ᠬᠤᠷᠴᠢᠨ ᠤᠪᠤᠭ᠎ᠠ ︵ᠢᠷᠤᠬᠡᠯ︶
ᠨᠡᠶᠢᠲᠡᠯᠡᠭᠰᠡᠨ ᠴᠠᠭ᠄
2020/7/22
                            ᠸ᠊᠂ ᠠᠭᠤᠯᠠ  ᠬᠤᠷᠴᠢᠨ ᠤ ᠨᠢᠬᠡ ᠬᠦᠢᠰ  ᠬᠤᠶᠢᠳᠤ ᠬᠤᠰᠢᠭᠤᠨ ᠤ ᠮᠤᠩᠭᠤᠯ ᠪᠠᠯᠭᠠᠰᠤ  ᠬᠠᠪᠤᠳᠤ ᠬᠠᠰᠠᠷ ᠤᠨ ᠬᠠᠶᠢᠷᠠᠯᠠᠭᠰᠠᠨ ᠨᠤᠳᠤᠭ  ᠬᠠᠶᠢᠷᠬᠠᠨ ᠪᠢᠡᠭᠳᠤ ᠶᠢᠨ ᠨᠢᠬᠡ ᠦᠨᠴᠦᠭ  ᠬᠤᠰᠤᠳᠠᠢ ᠶᠢᠨ ᠴᠡᠯᠬᠡᠷ ᠡᠯᠢᠬᠡᠨ ᠳᠤ  ᠪᠢᠡᠭᠳᠤ ᠶᠢᠨ ᠪᠠᠭᠤᠴᠠ ᠪᠢᠳᠠᠷᠢᠶᠠᠨ ᠰᠦᠮᠪᠤᠷᠯᠡᠭᠰᠡᠨ  ᠢᠷᠤᠬᠡᠯ ᠢᠶᠠᠷ ᠦᠯᠦᠬᠡᠶᠢᠳᠡᠭᠰᠡᠨ   ᠢᠳᠡᠭᠡᠯ ᠢᠶᠠᠷ ᠰᠦᠨᠳᠡᠷᠯᠡᠭᠰᠡᠨ ᠴᠢᠯᠠᠭᠤᠳᠤ ᠶᠢᠨ ᠦᠷᠦᠴᠡᠨ ᠳᠤ  ᠨᠤᠳᠤᠭ ᠤᠨ ᠲᠦᠰᠢᠭ ᠦᠷᠡᠳᠡᠯᠬᠡᠷ ᠤᠨ ᠳᠡᠳᠬᠦᠭᠰᠡᠨ  ᠬᠤᠷᠴᠢᠨ ᠤᠪᠤᠭ᠎ᠠ ᠦᠨᠦᠳᠦᠷ ᠠᠴᠠ ᠮᠡᠨᠳᠦᠯᠡᠵᠠᠢ᠃  ᠤᠷᠤᠢ ᠳᠠᠭᠠᠨ ᠰᠦᠯᠳᠡ ᠲᠠᠢ ᠦᠷᠯᠦᠭ ᠪᠠᠭᠠᠳᠤᠷ ᠪᠤᠭᠳᠠ ᠬᠠᠰᠠᠷ ᠤᠨ ᠱᠤᠭᠤᠮᠠᠯ ᠲᠠᠢ   ᠤᠷᠬᠢᠯ ᠳᠠᠭᠠᠨ ᠬᠡᠷᠡᠯ ᠲᠠᠢ  ᠦᠷᠡᠳᠡᠯᠬᠡᠷ ᠳᠠᠷᠤᠭ᠎ᠠ ᠶᠢᠨ ᠴᠢᠯᠠᠭᠤᠨ ᠫᠠᠶᠢᠰᠠ ᠲᠠᠢ ᠬᠤᠷᠴᠢᠨ ᠤᠪᠤᠭ᠎ᠠ ᠬᠠᠶᠢᠷᠬᠠᠨ︕ ᠬᠤᠷᠴᠢᠨ ᠤᠪᠤᠭ᠎ᠠ ᠰᠢᠳᠦᠬᠡᠨ︕ ᠵᠠ︕ ᠬᠤᠷᠴᠢᠨ ᠤᠪᠤᠭ᠎ᠠ ᠮᠢᠨᠢ᠄  ᠬᠤᠳᠠᠯᠠ ᠶᠢᠨ ᠤᠪᠤᠭ᠎ᠠ︕  ᠬᠤᠰᠢᠭᠤᠨ ᠤ ᠤᠪᠤᠭ᠎ᠠ︕ ᠬᠤᠨᠢᠨ ᠤ ᠤᠪᠤᠭ᠎ᠠ︕  ᠠᠶᠢᠯ ᠤᠨ ᠤᠪᠤᠭ᠎ᠠ  ᠠᠳᠤᠭᠤᠨ ᠤ ᠤᠪᠤᠭ᠎ᠠ ᠰᠦᠮ᠎ᠠ ᠶᠢᠨ ᠤᠪᠤᠭ᠎ᠠ ᠰᠦᠷᠦᠭ ᠤᠨ ᠤᠪᠤᠭ᠎ᠠ   ᠪᠦᠬᠡ ᠶᠢᠨ ᠤᠪᠤᠭ᠎ᠠ  ᠪᠠᠯᠭᠠᠰᠤᠨ ᠤ ᠤᠪᠤᠭ᠎ᠠ ᠨᠠᠶᠢᠷ ᠤᠨ ᠤᠪᠤᠭ᠎ᠠ  ᠨᠠᠶᠢᠵᠠ ᠶᠢᠨ ᠤᠪᠤᠭ᠎ᠠ ᠬᠡᠤᠬᠡᠳ ᠤᠨ ᠤᠪᠤᠭ᠎ᠠ  ᠬᠠᠳᠠᠨ ᠤ ᠤᠪᠤᠭ᠎ᠠ  ᠬᠠᠮᠳᠤ ᠶᠢᠨ ᠤᠪᠤᠭ᠎ᠠ  ᠬᠠᠶᠢᠷ᠎ᠠ ᠶᠢᠨ ᠠᠪᠤᠭ᠎ᠠ  ᠵᠢᠷᠤᠬᠡᠨ ᠤ ᠤᠪᠤᠭ᠎ᠠ ᠰᠢᠳᠤᠬᠡᠨ ᠤ ᠤᠪᠤᠭ᠎ᠠ  ᠴᠢᠯᠠᠭᠤᠨ ᠤᠪᠤᠭ᠎ᠠ   ᠴᠢᠭᠤᠯᠭᠠᠨ ᠤ ᠤᠪᠤᠭ᠎ᠠ   ᠤᠤᠭᠤᠭᠰᠠᠨ ᠤᠰᠤ ᠷᠠᠰᠢᠶᠠᠨ  ᠤᠨᠠᠭᠰᠠᠨ ᠰᠢᠷᠤᠢ ᠠᠯᠳᠠ ᠤᠤᠭᠠᠯ ᠨᠤᠳᠤᠭ ᠲᠤ ᠮᠢᠨᠢᠡᠨᠡ ᠤᠪᠤᠭ᠎ᠠ ᠮᠦᠡᠭᠭᠡ ᠰᠦᠨᠳᠡᠷᠯᠡᠭᠡᠴᠢ︕  ᠤᠪᠤᠭᠠᠨ ᠳᠠᠬᠢᠯᠭ᠎ᠠ ᠮᠦᠡᠭᠭᠡᠳᠡ  ᠤᠯᠠᠨ ᠤ ᠰᠢᠳᠦᠯᠬᠡ ᠦᠨᠢᠳᠡ  ᠤᠭᠰᠠᠭᠠᠨ ᠤ ᠨᠤᠳᠤᠭ ᠲᠤ ᠮᠢᠨᠢ ᠬᠤᠷᠴᠢᠨ ᠤᠪᠤᠭ᠎ᠠ ᠬᠡᠵᠢᠶᠡᠳᠡ ᠢᠪᠡᠭᠡᠭᠡᠴᠢ︕  ᠠᠨᠳᠠᠢ ᠶᠢᠨ ᠭᠡᠨᠭᠬᠡᠷᠭᠡ ᠨᠢᠵᠢᠬᠢᠨᠠᠨ ᠡᠷ᠎ᠠ ᠶᠢᠨ ᠨᠠᠭᠠᠳᠤᠮ ᠦᠷᠬᠦᠯᠵᠢᠯᠡᠨ   ᠤᠶᠠᠩᠭᠠᠳᠤ ᠬᠦᠭᠵᠢᠮ ᠤᠨ ᠤᠷᠤᠨ ᠮᠢᠨᠢ  ᠳᠠᠷᠬᠠᠨ ᠤᠪᠤᠭᠠᠨ ᠳᠤ ᠪᠠᠶᠠᠰᠬᠠᠭᠠᠴᠢ︕  ᠨᠡᠶᠢᠷ ᠤᠨ ᠬᠦᠭ ᠦᠷᠬᠦᠯᠵᠢᠯᠡᠨ  ᠨᠠᠭᠠᠳᠤᠮ ᠤᠨ ᠤᠷᠮ᠎ᠠ ᠬᠦᠭᠵᠢᠨ ᠨᠡᠬᠦᠳᠡᠯ ᠤᠨ ᠭᠠᠯ ᠪᠠᠳᠠᠷᠠᠭᠰᠠᠨ ᠤᠷᠤᠨ ᠮᠢᠨᠢ ᠨᠠᠮᠵᠢᠯᠠᠭᠰᠠᠨ ᠤᠪᠤᠭᠠᠨ ᠳᠤ ᠵᠢᠷᠭᠠᠭᠠᠴᠢ︕ ᠤᠯᠠᠭᠠᠨ ᠳᠤᠭ ᠮᠢᠷᠠᠯᠵᠠᠨ ᠤᠷᠤᠭᠰᠢᠯᠠᠬᠤ ᠵᠠᠮ ᠰᠠᠷᠠᠭᠤᠯᠵᠢᠨᠤᠤᠭᠠᠨ ᠨᠤᠳᠤᠭ ᠤᠨ ᠳᠠᠷᠬᠠᠨ ᠰᠢᠷᠤᠢ ᠮᠢᠨᠢ  ᠤᠪᠤᠭᠠᠨ ᠰᠦᠯᠳᠡ ᠳᠤ ᠳᠡᠭᠡᠭᠰᠢᠯᠡᠭᠡᠴᠢ︕  ᠦᠬᠡᠷᠡᠴᠢᠯᠡᠯᠳᠡ ᠶᠢᠨ ᠳᠤᠬᠢᠶ᠎ᠠ ᠴᠤᠤᠷᠢᠶᠠᠳᠤᠨ ᠦᠡᠭᠰᠢᠭ ᠨᠤᠳᠤᠭ ᠰᠠᠶᠢᠵᠢᠷᠠᠨ   ᠳᠠᠷᠬᠠᠨ ᠮᠤᠩᠭᠤᠯ ᠨᠤᠳᠤᠭ ᠮᠢᠨᠢ  ᠳᠡᠭᠵᠢᠨ ᠤᠪᠤᠭᠠᠨ ᠳᠤ ᠮᠠᠨᠳᠤᠭᠠᠴᠢ︕  ᠵᠢᠷᠭᠡᠯᠡᠭᠰᠡᠨ ᠴᠢᠯᠠᠭᠤ ᠨᠢ ᠰᠦᠭᠯᠦᠶᠢᠨ  ᠵᠤᠳ ᠰᠢᠭᠤᠷᠭ᠎ᠠ ᠳᠤ ᠰᠦᠨᠳᠡᠷᠯᠡᠨᠵᠤᠯᠪᠤᠭᠠᠳᠤ ᠤᠷᠤᠨ ᠤ ᠳᠠᠷᠬᠠᠨ ᠬᠦᠢᠰ ᠮᠢᠨᠢᠵᠢᠭᠠᠯᠳᠤ ᠤᠪᠤᠭᠠᠨ ᠳᠤ ᠳᠡᠭᠵᠢᠷᠡᠭᠡᠴᠢ︕   ᠰᠠᠭᠤᠷᠢ ᠪᠠᠨ ᠤᠯᠤᠭᠰᠠᠨ ᠲᠦᠰᠢᠶ᠎ᠠᠰᠠᠯᠬᠢ ᠶᠢ ᠰᠦᠷᠦᠭᠰᠡᠨ ᠰᠦᠯᠳᠡ ᠰᠠᠷᠠ ᠨᠠᠷᠠᠨ ᠤ ᠡᠬᠡᠯᠵᠢᠯᠡᠬᠡᠨ ᠳᠤ ᠮᠢᠨᠢ ᠰᠡᠵᠢᠭᠳᠦ ᠤᠪᠤᠭ᠎ᠠ ᠰᠦᠮᠪᠤᠷᠯᠡᠭᠡᠴᠢ︕ ᠤᠪᠤᠭᠠᠨ ᠤ ᠦᠨᠳᠦᠷ ᠰᠦᠷᠯᠢᠭ ᠪᠠᠶᠢᠨ᠎ᠠ  ᠤᠪᠤᠭᠠᠨ ᠤ ᠰᠦᠷᠯᠢᠭ ᠬᠡᠴᠡᠬᠦᠦ ᠪᠠᠶᠢᠨ᠎ᠠ ᠤᠪᠤᠭᠠᠨ ᠤ ᠰᠦᠯᠳᠡ ᠮᠢᠷᠠᠯᠵᠠᠨ ᠪᠠᠶᠢᠨ᠎ᠠ  ᠤᠪᠤᠭᠠᠨ ᠤ ᠬᠡᠰᠡᠭ ᠤᠯᠠᠨ ᠤ ᠪᠠᠶᠢᠨ᠎ᠠ  ᠤᠪᠤᠭᠠᠨ ᠤ ᠳᠡᠷᠭᠡᠳᠡ ᠢᠷᠡᠭᠰᠡᠨ ᠦᠳᠡᠬᠦᠰ ᠤᠴᠢᠷ ᠦᠭᠡᠢ ᠰᠠᠶᠢᠨ ᠨᠠᠶᠢᠷᠠᠯᠳᠤᠭᠠᠴᠢ︕  ᠤᠪᠤᠭᠠᠨ ᠳᠤ ᠳᠠᠭᠠᠳᠬᠠᠬᠤ ᠪᠠᠷ ᠢᠷᠡᠭᠰᠡᠳ ᠤᠯᠠᠮᠵᠢᠯᠠᠯ ᠶᠤᠰᠤ ᠪᠠᠷ ᠴᠢᠯᠠᠭᠤ ᠪᠠᠨ ᠨᠡᠮᠡᠷᠢᠯᠡᠬᠡᠴᠢ︕ᠰᠠᠬᠢᠯ ᠰᠠᠨᠸᠠᠷ ᠭᠡᠵᠤ ᠤᠯᠠᠮᠵᠢᠯᠠᠯ ᠲᠠᠢ  ᠰᠠᠶᠢᠬᠠᠨ ᠮᠦᠷᠬᠦᠯ ᠭᠡᠵᠤ ᠶᠤᠰᠤ ᠲᠠᠢ  ᠱᠠᠰᠢᠨ ᠪᠢᠰᠢᠷᠡᠯ ᠭᠡᠵᠤ ᠬᠠᠤᠯᠢ ᠲᠠᠢ   ᠰᠤᠪᠢᠡᠭ ᠮᠤᠬᠤᠷ ᠭᠡᠵᠤ ᠰᠡᠷᠡᠭᠳᠡᠯ ᠲᠠᠢ  ᠨᠤᠭᠤᠭᠠᠨ ᠳᠡᠯᠡᠬᠡᠢ ᠶᠢᠨ ᠨᠤᠳᠤᠭ ᠤᠨ ᠡᠵᠡᠳ ᠨᠠᠶᠢᠷᠰᠠᠭ ᠤᠷᠤᠨ ᠤ ᠤᠯᠠᠮᠵᠢᠯᠠᠯᠳᠤ ᠦᠪ ᠨᠠᠷᠮᠠᠢ ᠠᠷᠠᠳ ᠤᠨ ᠪᠤᠯᠠᠭ ᠤᠨ ᠬᠦᠨᠳᠡᠢ   ᠨᠠᠶᠢᠷᠠᠮᠳᠠᠭᠤ ᠨᠤᠳᠤᠭ ᠤᠨ ᠰᠢᠷ᠎ᠠ ᠨᠠᠷᠠ ᠰᠢᠷᠠᠳᠠᠯ᠎ᠠ ᠶᠢᠨ ᠪᠤᠭᠤᠷᠤᠯ ᠮᠠᠨᠠᠨ  ᠪᠠᠶᠠᠨᠳᠠᠯ᠎ᠠ ᠶᠢᠨ ᠮᠠᠯ ᠠᠳᠤᠭᠤ  ᠪᠠᠶᠠᠨᠮᠤᠳᠤ ᠶᠢᠨ ᠴᠡᠯᠬᠡᠷᠡᠭᠰᠡᠨ ᠤᠢ ᠪᠠᠭ᠋ᠠᠷᠤᠯᠳᠤ ᠰᠢᠨ᠎ᠠ ᠠᠶᠢᠯ ᠤᠨ ᠰᠢᠯᠢᠳᠡᠭ ᠤᠶᠤᠳᠠᠳ  ᠶᠢᠨ ᠮᠠ ᠶᠢᠨ ᠳᠠᠯ᠎ᠠ ᠶᠢᠨ ᠤᠨᠤᠭ᠎ᠠ ᠶᠢᠨ ᠦᠤᠷᠰᠡᠯ ᠪᠡᠷᠭᠡ ᠶᠢᠨ ᠠᠶᠢᠯ ᠤᠨ ᠳᠤᠭᠤᠭ᠎ᠠ ᠲᠠᠢ ᠰᠦᠨ ᠤ ᠬᠦᠬᠡᠰᠤᠪᠢᠴᠢᠭᠳᠦ ᠶᠢᠨ ᠳᠠᠯ᠎ᠠ ᠶᠢᠨ ᠰᠢᠷ᠎ᠠ ᠪᠤᠯᠠᠭ ᠤᠨ ᠤᠨᠳᠤᠷᠤᠮᠠᠯ  ᠪᠢᠡᠭᠳᠤ ᠨᠤᠳᠤᠭ ᠤᠨ ᠬᠦᠷᠦᠰᠦᠨ ᠳᠤ ᠰᠡᠬᠦᠶᠢᠭᠰᠡᠨ ᠴᠢᠨᠳᠠᠮᠤᠨᠢ ᠡᠷᠳᠡᠨᠢ  ᠬᠤᠷᠴᠢᠨ ᠤᠪᠤᠭ᠎ᠠ ᠬᠠᠶᠢᠷᠠᠳᠤ ᠤᠪᠤᠭ᠎ᠠ  ᠬᠠᠶᠢᠷᠠᠳᠤ ᠵᠤᠵᠠᠭᠠᠨ ᠰᠤᠶᠤᠯ ᠤᠨ ᠤᠪᠤᠭ᠎ᠠ  ᠬᠠᠪᠤᠳᠤ ᠬᠠᠰᠠᠷ ᠤᠨ ᠬᠦᠷᠦᠭ ᠲᠠᠢ ᠤᠪᠤᠭ᠎ᠠ  ᠬᠠᠮᠤᠭ ᠤᠨ ᠳᠠᠶᠢᠴᠢᠨ ᠰᠦᠯᠳᠡ ᠲᠠ ᠪᠢᠯᠡ︕ ᠦᠨᠢ ᠤᠳᠠᠭᠠᠨ ᠳᠡᠤᠬᠡ ᠲᠠᠢ ᠤᠪᠤᠭ᠎ᠠ  ᠦᠷᠯᠦᠭ ᠮᠤᠩᠭᠤᠯ ᠤᠨ ᠦᠮᠦᠭᠳᠤ ᠤᠪᠤᠭ᠎ᠠ ᠦᠵᠢᠯ ᠪᠤᠭᠤᠷᠤᠯᠴᠤᠳ ᠤᠨ ᠰᠡᠵᠢᠭᠳᠦ ᠤᠪᠤᠭ᠎ᠠ ᠦᠷᠬᠡᠨ ᠮᠤᠩᠭᠤᠯ ᠳᠤᠪᠴᠢᠶᠠᠨ ᠲᠠ ᠪᠢᠯᠡ︕ ᠬᠡᠰᠡᠭ ᠴᠢᠯᠠᠭᠤ ᠴᠢᠨᠢ ᠬᠠᠰ ᠡᠷᠳᠡᠨᠢ  ᠬᠡᠮᠬᠡᠳᠡᠭ ᠰᠢᠷᠤᠢ ᠴᠢᠨᠢ ᠠᠯᠳᠠ ᠮᠦᠡᠭᠭᠦ  ᠡᠷᠭᠡᠳᠤ ᠠᠮᠢᠳᠤᠷᠠᠯ ᠤᠨ ᠪᠡᠯᠬᠡ ᠳᠡᠮᠳᠡᠭ ᠠᠳᠤᠭᠤᠨ ᠰᠦᠷᠦᠭ ᠤᠨ ᠰᠢᠨᠳᠠᠰᠤ ᠳᠡᠪᠵᠢᠶᠡᠷᠢ︕  ᠪᠤᠶᠠᠨ ᠰᠦᠯᠳᠡ ᠴᠢᠨᠢ ᠪᠦᠯᠬᠦᠮᠳᠡᠯ ᠤᠨ ᠳᠤᠭ  ᠪᠠᠯᠭᠤ ᠤᠰᠤ ᠴᠢᠨᠢ ᠪᠠᠯ ᠪᠤᠷᠠᠮ  ᠪᠢᠯᠢᠭ ᠰᠡᠭᠡᠭᠡᠷᠡᠯ ᠤᠨ ᠮᠦᠡᠭᠭᠡ ᠰᠦᠨᠡᠰᠤ ᠪᠠᠳᠠᠭ ᠰᠢᠯᠦᠭ ᠤᠨ ᠨᠤᠶᠠᠨ ᠰᠦᠨᠡᠰᠤ  ᠵᠠ︕ ᠬᠤᠳᠠᠯᠠ ᠶᠢᠨ ᠨᠠᠶᠢᠷ ᠲᠤ  ᠬᠤᠷᠴᠢᠨ ᠤᠪᠤᠭ᠎ᠠ ᠰᠦᠷᠯᠢᠭ︕  ᠬᠤᠶᠢᠰᠢᠳᠡ ᠶᠢᠨ ᠤᠨ ᠳᠤ  ᠬᠠᠶᠢᠷᠠᠳᠤ ᠤᠪᠤᠭ᠎ᠠ ᠰᠡᠷᠮᠡᠬᠦᠨ︕  ᠬᠠᠯᠠᠮᠵᠢᠯᠠᠯ ᠤᠨ ᠬᠠᠷᠢᠭᠤ ᠳᠤ  ᠬᠠᠶᠢᠷ᠎ᠠ ᠰᠡᠳᠬᠢᠯ ᠳᠡᠨᠢᠬᠦᠨ  ᠬᠠᠮᠳᠤ ᠶᠢᠨ ᠵᠢᠳᠬᠦᠯ ᠳᠤ  ᠬᠠᠶᠢᠷᠠᠬᠠᠨ ᠤᠪᠤᠭ᠎ᠠ ᠰᠦᠮᠪᠦᠷᠯᠢᠭ︕ ᠢᠷᠤᠬᠡᠯ ᠤᠨ ᠠᠶᠠᠰ ᠲᠤ ᠬᠤᠷᠴᠢᠨ ᠤᠪᠤᠭ᠎ᠠ ᠪᠠᠶᠠᠰᠤᠭ︕  ᠦᠪᠡᠭᠡᠯ ᠤᠨ ᠬᠦᠴᠦᠨ ᠳᠤ ᠬᠤᠷᠴᠢᠨ ᠤᠪᠤᠭ᠎ᠠ ᠮᠦᠰᠢᠶᠡᠭ︕  ᠮᠤᠩᠭᠤᠯ ᠤᠨ ᠶᠤᠰᠤᠨ ᠳᠤ ᠮᠠᠨᠤᠰ ᠤᠨ ᠤᠪᠤᠭ᠎ᠠ ᠵᠢᠷᠭᠠᠭ︕ ᠮᠠᠨᠳᠤᠭᠰᠠᠨ ᠲᠦᠷᠦ ᠳᠤ  ᠮᠠᠩᠨᠤᠭ ᠤᠪᠤᠭ᠎ᠠ ᠰᠦᠨᠳᠡᠷᠯᠢᠭ︕ ᠮᠢᠯᠢᠶᠠᠯᠳᠠ ᠶᠢᠨ ᠬᠦᠴᠦᠨ ᠳᠤ   ᠴᠠᠭᠠᠨ ᠢᠳᠡᠬᠡᠨ ᠳᠡᠯᠬᠡᠷᠡᠭ︕  ᠮᠢᠨᠳᠠᠰᠤᠨ ᠵᠠᠩᠭᠢᠶ᠎ᠠ ᠳᠤ ᠤᠯᠠᠭᠠᠨ ᠢᠳᠡᠬᠡᠨ ᠤᠯᠠᠰᠢᠷᠠᠭ︕ ᠨᠠᠭᠠᠳᠤᠮ ᠤᠨ ᠵᠢᠷᠤᠮ ᠳᠤᠨᠠᠶᠢᠷᠰᠠᠭ ᠤᠪᠤᠭ᠎ᠠ ᠪᠠᠶᠠᠷᠯᠠᠭ︕  ᠨᠡᠶᠢᠳᠡ ᠶᠢᠨ ᠴᠢᠭᠤᠯᠭᠠᠨ ᠳᠤ  ᠨᠡᠶᠢᠷᠡᠳᠤ ᠤᠪᠤᠭ᠎ᠠ ᠠᠮᠢᠯᠠᠭ︕  ᠰᠠᠭᠠᠯᠢ ᠶᠢᠨ ᠳᠡᠭᠡᠵᠢᠨ ᠳᠤᠰᠠᠶᠢᠬᠠᠨ ᠤᠪᠤᠭ᠎ᠠ ᠰᠤᠭᠳᠤᠭᠤᠷᠠᠭ︕  ᠰᠠᠷᠬᠤᠳ ᠤᠨ ᠠᠮᠰᠠᠭ᠎ᠠ ᠳᠤ  ᠰᠠᠩ ᠳᠦᠬᠦᠷᠡᠩ ᠪᠤᠯᠠᠭ︕  ᠵᠠ︕ ᠬᠤᠷᠠᠨ ᠢᠷᠡᠭᠰᠡᠨ ᠦᠳᠡᠯᠦᠬᠡ ᠬᠦᠨᠳᠦᠳᠦ ᠳᠡᠭᠡᠳᠦᠰ ᠡ ᠬᠤᠳᠠᠯᠠ ᠤᠯᠠᠨ ᠨᠠᠶᠢᠵᠢ᠂ ᠠᠬ᠎ᠠ ᠳᠡᠬᠦᠦ ᠨᠡᠷ ᠡ︕ ᠤᠪᠤᠭ᠎ᠠ ᠬᠡᠳᠡᠭ ᠴᠢᠨᠢ ᠵᠠᠩᠭᠢᠶ᠎ᠠ ᠶᠤᠮ︕ ᠤᠭᠤ ᠵᠤᠵᠠᠭᠠᠨ ᠨᠢᠭᠤᠷ ᠲᠠᠢ   ᠰᠤᠶᠤᠯ ᠪᠢᠴᠢᠭ ᠶᠤᠮ︕ ᠡᠬᠡ ᠨᠤᠳᠤᠭ ᠤᠨ ᠰᠦᠰᠦᠭ ᠶᠤᠮ︕ ᠡᠷᠭᠡᠳᠤ ᠪᠤᠩᠬᠤᠨ ᠤ ᠰᠤᠨᠳᠤᠷ ᠶᠤᠮ︕   ᠤᠪᠤᠭ᠎ᠠ ᠬᠡᠳᠡᠭ ᠴᠢᠨᠢ ᠳᠠᠮᠠᠭ᠎ᠠ ᠶᠤᠮ︕  ᠤᠬᠠᠭᠠᠨᠳᠤ ᠬᠦᠮᠦᠰ ᠤᠨ ᠰᠦᠰᠦᠭ ᠶᠤᠮ︕  ᠤᠳᠤᠮᠳᠤ ᠮᠤᠩᠭᠤᠯ ᠤᠨ  ᠵᠢᠷᠤᠮ ᠶᠤᠮ︕ ᠤᠭᠰᠠᠭ᠎ᠠ ᠲᠦᠷᠦᠯ ᠤᠨ ᠳᠠᠬᠢᠯᠭ᠎ᠠ ᠶᠤᠮ︕ ᠤᠪᠤᠭ᠎ᠠ ᠭᠡᠳᠡᠭ ᠴᠢᠨᠢ  ᠵᠦᠡᠭᠨᠡᠯ ᠶᠤᠮ︕ ᠤᠯᠠᠨ ᠤ ᠲᠦᠪᠯᠡᠷᠡᠭᠰᠡᠨᠪᠢᠰᠢᠷᠡᠯ ᠶᠤᠮ︕ ᠤᠴᠢᠷ ᠲᠠᠢ ᠵᠤᠯᠭᠠᠳᠠᠭ ᠨᠡᠶᠢᠷ ᠶᠤᠮ︕  ᠤᠬᠠᠭ᠎ᠠ ᠳᠡᠯᠬᠡᠷᠡᠬᠦ ᠰᠤᠳᠤᠷ ᠶᠤᠮ︕  ᠤᠷᠤᠭᠰᠢ ᠳᠠᠯᠠᠯᠠᠬᠤᠴᠠᠮᠬᠠᠭ ᠶᠤᠮ︕  ᠤᠪᠤᠭ᠎ᠠ ᠬᠡᠳᠡᠭ ᠴᠢᠨᠢ ᠤᠶᠠᠩᠭ᠎ᠠ ᠶᠤᠮ︕ᠤᠶᠤᠨ ᠵᠢᠷᠤᠬᠡᠨ ᠤ ᠬᠡᠯᠬᠢᠶ᠎ᠠ ᠶᠤᠮ︕  ᠤᠷᠮ᠎ᠠ ᠦᠨᠳᠦᠶᠢᠬᠦ ᠠᠷᠭᠠᠮᠵᠢᠶ᠎ᠠ ᠶᠤᠮ︕  ᠤᠷᠠᠨ ᠵᠤᠬᠢᠶᠠᠯ ᠤᠨ  ᠤᠯᠠᠭᠠᠨ ᠮᠦᠷ ᠶᠤᠮ︕ ᠤᠬᠠᠭᠠᠨ ᠪᠤᠳᠤᠯ ᠤᠨ ᠴᠡᠩᠬᠡᠷ ᠵᠡᠬᠦᠳᠦ ᠶᠤᠮ︕ᠤᠨᠳᠤᠷᠤᠮᠠᠯ ᠬᠦᠴᠦᠨ ᠤ ᠪᠡᠯᠬᠡ ᠳᠡᠮᠳᠡᠭᠤᠷᠤᠭᠰᠢᠯᠠᠨ ᠳᠠᠪᠰᠢᠬᠤ ᠶᠢᠨ ᠴᠤᠪᠤᠭ᠎ᠠ ᠴᠡᠭ ᠁  ᠵᠠ︕ ᠦᠷᠯᠦᠭ ᠤᠨ ᠰᠠᠶᠢᠬᠠᠨ ᠨᠤᠳᠤᠭ ᠤᠨ ᠰᠦᠯᠳᠡ ᠦᠷᠡᠳᠡᠯᠬᠡᠷ ᠳᠠᠷᠤᠭ᠎ᠠ ᠶᠢᠨ ᠰᠡᠳᠦᠭᠰᠡᠨ  ᠦᠯᠵᠡᠢ ᠪᠡᠯᠬᠡᠳᠤ ᠬᠤᠷᠴᠢᠨ ᠤᠪᠤᠭ᠎ᠠ ᠪᠤᠯᠪᠠᠰᠤ᠄  ᠬᠦᠨᠳᠦᠳᠬᠡᠶ᠎ᠠ ᠬᠡᠰᠡᠨ ᠪᠠᠳᠤ ᠪᠠᠬᠢ ᠬᠠᠳᠠᠨ ᠰᠠᠭᠤᠷᠢ ᠲᠠᠢ  ᠪᠦᠯᠬᠦᠮᠳᠡᠶ᠎ᠠ ᠬᠡᠰᠡᠨ  ᠪᠦᠬᠡ ᠴᠢᠯᠠᠭᠤᠨ ᠵᠡᠷᠭᠡᠭᠡ ᠲᠠᠢ  ᠤᠯᠠᠮᠵᠢᠯᠠᠶ᠎ᠠ ᠬᠡᠰᠡᠨ  ᠤᠶᠠᠨ ᠬᠠᠳᠠᠨ ᠴᠢᠨᠡᠷ ᠲᠠᠢ ᠤᠷᠤᠭᠰᠢᠯᠠᠶ᠎ᠠ ᠬᠡᠰᠡᠨ   ᠤᠷᠬᠢᠯ ᠴᠢᠮᠡᠭᠯᠡᠭᠰᠡᠨ ᠯᠠᠪᠠᠷ ᠲᠠᠢ ᠰᠢᠳᠦᠶ᠎ᠠ ᠬᠡᠰᠡᠨ  ᠬᠠᠪᠤᠳᠤ ᠬᠠᠰᠠᠷ ᠤᠨ ᠠᠪᠤᠷᠭᠤ ᠰᠡᠶᠢᠯᠦᠮᠠᠯ ᠲᠠᠢ ᠴᠢᠷᠮᠠᠶᠢᠶ᠎ᠠ ᠬᠡᠰᠡᠨᠮᠤᠩᠭᠤᠯ ᠤᠨ ᠳᠠᠷᠬᠠᠨ ᠬᠦᠬᠡ ᠰᠦᠯᠳᠡ ᠲᠠᠢ   ᠴᠦᠡᠭᠭᠦᠶᠢᠨ ᠰᠦᠨᠳᠡᠷᠯᠡᠭᠰᠡᠨ  ᠴᠢᠯᠠᠭᠤᠳᠤ ᠨᠤᠳᠤᠭ ᠤᠨ ᠰᠦᠭ ᠰᠦᠯᠳᠡ ᠲᠠᠢ  ᠤᠳᠤ ᠰᠠᠴᠤᠷᠠᠭᠰᠠᠨ  ᠤᠬᠠᠭᠠᠨ ᠪᠢᠯᠢᠭ ᠤᠨ ᠬᠦᠨ ᠬᠦᠴᠦᠨ ᠲᠠᠢ  ᠤᠶᠠᠯᠳᠤᠨ ᠵᠤᠬᠢᠴᠠᠭᠰᠠᠨ ᠤᠡᠭᠭᠭᠤᠨ ᠪᠠᠶᠢᠭᠠᠯᠢ ᠪᠠᠨ ᠬᠠᠮᠠᠭᠠᠯᠠᠬᠤ ᠳᠤᠬᠢᠶ᠎ᠠ ᠲᠠᠢ  ᠤᠬᠠᠭ᠎ᠠ ᠳᠡᠯᠬᠡᠷᠡᠬᠦᠯᠦᠭᠰᠡᠨ ᠤᠨᠠᠭᠠᠨ ᠨᠤᠳᠤᠭ ᠢᠶᠠᠨ ᠨᠠᠨᠳᠢᠩᠨᠠᠬᠤ ᠵᠢᠭᠠᠪᠤᠷᠢ ᠲᠠᠢ︕ ᠵᠠ︕ ᠬᠤᠷᠴᠢᠨ ᠤᠪᠤᠭ᠎ᠠ ᠮᠠᠨᠳᠤᠳᠤᠭᠠᠢ︕  ᠬᠤᠳᠠᠯᠠ ᠤᠯᠠᠨ ᠢᠶᠠᠷ ᠢᠶᠠᠨ ᠵᠢᠷᠭᠠᠳᠤᠭᠠᠢ︕        
ᠢᠷᠡᠯᠲᠡ᠄ ᠬᠤᠯᠪᠣᠭ᠎ᠠ ᠰᠥᠯᠵᠢᠶ᠎ᠠ