ᠠᠷᠠᠳ ᠤᠨ ᠰᠦᠯᠵᠢᠶᠡᠨ ᠤ ᠰᠢᠭᠦᠮᠵᠢ᠄ ᠡᠳᠡᠭᠡᠷ ᠢ ᠣᠶᠢᠯᠠᠭᠠᠪᠠᠯ ᠰᠠᠶ᠋ᠢ 30 ᠮᠢᠨᠦ᠋ᠲ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠠᠵᠢᠯ ᠤᠨ ᠮᠡᠳᠡᠭᠦᠯᠦᠯᠲᠡ ᠶᠢ ᠣᠶᠢᠯᠠᠭᠠᠵᠤ ᠴᠢᠳᠠᠨ᠎ᠠ
ᠨᠡᠶᠢᠲᠡᠯᠡᠭᠰᠡᠨ ᠴᠠᠭ᠄
2020/5/27
                                                            ᠲᠢᠶᠠᠨ  ᠵᠦᠩ        ᠠᠷᠠᠳᠴᠢᠯᠠᠯ ᠢ ᠰᠡᠳᠬᠢᠯ  ᠨᠢᠭᠡᠳᠡᠢ  ᠪᠠᠳᠠᠷᠠᠭᠤᠯᠵᠤ᠂  ᠤᠯᠤᠰ ᠤᠨ  ᠶᠡᠭᠡ  ᠪᠤᠳᠤᠯᠭ᠎ᠠ ᠶᠢ  ᠬᠠᠮᠲᠤᠪᠠᠷ  ᠵᠦᠪᠯᠡᠵᠦ᠂ᠢᠷᠡᠭᠡᠳᠦᠢ ᠪᠠᠨ ᠬᠠᠮᠲᠤ ᠪᠠᠷ ᠲᠦᠰᠦᠪᠯᠡᠨ᠎ᠠ᠃            5 ᠰᠠᠷ᠎ᠠ ᠶᠢᠨ 25 ᠤ  ᠡᠳᠦᠷ ᠤᠨ  ᠦᠳᠡ ᠶᠢᠨ  ᠬᠤᠶᠢᠨ᠎ᠠ᠂  ᠠᠷᠪᠠᠨ  ᠭᠤᠷᠪᠠᠳᠤᠭᠠᠷ  ᠬᠤᠭᠤᠴᠠᠭᠠᠨ ᠤ  ᠪᠥᠬᠦ‌ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ  ᠬᠤᠷᠠᠯ  ᠬᠤᠶᠠᠳᠤᠭᠠᠷ  ᠪᠥᠬᠦᠳᠡ  ᠬᠤᠷᠠᠯ‌‍ᠬᠢᠵᠦ᠂ ᠬᠤᠷᠢᠶᠠᠨ ᠳᠠᠷᠤᠭ᠎ᠠ ᠯᠢ ᠵᠠᠨ ᠱᠤ᠋ ᠶᠡᠭᠡ ᠬᠤᠷᠠᠯ ᠳᠤ ᠪᠥᠬᠦ  ᠤᠯᠤᠰ ᠤᠨ  ᠠᠷᠠᠳ ᠤᠨ  ᠲᠥᠯᠥᠭᠡᠯᠡᠭᠴᠢᠳ ᠤᠨ  ᠶᠡᠭᠡ‌ᠬᠤᠷᠠᠯ ᠤᠨ ᠪᠠᠶᠢᠩᠭᠤ ᠶᠢᠨ ᠬᠤᠷᠢᠶᠠᠨ ᠤ ᠠᠵᠢᠯ ᠤᠨ ᠮᠡᠳᠡᠬᠦᠯᠦᠯᠳᠡ ᠬᠢᠪᠡ᠃ ᠡᠨᠡ ᠨᠢ ᠥᠩᠭᠡᠷᠡᠭᠰᠡᠨ  ᠨᠢᠭᠡ  ᠬᠤᠭᠤᠴᠠᠭᠠᠨ ‍ᠤ‌ᠠᠵᠢᠯ ᠤᠨ ᠳ᠋ᠦᠩᠨᠡᠯᠲᠡ ᠪᠣᠯᠬᠤ ᠪᠥᠭᠡᠳ ᠪᠠᠰᠠ ᠴᠤ ᠢᠷᠡᠭᠡᠳᠦᠢ ᠶᠢᠨ ᠨᠢᠭᠡ  ᠬᠤᠭᠤᠴᠠᠭᠠᠨ ᠤ  ᠠᠵᠢᠯ ᠤᠨ  ᠪᠠᠶᠢᠷᠢᠯᠠᠭᠤᠯᠤᠯᠲᠠ‌‍ᠪᠣᠯᠬᠤ ᠶᠤᠮ᠃ ᠠᠮᠵᠢᠯᠲᠠ ᠣᠯᠤᠭᠰᠠᠨ ᠴᠤ  ᠲᠡᠷᠡ᠂  ᠥᠷᠢᠰᠥᠯᠳᠦᠭᠡᠨ ᠤ  ᠡᠮᠦᠨ᠎ᠡ  ᠴᠦ  ᠲᠡᠷᠡ᠂  ᠠᠷᠪᠠᠨ  ᠭᠤᠷᠪᠠᠳᠤᠭᠠᠷ‌ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠵᠢᠴᠢ ᠲᠡᠭᠦᠨ ᠤ ᠪᠠᠶᠢᠩᠭᠤ ᠶᠢᠨ ᠬᠤᠷᠢᠶ᠎ᠠ‌ᠨᠠᠮ ᠤᠨ   ᠲᠥᠪ   ᠬᠤᠷᠢᠶᠠᠨ ᠤ   ᠰᠢᠢᠳᠪᠦᠷᠢᠲᠦ   ᠪᠤᠳᠤᠯᠭ᠎ᠠ   ᠪᠠᠶᠢᠷᠢᠯᠠᠭᠤᠯᠤᠯᠲᠠ ᠶᠢ    ᠢᠮᠠᠭᠲᠠ    ᠲᠤᠤᠱᠯᠠᠭᠤᠯᠤᠨ‌ᠨᠠᠶᠢᠳᠠᠪᠤᠷᠢᠵᠢᠭᠤᠯᠵᠤ᠂ ᠠᠷᠠᠳ ᠲᠦᠮᠡᠨ ᠤ ᠠᠩᠬᠠᠷᠤᠯ ᠲᠠᠯᠪᠢᠵᠤ ᠪᠠᠶᠢᠭ᠎ᠠ ᠠᠰᠠᠭᠤᠳᠠᠯ ᠳᠤ ᠢᠳᠡᠪᠬᠢᠲᠡᠢ ᠬᠠᠷᠢᠭᠤᠯᠲᠠ ᠦᠭᠴᠦ᠂ᠢᠯᠠᠩᠭᠤᠶ᠎ᠠ ᠬᠢᠵᠢᠭ ᠢ ᠰᠡᠷᠭᠡᠶᠢᠯᠡᠨ ᠬᠤᠷᠢᠬᠯᠠᠬᠤ ᠬᠤᠭᠤᠴᠠᠭᠠᠨ ᠳᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ‌ᠬᠤᠷᠠᠯ ᠤᠨ ᠪᠠᠶᠢᠩᠭᠤ ᠶᠢᠨ ᠬᠤᠷᠢᠶ᠎ᠠ ᠬᠠᠤᠯᠢ ᠶᠣᠰᠣᠭᠠᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠵᠦ᠂ ᠬᠢᠵᠢᠭ ᠢ ᠰᠡᠷᠭᠡᠶᠢᠯᠡᠨ‌ᠬᠤᠷᠢᠬᠯᠠᠬᠤ ᠪᠠ ᠠᠵᠤ ᠠᠬᠤᠶ ᠨᠡᠶᠢᠭᠡᠮ ᠤᠨ ᠬᠥᠭᠵᠢᠯᠲᠡ ᠳᠤ  ᠬᠦᠴᠦᠲᠡᠶ  ᠬᠠᠤᠯᠢ  ᠴᠠᠭᠠᠵᠠ ᠶᠢᠨ  ᠳᠡᠮᠵᠢᠯᠭᠡ  ᠬᠠᠩᠭᠠᠪᠠ᠃ᠨᠠᠮ ᠤᠨ ᠤᠳᠤᠷᠢᠳᠤᠯᠭ᠎ᠠ᠂ ᠠᠷᠠᠳ ᠲᠦᠮᠡᠨ ᠡᠷᠬᠡ ᠮᠡᠳᠡᠵᠦ ᠡᠵᠡᠨ ᠰᠠᠭᠤᠬᠤ᠂ ᠬᠠᠤᠯᠢ  ᠶᠣᠰᠣᠭᠠᠷ  ᠤᠯᠤᠰ ᠢᠶᠠᠨ  ᠵᠠᠰᠠᠬᠤ ᠵᠢ‌ᠣᠷᠭᠠᠨᠢᠭ ᠢᠶᠠᠷ ᠤᠶᠠᠯᠳᠤᠭᠤᠯᠬᠤ ᠶᠢ ᠪᠠᠷᠢᠮᠲᠠᠯᠠᠵᠤ᠂  ᠰᠢᠨ᠎ᠡ  ᠴᠠᠭ  ᠦᠶ᠎ᠡ ᠶᠢᠨ  ᠠᠷᠠᠳ ᠤᠨ  ᠲᠥᠯᠥᠭᠡᠯᠡᠭᠴᠢᠳ ᠤᠨ  ᠶᠡᠭᠡ‌ᠬᠤᠷᠠᠯ ᠤᠨ ᠠᠵᠢᠯ ᠲᠠᠰᠤᠷᠠᠯᠲᠠ ᠦᠭᠡᠢ ᠰᠢᠨ᠎ᠡ ᠪᠠᠶᠢᠳᠠᠯ ᠢ ᠡᠭᠦᠳᠪᠡ᠃             ᠠᠩᠬᠠᠷᠤᠭᠤᠰᠢᠲᠠᠶ ᠨᠢ᠂ ᠡᠨᠡ ᠤᠳᠠᠭᠠᠨ ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ‍ᠤᠨ‌‍ᠪᠠᠶᠢᠩᠭᠤ ᠶᠢᠨ ᠬᠤᠷᠢᠶᠠᠨ ᠤ ᠠᠵᠢᠯ ᠤᠨ ᠮᠡᠳᠡᠭᠦᠯᠦᠯᠲᠡ ᠶᠢᠨ ᠬᠡᠯᠪᠡᠷᠢ ᠨᠢ ᠮᠠᠰᠢ ᠣᠨᠴᠠᠭᠠᠶ ᠶᠤᠮ᠃  ᠮᠡᠳᠡᠭᠦᠯᠦᠯᠲᠡ ᠶᠢᠨ  ᠪᠥᠬᠦ‌ᠠᠭᠤᠯᠭ᠎ᠠ ᠶᠢ  ᠠᠷᠠᠳ ᠤᠨ  ᠲᠥᠯᠥᠭᠡᠯᠡᠭᠴᠢᠳ ᠤᠨ  ᠶᠡᠭᠡ  ᠬᠤᠷᠠᠯ ᠤᠨ  ᠲᠥᠯᠥᠭᠡᠯᠡᠭᠴᠢᠳ ᠲᠤ  ᠳᠠᠷᠤᠮᠠᠯᠯᠠᠨ  ᠲᠠᠷᠬᠠᠭᠠᠵᠤ᠂ᠬᠤᠷᠢᠶᠠᠨ ᠳᠠᠷᠤᠭ᠎ᠠ ᠯᠢ ᠵᠠᠨ ᠱᠤ᠋ 30 ᠮᠢᠨᠦ᠋ᠲ ᠣᠷᠴᠢᠮ ᠤᠨ ᠲᠣᠪᠴᠢ ᠮᠡᠳᠡᠭᠦᠯᠦᠯᠲᠡ ᠬᠢᠪᠠ᠃  ᠡᠶᠢᠮᠦ  ᠣᠨᠴᠠᠭᠠᠶ  ᠠᠷᠭ᠎ᠠ‌‍ᠬᠡᠯᠪᠡᠷᠢ ᠶᠢ ᠠᠪᠴᠤ ᠪᠠᠶᠢᠭ᠎ᠠ ᠨᠢ ᠮᠥᠨ ᠴᠦ ᠬᠢᠵᠢᠭ ᠢ ᠰᠡᠷᠭᠡᠶᠢᠯᠡᠨ ᠬᠤᠷᠢᠬᠯᠠᠬᠤ  ᠬᠡᠷᠡᠭᠴᠡᠭᠡ ᠶᠢ  ᠦᠨᠳᠦᠰᠦᠯᠡᠨ  ᠭᠠᠷᠭᠠᠭᠰᠠᠨ‌‍ᠶᠡᠷᠦ ᠪᠤᠰᠤ ᠶᠢᠨ ᠠᠷᠭ᠎ᠠ ᠬᠡᠮᠵᠢᠶ᠎ᠡ ᠪᠣᠯᠬᠤ ᠶᠤᠮ᠃ ᠠᠵᠢᠯ ᠶᠠᠪᠤᠳᠠᠯ ᠬᠢᠵᠦ ᠬᠤᠷᠠᠯ ᠡᠷᠬᠢᠯᠡᠭᠦ ᠳᠤ ᠦᠨᠡᠨ ᠠᠴᠠ ᠵᠥᠪ ᠢ ᠡᠷᠢᠬᠦ᠂ᠵᠢᠮ᠎ᠡ ᠶᠣᠰᠣ ᠶᠢ ᠬᠦᠨᠳᠦᠳᠬᠡᠬᠦ ᠤᠪᠤᠷ ᠰᠤᠷᠲᠠᠯ ᠨᠢ ᠲᠤᠳᠤᠬᠠᠨ ᠪᠠᠶᠢᠪᠠ᠃ ᠬᠢᠵᠢᠭ ᠤᠨ ᠨᠥᠯᠥᠭᠡ ᠪᠠᠷ  ᠡᠨᠡ  ᠵᠢᠯ ᠤᠨ  ᠪᠦᠬᠦ‌ᠤᠯᠤᠰ ᠤᠨ ᠬᠤᠶᠠᠷ  ᠬᠤᠷᠠᠯ ᠤᠨ  ᠬᠤᠷᠠᠯᠳᠤᠬᠤ  ᠴᠠᠭ ᠢ  ᠬᠤᠶᠢᠰᠢᠯᠠᠭᠤᠯᠤᠬᠰᠠᠨ  ᠲᠤᠯᠠ  ᠪᠦᠬᠦ  ᠤᠯᠤᠰ ᠤᠨ  ᠠᠷᠠᠳ ‍ᠤᠨ‌‍ᠲ᠋ᠥ᠋ᠯᠥᠭᠡᠯᠡᠭᠴᠢᠳ ᠤᠨ  ᠶᠡᠭᠡ  ᠬᠤᠷᠠᠯ ᠤᠨ  ᠪᠠᠶᠢᠩᠭᠤ ᠶᠢᠨ  ᠬᠤᠷᠢᠶᠠᠨ ᠤ  ᠠᠵᠢᠯ ᠤᠨ  ᠮᠡᠳᠡᠭᠦᠯᠦᠯᠲᠡ ᠶᠢᠨ   ᠬᠠᠮᠤᠷᠤᠬᠰᠠᠨ‌ᠠᠭᠤᠯᠭ᠎ᠠ ᠳᠤ ᠥᠩᠭᠡᠷᠡᠭᠰᠡᠨ ᠨᠢᠭᠡ ᠵᠢᠯ ᠤᠨ ᠠᠭᠤᠯᠭ᠎ᠠ ᠪᠠᠶᠢᠬᠤ ᠪᠠᠷ ᠪᠠᠷᠠᠬᠤ ᠦᠭᠡᠶ᠂ ᠪᠠᠰᠠ ᠡᠨᠡ ᠵᠢᠯ ᠤᠨ ᠬᠡᠰᠡᠭ ᠠᠵᠢᠯ ‍ᠤᠨ‌ᠠᠭᠤᠯᠭ᠎ᠠ ᠶᠢ  ᠪᠠᠭᠲᠠᠭᠠᠵᠤ᠂  ᠢᠯᠠᠩᠭᠤᠶ᠎ᠠ  ᠪᠦᠬᠦ  ᠤᠯᠤᠰ ᠤᠨ  ᠠᠷᠠᠳ ᠤᠨ  ᠲᠥᠯᠥᠭᠡᠯᠡᠭᠴᠢᠳ ᠤᠨ   ᠶᠡᠭᠡ   ᠬᠤᠷᠠᠯ ‍ᠤᠨ‌‍ᠪᠠᠶᠢᠩᠭᠤ ᠶᠢᠨ ᠬᠤᠷᠢᠶ᠎ᠠ ᠵᠢᠴᠢ  ᠠᠷᠠᠳ ᠤᠨ  ᠲᠥᠯᠥᠭᠡᠯᠡᠭᠴᠢᠳ ᠤᠨ  ᠶᠡᠭᠡ  ᠬᠤᠷᠠᠯ ᠤᠨ  ᠲᠥᠯᠥᠭᠡᠯᠡᠭᠴᠢᠳ ᠤᠨ  ᠬᠢᠵᠢᠭ ᠢ‌‍ᠰᠡᠷᠭᠡᠶᠢᠯᠡᠨ ᠬᠤᠷᠢᠬᠯᠠᠬᠤ ᠪᠠ ᠠᠵᠤ ᠠᠬᠤᠶ ᠨᠡᠶᠢᠭᠡᠮ ᠤᠨ  ᠬᠥᠭᠵᠢᠯᠲᠡ ᠶᠢᠨ  ᠲᠥᠯᠥᠭᠡ  ᠬᠢᠭᠰᠡᠨ  ᠠᠵᠢᠯ ᠢ  ᠢᠯᠡᠷᠡᠭᠦᠯᠵᠡᠢ᠃ᠥᠩᠭᠡᠷᠡᠭᠰᠡᠨ 15 ᠰᠠᠷ᠎ᠠ ᠳᠤ᠂ ᠪᠦᠬᠦ ᠤᠯᠤᠰ ᠤᠨ ᠠᠷᠠᠳ ᠤᠨ  ᠲᠥᠯᠥᠭᠡᠯᠡᠭᠴᠢᠳ ᠤᠨ  ᠶᠡᠭᠡ  ᠬᠤᠷᠠᠯ ᠤᠨ  ᠪᠠᠶᠢᠩᠭᠤ ᠵᠢᠨ‌ᠬᠤᠷᠢᠶ᠎ᠠ ᠥᠪᠡᠷ ᠤᠨ ᠡᠭᠦᠷᠭᠡ ᠬᠠᠷᠢᠭᠤᠴᠠᠯᠭ᠎ᠠ ᠪᠠᠨ  ᠡᠭᠦᠷᠭᠡᠯᠡᠵᠦ  ᠵᠢᠳᠬᠦᠯ  ᠴᠢᠷᠮᠠᠶᠢᠯᠭ᠎ᠠ  ᠭᠠᠷᠭᠠᠨ᠂  ᠤᠯᠤᠰ ᠤᠨ  ᠬᠠᠤᠯᠢ‌‍ᠲ᠋ᠣᠭᠲᠠᠭᠠᠬᠤ ᠪᠠᠶᠢᠭᠤᠯᠤᠯᠭ᠎ᠠ ᠶᠢᠨ ᠡᠭᠦᠷᠭᠡ ᠴᠢᠳᠠᠪᠬᠢ ᠶᠢᠨ ᠦᠢᠯᠡᠳᠦᠯ ᠢ ᠭᠦᠢᠴᠡᠳ ᠪᠠᠳᠠᠷᠠᠭᠤᠯᠪᠠ᠃            ᠰᠠᠶᠢᠨ ᠲᠦᠷᠢᠮ ᠪᠠᠶᠢᠬᠤ ᠦᠭᠡᠢ ᠪᠣᠯ ᠰᠠᠶᠢᠨ ᠦᠢᠯᠡᠳᠦᠯ ᠴᠢᠳᠠᠪᠤᠷᠢ ᠪᠠᠶᠢᠵᠤ ᠴᠢᠳᠠᠬᠤ ᠦᠭᠡᠢ ᠶᠤᠮ᠃ ᠬᠡᠬᠡᠷ᠎ᠠ ᠵᠢᠨ‌ᠠᠮᠢᠲᠠᠨ ᠢ ᠬᠠᠤᠯᠢ ᠪᠤᠰᠤ ᠪᠠᠷ ᠠᠷᠠᠯᠵᠢᠶᠠᠯᠠᠬᠤ ᠶᠢ ᠪᠦᠬᠦ ᠲᠠᠯ᠎ᠠ ᠪᠠᠷ ᠴᠠᠭᠠᠵᠠᠯᠠᠵᠤ᠂ ᠭᠡᠭᠡᠷ᠎ᠠ ᠶᠢᠨ  ᠠᠮᠢᠲᠠᠨ ᠢ  ᠳᠤᠷ᠎ᠠ ᠪᠠᠷ ᠵᠶ᠋ᠠᠨ‌ᠢᠳᠡᠬᠦ ᠮᠠᠭᠤ ᠳᠠᠳᠬᠠᠯ ᠢ ᠠᠷᠢᠯᠭᠠᠨ᠂ ᠠᠷᠠᠳ ᠣᠯᠠᠨ ᠤ  ᠠᠮᠢ  ᠨᠠᠰᠤ  ᠡᠷᠡᠭᠦᠯ  ᠮᠡᠨᠳᠦ ᠶᠢᠨ  ᠠᠮᠤᠷ  ᠲᠦᠪᠰᠢᠨ ᠢ  ᠦᠨᠡᠨᠬᠦ‌‍ᠪᠠᠲᠤᠯᠠᠬᠤ ᠲᠤᠬᠠᠶ ᠲᠣᠭᠲᠠᠭᠠᠯ ᠭᠠᠷᠭᠠᠵᠤ᠂ ᠠᠮᠢᠲᠠᠨ ᠤ ᠬᠢᠵᠢᠭ ᠢ ᠰᠡᠷᠭᠡᠶᠢᠯᠡᠬᠦ ᠬᠠᠤᠯᠢ ᠳᠤ ᠵᠠᠰᠠᠪᠤᠷᠢ ᠣᠷᠣᠭᠤᠯᠬᠤ  ᠲᠥᠰᠦᠯ ᠢ‌‍ᠬᠢᠨᠠᠨ ᠶᠠᠷᠢᠯᠴᠠᠵᠤ᠂ ᠸᠠᠺᠼᠢᠨ ᠤ ᠬᠠᠮᠢᠶᠠᠷᠤᠯᠲᠠ ᠶᠢᠨ ᠬᠠᠤᠯᠢ᠂ ᠦᠨᠳᠦᠰᠦᠨ ᠡᠮᠴᠢᠯᠡᠭᠡ ᠡᠷᠡᠭᠦᠯ  ᠬᠠᠮᠠᠭᠠᠯᠠᠯ  ᠬᠢᠭᠡᠳ  ᠡᠷᠡᠭᠦᠯ‌ᠮᠡᠨᠳᠦ ᠶᠢ ᠠᠬᠢᠭᠤᠯᠬᠤ ᠬᠠᠤᠯᠢ ᠶᠢ ᠲᠣᠭᠲᠠᠭᠠᠵᠤ᠂ ᠠᠮᠢᠳᠤ ᠪᠣᠳᠠᠰ ᠤᠨ ᠠᠮᠤᠷ ᠲᠦᠪᠰᠢᠨ ᠤ  ᠬᠠᠤᠯᠢ ᠶᠢᠨ  ᠲᠥᠰᠦᠯ ᠢ  ᠬᠢᠨᠠᠨ‌‍ᠶᠠᠷᠢᠯᠴᠠᠪᠠ᠁ ᠨᠢᠭᠡ ᠵᠢᠯ ᠭᠠᠷᠤᠶ ᠶᠢᠨ ᠲᠤᠷᠰᠢ᠂ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ  ᠶᠡᠭᠡ  ᠬᠤᠷᠠᠯ ‍ᠤᠨ‌‍ᠪᠠᠶᠢᠩᠭᠤ ᠶᠢᠨ ᠬᠤᠷᠢᠶ᠎ᠠ ᠣᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ  ᠬᠠᠤᠯᠢ ᠪᠠᠷ  ᠵᠠᠰᠠᠬᠤ  ᠪᠠᠲᠤᠯᠠᠭ᠎ᠠ ᠶᠢ  ᠴᠢᠩᠭᠠᠳᠬᠠᠵᠤ‌ᠬᠠᠤᠯᠢ ᠲᠣᠭᠲᠠᠭᠠᠬᠤ ᠬᠠᠤᠯᠢ ᠳᠤ ᠵᠠᠰᠠᠪᠤᠷᠢ ᠤᠷᠤᠭᠤᠯᠬᠤ ᠠᠵᠢᠯ ᠢ ᠴᠢᠬᠤᠯᠠ  ᠪᠠᠶᠢᠷᠢᠨ ᠳᠤ  ᠲᠠᠯᠪᠢᠵᠤ᠂  ᠴᠠᠭ  ᠦᠶ᠎ᠡ  ᠪᠠ‌ᠥᠭᠡᠷᠡᠴᠢᠯᠡᠯᠲᠡ ᠶᠢᠨ ᠬᠠᠤᠯᠢ ᠪᠠᠷ ᠵᠠᠰᠠᠬᠤ ᠬᠡᠷᠡᠭᠴᠡᠭᠡ ᠱᠠᠭᠠᠷᠳᠠᠯᠭ᠎ᠠ ᠳᠤ ᠬᠠᠷᠢᠭᠤ ᠥᠭᠴᠦ᠂ ᠨᠡᠶᠢᠭᠡᠮ ᠨᠡᠶᠢᠲᠡ ᠶᠢᠨ ᠠᠩᠬᠠᠷᠤᠯ‌‍ᠲ᠋ᠠᠯᠪᠢᠵᠤ ᠪᠠᠶᠢᠭ᠎ᠠ ᠠᠰᠠᠭᠤᠳᠠᠯ ᠳᠤ ᠬᠠᠷᠢᠭᠤ ᠥᠭᠴᠦ᠂ ᠬᠠᠤᠯᠢ ᠴᠠᠭᠠᠵᠠ ᠶᠢᠨ ᠵᠡᠪᠰᠡᠭ ᠪᠠ ᠬᠠᠤᠯᠢ ᠪᠠᠷ ᠵᠠᠰᠠᠬᠤ ᠬᠦᠴᠦᠨ ᠵᠶ᠋ᠠᠷ‌ᠤᠯᠠᠨ ᠲᠦᠮᠡᠨ ᠤ ᠠᠮᠢ ᠨᠠᠰᠤ ᠡᠷᠡᠭᠦᠯ ᠮᠡᠨᠳᠤ ᠶᠢᠨ ᠠᠮᠤᠷ ᠲᠦᠪᠰᠢᠨ ᠢ ᠬᠠᠮᠠᠭᠠᠯᠠᠪᠠ᠃ ᠳᠤᠮᠳᠠᠳᠤ ᠤᠯᠤᠰ ᠤᠨ ᠣᠨᠴᠠᠯᠢᠭ ᠲᠠᠢ‌ᠨᠡᠶᠢᠭᠡᠮ  ᠵᠢᠷᠤᠮ ᠤᠨ  ᠪᠠᠶᠢᠭᠤᠯᠤᠯ ᠤᠨ  ᠴᠢᠬᠤᠯᠠ  ᠪᠦᠷᠢᠯᠳᠦᠬᠦᠨ   ᠬᠡᠰᠡᠭ   ᠪᠣᠯᠤᠭᠰᠠᠨ ᠤ   ᠬᠤᠪᠢ ᠳᠤ᠂   ᠠᠷᠠᠳ ‍ᠤᠨ‌‍ᠲ᠋ᠥ᠋ᠯᠥᠭᠡᠯᠡᠭᠴᠢᠳ ᠤᠨ ᠶᠡᠭᠡ  ᠬᠤᠷᠠᠯ ᠤᠨ  ᠪᠠᠶᠢᠭᠤᠯᠤᠯ  ᠪᠣᠯ  ᠤᠯᠤᠰ ᠤᠨ  ᠵᠠᠰᠠᠯᠳᠠ ᠶᠢᠨ  ᠰᠢᠰᠲ᠋ᠧᠮ  ᠪᠠ  ᠵᠠᠰᠠᠯᠳᠠ ᠵᠢᠨ‌‍ᠴᠢᠳᠠᠪᠤᠷᠢ ᠶᠢ ᠲᠤᠯᠭᠠᠭᠤᠷᠢᠯᠠᠬᠤ ᠦᠨᠳᠦᠰᠦᠨ ᠤᠯᠤᠰ ᠲᠦᠷᠦ ᠶᠢᠨ ᠪᠠᠶᠢᠭᠤᠯᠤᠯ ᠮᠥᠨ᠃ ᠡᠨᠡᠭᠦ ᠲᠠᠶᠢᠯᠠᠯᠳᠤᠭᠠᠨ ᠢᠶᠠᠷ  ᠳᠠᠮᠵᠢᠨ‌ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠭᠤᠯᠤᠯ ᠤᠨ ᠦᠢᠯᠡᠳᠦᠯᠭᠡ ᠶᠢᠨ ᠣᠨᠴᠠᠯᠢᠭ ᠪᠠ  ᠴᠠᠭ  ᠦᠶ᠎ᠡ ᠵᠢᠨ‌ᠣᠨᠴᠠᠯᠢᠭ ᠲᠠᠰᠤᠷᠠᠯᠲᠠ ᠦᠭᠡᠢ  ᠪᠠᠶᠠᠯᠢᠭᠵᠢᠵᠤ᠂  ᠪᠠᠶᠢᠭᠤᠯᠤᠯ ᠤᠨ  ᠳᠠᠪᠠᠭᠤᠯᠢᠭ ᠨᠢ  ᠦᠨᠡᠨᠬᠦ  ᠤᠯᠤᠰ ᠤᠨ  ᠵᠠᠰᠠᠯᠲᠠ ᠵᠢᠨ‌ᠦᠢᠯᠡᠳᠦᠯ ᠴᠢᠳᠠᠪᠤᠷᠢ ᠪᠤᠯᠵᠤ ᠬᠤᠪᠢᠷᠠᠪᠠ᠃            ᠡᠳᠡᠭᠡᠷ ᠨᠢ ᠬᠦᠮᠦᠰ ᠲᠤ ᠬᠡᠨ ᠤ ᠲᠦᠯᠦᠭᠡ ᠬᠠᠤᠯᠢ ᠲᠣᠭᠲᠠᠭᠠᠵᠤ ᠪᠠᠶᠢᠬᠤ  ᠪᠤᠢ︖  ᠬᠡᠨ ᠤ  ᠲᠥᠯᠥᠭᠡ  ᠵᠠᠰᠠᠯᠳᠠ‌‍ᠬᠢᠵᠤ ᠪᠠᠶᠢᠬᠤ ᠪᠤᠢ︖ ᠬᠡᠨ ᠤ ᠲᠥᠯᠥᠭᠡ ᠲᠤᠰᠢᠶᠠᠯ ᠢᠶᠠᠨ ᠭᠦᠢᠴᠡᠳᠭᠡᠵᠦ  ᠪᠠᠶᠢᠬᠤ  ᠪᠤᠢ︖  ᠲᠥᠯᠥᠭᠡᠯᠡᠭᠴᠢᠳ ᠨᠢ  ᠬᠡᠨ ‍ᠤ‌‍ᠲ᠋ᠥ᠋ᠯᠥᠭᠡ ᠪᠤᠢ︖ ᠭᠡᠳᠡᠭ ᠢ ᠦᠪᠡᠷ ᠤᠨ ᠡᠷᠭᠡ ᠦᠭᠡᠢ ᠰᠡᠳᠬᠢᠭᠳᠡᠭᠦᠯᠭᠦ ᠶᠤᠮ᠃ ᠬᠠᠷᠢᠭᠤᠯᠲᠠ ᠨᠢ ᠵᠦᠪᠭᠡᠨ ᠨᠢᠭᠡ ᠯᠡ  ᠪᠤᠢ᠂ᠲᠡᠷᠡ ᠨᠢ ᠳᠠᠷᠤᠶ ᠠᠷᠠᠳ ᠲᠦᠮᠡᠨ ᠤ ᠲᠥᠯᠥᠭᠡ ᠪᠠᠶᠢᠵᠤ᠂  ︽ᠠᠷᠠᠳ  ᠲᠦᠮᠡᠨ ᠢᠶᠠᠷ  ᠭᠤᠤᠯ  ᠪᠣᠯᠭᠠᠬᠤ︾ ᠶᠢ  ᠪᠠᠷᠢᠮᠲᠠᠯᠠᠬᠤ‌‍ᠶᠠᠪᠤᠳᠠᠯ ᠪᠣᠯᠤᠨ᠎ᠠ᠃ ᠬᠢᠵᠢᠭ ᠤᠨ ᠪᠠᠶᠢᠳᠠᠯ ᠤᠨ ᠲᠣᠭᠤᠷᠢᠨ ᠳᠤ ᠬᠠᠤᠯᠢ ᠲᠣᠭᠲᠠᠭᠠᠬᠤ ᠠᠵᠢᠯ ᠢ ᠠᠬᠢᠭᠤᠯᠤᠭᠰᠠᠨ  ᠴᠤ  ᠲᠡᠷᠡ᠂ᠡᠰᠡᠬᠦᠯ᠎ᠡ ᠠᠷᠠᠳ ᠤᠨ ᠲᠥᠯᠥᠭᠡᠯᠡᠭᠴᠢᠳ ᠤᠨ  ᠶᠡᠭᠡ  ᠬᠤᠷᠠᠯ ᠤᠨ  ᠪᠠᠶᠢᠭᠤᠯᠤᠯ   ᠤᠨ  ᠬᠢᠵᠢᠭ ᠲᠠᠢ  ᠲᠡᠮᠡᠴᠡᠭᠦ ᠳᠤ  ᠬᠦᠴᠦᠨ‌ᠨᠡᠮᠡᠷᠢᠯᠡᠬᠦ ᠦᠢᠯᠡᠳᠦᠯ   ᠢ  ᠪᠠᠳᠠᠷᠠᠭᠤᠯᠤᠬᠰᠠᠨ  ᠴᠤ  ᠲᠡᠷᠡ᠂  ᠪᠠᠰᠠ  ᠡᠰᠡᠬᠦᠯ᠎ᠡ  ᠠᠷᠠᠳ ᠤᠨ  ᠲᠥᠯᠥᠭᠡᠯᠡᠭᠴᠢᠳ ᠤᠨ  ᠶᠡᠭᠡ‌ᠬᠤᠷᠠᠯ ᠤᠨ ᠲᠥᠯᠥᠭᠡᠯᠡᠭᠴᠢᠳ ᠬᠢᠵᠢᠭ ᠲᠠᠢ ᠲᠡᠮᠡᠴᠡᠭᠦ ᠠᠵᠢᠯ ᠳᠤ ᠢᠳᠡᠪᠬᠢᠲᠡᠶ ᠣᠷᠣᠯᠴᠠᠬᠰᠠᠨ ᠴᠤ  ᠲᠡᠷᠡ᠂  ᠠᠷᠠᠳ  ᠤᠯᠠᠨ‌ᠢᠮᠠᠭᠲᠠ ᠬᠠᠮᠤᠭ ᠤᠨ  ᠴᠢᠬᠤᠯᠠ  ᠪᠠᠶᠢᠷᠢᠨ ᠳᠤ  ᠲᠠᠯᠪᠢᠭᠳᠠᠭᠰᠠᠭᠠᠷ  ᠢᠷᠡᠵᠠᠢ᠃  ᠢᠷᠡᠭᠡᠳᠦᠢ ᠶᠢᠨ  ᠨᠢᠭᠡ  ᠬᠤᠭᠤᠴᠠᠭᠠᠨ ᠳ᠋ᠤ᠋‌‍ᠬᠢᠵᠢᠭ ᠢ ᠰᠡᠷᠭᠡᠶᠢᠯᠡᠨ ᠬᠤᠷᠢᠬᠯᠠᠬᠤ ᠠᠵᠢᠯ ᠢ ᠦᠷᠭᠦᠯᠵᠢᠯᠡᠨ ᠤᠬᠳᠤ ᠰᠤᠯᠠᠷᠠᠭᠤᠯᠤᠯ ᠦᠭᠡᠶ ᠬᠢᠵᠦ᠂ ᠠᠵᠤ ᠠᠬᠤᠶ ᠨᠡᠶᠢᠭᠡᠮ ‍ᠤᠨ‌‍ᠬᠥ᠋ᠭᠵᠢᠯᠲᠡ ᠶᠢᠨ  ᠡᠯ᠎ᠡ  ᠵᠦᠢᠯ ᠤᠨ  ᠠᠵᠢᠯ ᠢ  ᠨᠢᠭᠡᠳᠦᠯᠲᠡᠶ  ᠲᠥᠯᠥᠪᠯᠡᠵᠦ᠂  ᠶᠠᠳᠠᠭᠤ ᠠᠴᠠ  ᠠᠩᠭᠢᠵᠢᠷᠠᠭᠤᠯᠬᠤ  ᠪᠣᠭᠤᠮᠲᠠ‌‍ᠰᠢᠪᠲᠤᠯᠬᠤ᠂ ᠴᠢᠨᠡᠭᠡᠯᠢᠭ ᠨᠡᠶᠢᠭᠡᠮ ᠢ ᠪᠦᠬᠦ  ᠲᠠᠯ᠎ᠠ ᠪᠠᠷ  ᠪᠡᠶᠡᠯᠡᠭᠦᠯᠭᠦ  ᠰᠢᠢᠳᠪᠦᠷᠢᠲᠦ  ᠲᠠᠶᠢᠯᠠᠯᠳᠤᠭᠠᠨ  ᠬᠢᠵᠦ  ᠰᠢᠢᠳᠪᠦᠷᠢᠲᠦ‌ᠢᠯᠠᠯᠲᠠ ᠶᠢ ᠣᠯᠬᠤ ᠳᠤ ᠠᠷᠠᠳ ᠲᠦᠮᠡᠨ ᠤ ᠭᠤᠣᠯ ᠴᠣᠭᠴᠠ ᠪᠤᠯᠬᠤ ᠪᠠᠶᠢᠷᠢ ᠰᠠᠭᠤᠷᠢ ᠶᠢ ᠪᠠᠷᠢᠮᠲᠠᠯᠠᠵᠤ᠂ ᠠᠷᠠᠳ  ᠲᠦᠮᠡᠨ ‍ᠤ‌ᠵᠣᠭᠰᠣᠯᠲᠠ ᠶᠢ ᠰᠠᠶᠢᠲᠤᠷ ᠰᠠᠬᠢᠵᠤ᠂ ᠨᠡᠶᠢᠭᠡᠮ ᠵᠢᠷᠤᠮ ᠤᠨ ᠠᠷᠠᠳᠴᠢᠯᠠᠭᠰᠠᠨ ᠤᠯᠤᠰ ᠲᠦᠷᠦ ᠪᠠᠷ ᠠᠷᠠᠳ  ᠲᠦᠮᠡᠨ ᠤ  ᠬᠦᠰᠡᠯ‌ᠵᠣᠷᠢᠭ ᠢ ᠦᠨᠡᠨᠬᠦ ᠢᠯᠡᠷᠡᠭᠦᠯᠵᠦ᠂ ᠠᠷᠠᠳ ᠲᠦᠮᠡᠨ ᠤ ᠡᠷᠬᠡ ᠠᠰᠢᠭ ᠢ ᠪᠠᠲᠤᠯᠠᠵᠤ᠂ ᠠᠷᠠᠳ ᠲᠦᠮᠡᠨ ᠤ  ᠡᠭᠦᠳᠦᠨ  ᠪᠦᠲᠦᠭᠡᠬᠦ‌ᠠᠮᠢᠵᠢᠷᠠᠯ ᠤᠨ ᠬᠦᠴᠦᠨ ᠢ ᠬᠥᠭᠵᠢᠭᠡᠬᠦ ᠶᠠᠪᠤᠳᠠᠯ ᠨᠡᠩ ᠱᠠᠭᠠᠷᠳᠠᠬᠳᠠᠨ᠎ᠠ᠃  ᠭᠠᠭᠴᠠ  ᠬᠦ  ᠠᠷᠠᠳ  ᠲᠦᠮᠡᠨ ᠢ  ᠲᠥᠯᠥᠭᠡᠯᠡᠨ᠂ᠠᠷᠠᠳ ᠲᠦᠮᠡᠨ ᠤ ᠲᠥᠯᠥᠭᠡ ᠵᠢᠳᠭᠦᠵᠦ᠂ ᠠᠷᠠᠳ ᠲᠦᠮᠡᠨ ᠳᠤ ᠦᠢᠯᠡᠴᠢᠯᠡᠪᠠᠯ  ᠰᠠᠶ᠋ᠢ  ᠰᠠᠯᠬᠢ  ᠳᠠᠪᠠᠯᠭᠠᠨ ᠠᠴᠠ  ᠰᠦᠷᠲᠡᠭᠦ‌ᠦᠭᠡᠢ᠂ ᠰᠠᠭᠠᠳ ᠲᠣᠳᠬᠠᠷ ᠠᠴᠠ ᠠᠶᠤᠬᠤ ᠦᠭᠡᠢ᠂ ᠴᠠᠭ ᠤᠨ  ᠪᠡᠷᠬᠡ ᠶᠢ  ᠬᠠᠮᠲᠤ ᠪᠠᠷ  ᠲᠤᠭᠤᠯᠬᠤ  ᠠᠪᠤᠷᠭᠤ  ᠬᠦᠴᠦᠨ ᠢ‌ᠨᠢᠭᠲᠠᠷᠠᠭᠤᠯᠵᠤ ᠴᠢᠳᠠᠨ᠎ᠠ᠃               ᠬᠠᠯᠠ ᠵᠤᠪᠠᠯᠠᠩ ᠤᠨ ᠲᠤᠮᠳᠠ ᠦᠰᠦᠨ ᠪᠤᠶᠢᠵᠢᠵᠦ᠂ ᠬᠠᠯᠠ ᠵᠤᠪᠠᠯᠠᠩ ᠤᠨ  ᠲᠤᠮᠳᠠ  ᠡᠷᠡᠮᠡᠭᠡᠶᠢᠯᠡᠨ  ᠴᠢᠷᠮᠠᠶᠢᠨ᠎ᠠ᠃ᠥᠩᠭᠡᠷᠡᠭᠰᠡᠨ ᠨᠢᠭᠡ ᠵᠢᠯ ᠭᠠᠷᠤᠶ ᠶᠢᠨ ᠬᠤᠭᠤᠴᠠᠭ᠎ᠠ ᠪᠣᠯ ᠲᠦᠢᠯ ᠤᠨ ᠬᠢᠯᠪᠠᠷ ᠪᠤᠰᠤ ᠪᠦᠭᠡᠳ  ᠲᠦᠢᠯ ᠤᠨ  ᠶᠡᠷᠦ  ᠪᠤᠰᠤ ᠵᠢᠨ‌‍ᠶᠤᠮ᠃ ᠬᠡᠳᠦᠢ ᠡᠶᠢᠮᠦ ᠪᠣᠯᠬᠤ ᠲᠤᠳᠤᠮ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠪᠠᠶᠢᠭᠤᠯᠤᠯ ᠤᠨ ᠢᠯᠡᠷᠭᠡᠢ‌‍ᠲ᠋ᠠᠪᠠᠭᠤᠯᠢᠭ ᠢ   ᠪᠠᠳᠠᠷᠠᠭᠤᠯᠬᠤ   ᠶᠠᠪᠤᠳᠠᠯ   ᠲᠡᠳᠦᠢ   ᠱᠠᠭᠠᠷᠳᠠᠬᠳᠠᠵᠤ᠂   ᠳᠤᠮᠳᠠᠳᠤ ᠶᠢᠨ   ᠬᠥᠪᠡᠭᠦᠳ    ᠥᠬᠢᠳ ‍ᠤᠨ‌‍ᠬᠦ᠋ᠴᠦᠷᠬᠡᠭᠵᠢᠬᠦ ᠪᠠᠷ ᠬᠦᠴᠦᠯᠡᠨ ᠴᠢᠷᠮᠠᠶᠢᠬᠤ ᠤᠶᠤᠨ ᠰᠠᠨᠠᠭᠠᠨ ᠤ ᠳᠦᠷᠰᠦ ᠪᠠᠶᠢᠳᠠᠯ ᠲᠡᠳᠦᠢ ᠱᠠᠭᠠᠷᠳᠠᠬᠳᠠᠬᠤ ᠪᠣᠯᠤᠨ᠎ᠠ᠃ ᠰᠢᠨ᠎ᠡ‌‍ᠪᠠᠶᠢᠳᠠᠯ ᠰᠢᠨ᠎ᠡ ᠡᠭᠦᠷᠭᠡ ᠶᠢᠨ ᠡᠮᠦᠨ᠎ᠠ ᠡᠯ᠎ᠡ ᠵᠦᠢᠯ ᠤᠨ ᠰᠢᠨ᠎ᠡ ᠠᠰᠠᠭᠤᠳᠠᠯ ᠰᠢᠨ᠎ᠡ ᠥᠷᠢᠰᠥᠯᠳᠦᠭᠡᠨ ᠵᠠᠶᠢᠯᠠᠰᠢ ᠦᠭᠡᠢ ᠭᠠᠷᠬᠤ‌‍ᠲ᠋ᠤᠯᠠ ᠬᠦᠴᠦ ᠪᠠᠨ ᠦᠴᠦᠭᠡᠨ ᠴᠤ ᠰᠤᠯᠠᠷᠠᠭᠤᠯᠵᠤ ᠪᠤᠯᠬᠤ ᠦᠭᠡᠢ ᠪᠦᠭᠡᠳ ᠦᠴᠦᠭᠡᠨ ᠴᠤ  ᠨᠠᠵᠠᠭᠠᠢᠢᠷᠠᠨ  ᠬᠤᠶᠢᠷᠭᠤᠰᠢᠵᠤ‌‍ᠪᠤᠯᠬᠤ  ᠦᠭᠡᠢ᠂  ᠨᠠᠩ  ᠣᠷᠭᠢᠯᠤᠮ᠎ᠠ  ᠬᠠᠯᠠᠭᠤᠨ  ᠰᠡᠳᠬᠢᠯᠭᠡ  ᠪᠠ  ᠢᠳᠡᠪᠬᠢᠲᠡᠢ  ᠡᠷᠴᠢ  ᠵᠣᠷᠢᠭ ᠢᠶᠠᠷ  ᠡᠯ᠎ᠡ  ᠵᠦᠢᠯ ‍ᠤᠨ‌‍ᠬᠥ᠋ᠭᠵᠢᠯᠲᠡ ᠶᠢᠨ ᠬᠠᠷᠠᠯᠲᠠ ᠪᠠᠨ ᠪᠡᠶᠡᠯᠡᠭᠦᠯᠬᠦ ᠶᠢᠨ ᠲᠥᠯᠥᠭᠡ  ᠣᠶᠤᠨ  ᠤᠬᠠᠭᠠᠨ  ᠪᠠ  ᠬᠦᠴᠦᠨ  ᠴᠢᠳᠠᠯ ᠢᠶᠠᠨ  ᠡᠷᠭᠦᠵᠦ᠂ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠭᠦ᠂ ︽ᠬᠤᠣᠰ ᠵᠠᠭᠤᠨ  ᠵᠢᠯ︾ ᠤᠨ  ᠲᠡᠮᠡᠴᠡᠬᠦ  ᠬᠠᠷᠠᠯᠲᠠ ᠶᠢ  ᠪᠡᠶᠡᠯᠡᠭᠦᠯᠬᠦ᠂ᠳᠤᠮᠳᠠᠳᠤ ᠶᠢᠨ ᠦᠨᠳᠦᠰᠦᠲᠡᠨ ᠤ ᠠᠭᠤᠤ  ᠶᠡᠭᠡ  ᠰᠡᠷᠭᠦᠨ  ᠮᠠᠨᠳᠤᠯᠲᠠ ᠶᠢᠨ  ᠳᠤᠮᠳᠠᠳᠤ  ᠤᠯᠤᠰ ᠤᠨ  ᠬᠦᠰᠡᠯ  ᠵᠡᠭᠦᠳᠦ ᠵᠢ‌‍ᠲ᠋ᠡᠷᠭᠡᠯᠰᠢᠭᠦᠯᠬᠦ ᠳᠤ ᠨᠡᠩ ᠶᠡᠭᠡ ᠰᠢᠨ᠎ᠡ ᠬᠤᠪᠢ ᠨᠡᠮᠡᠷᠢ ᠦᠵᠡᠭᠦᠯᠬᠦ ᠬᠡᠷᠡᠭᠲᠡᠢ᠃
ᠢᠷᠡᠯᠲᠡ᠄ ᠠᠷᠠᠳ ᠤᠨ ᠰᠦᠯᠵᠢᠶ᠎ᠡ