯᠣᠨ ᠬᠠᠶᠢᠷᠬᠠᠨ ᠤ ᠣᠪᠣᠭ᠎ᠠ᠂ ᠭᠠᠯᠳᠠᠨ ᠣᠪᠣᠭ᠎ᠠ᠂ ᠠᠷᠴᠠ ᠰᠡᠷᠪᠡᠩ ᠬᠠᠶᠢᠷᠬᠠᠨ᠂ ᠬᠤᠶᠠᠷ ᠪᠣᠭᠳᠠ ᠶᠢᠨ ᠣᠪᠣᠭ᠎ᠠ᠂ ᠪᠠᠶᠠᠨ ᠰᠢᠪᠡᠭᠡ ᠣᠪᠣᠭ᠎ᠠ᠂ ᠠᠪᠣᠷᠠᠯᠳᠣ | ᠶᠢᠨ ᠣᠪᠣᠭ᠎ᠠ᠂ ᠮᠡᠭᠽᠠᠮ ᠤᠨ ᠣᠪᠣᠭ᠎ᠠ᠂ ᠬᠡᠴᠡᠬᠦᠦ ᠣᠯᠠᠭᠠᠨ ᠤ ᠣᠪᠣᠭ᠎ᠠ᠂ ᠪᠠᠯ ᠠᠭᠤᠯᠨ ᠶᠢᠨ ᠣᠪᠣᠭ᠎ᠠ᠂ ᠪᠠᠯ ᠠᠭᠤᠯᠨ ᠶᠢᠨ ᠣᠪᠣᠭ᠎ᠠ᠂ ᠠᠯᠳᠠᠨ ᠬᠤᠷᠭᠤ ᠶᠢᠨ | ᠣᠪᠣᠭ᠎ᠠ᠂ ᠴᠣᠬᠠᠦ᠋ᠨᠳᠦᠷ ᠤᠨ ᠣᠪᠣᠭ᠎ᠠ ᠵᠡᠷᠭᠡ ᠠᠷᠪᠠᠨ ᠭᠤᠷᠪᠠᠨ ᠣᠪᠣᠭ᠎ᠠ ᠪᠣᠯᠣᠨ᠎ᠠ᠃ | ᠨᠡᠶᠢᠳᠡᠯᠡᠯ ᠢ ᠪᠠᠵᠠᠭᠠᠭᠰᠠᠨ ᠨᠢ᠄ ᠴᠢᠩ᠊᠂ ᠬᠠᠰ |