ᠠᠩᠬᠠᠨ ᠤ ᠴᠠᠰᠤ
ᠨᠡᠶᠢᠲᠡᠯᠡᠭᠰᠡᠨ ᠴᠠᠭ᠄
2020/12/7
ᠵᠣᠬᠢᠶᠠᠭᠴᠢ᠄ ᠪᠠ᠊ · ᠣᠳᠽᠡᠷ     ᠠᠩᠬᠠᠨ ᠤ ᠴᠠᠰᠤ ᠪᠤᠵᠠᠷ ᠪᠤᠷᠳᠠᠭ ᠢ ᠤᠬᠢᠶᠠᠶ᠎ᠠ ᠬᠡᠮᠡᠷ     ᠠᠩᠬᠠᠨ ᠤ ᠴᠠᠰᠤ ᠬᠡᠶᠢᠰᠦᠭᠰᠡᠨ ᠰᠠᠯᠬᠢ ᠶᠢ ᠳᠠᠷᠤᠶ᠎ᠠ ᠬᠡᠮᠡᠷ     ᠠᠩᠬᠠᠨ ᠤ ᠴᠠᠰᠤ ᠬᠠᠰ ᠤᠨ ᠪᠡᠶ᠎ᠡ ᠶᠢ ᠠᠷᠢᠭᠤᠳᠬᠠᠶ᠎ᠠ ᠬᠡᠮᠡᠷ     ᠠᠩᠬᠠᠨ ᠤ ᠴᠠᠰᠤ ᠨᠤᠲᠤᠭ ᠤᠰᠤ ᠶᠢ ᠮᠥᠩᠭᠦᠯᠡᠶ᠎ᠡ ᠬᠡᠮᠡᠷ     ᠠᠷᠴᠢᠵᠤ ᠠᠷᠢᠯᠭᠠᠶ᠎ᠠ ᠬᠡᠮᠡᠷ ᠲᠣᠭᠤᠰᠤ ᠪᠦᠬᠦᠨ ᠢ     ᠠᠭᠠᠷ ᠠᠴᠠ ᠯᠠᠪᠰᠠᠯᠠᠨ ᠯᠠᠪᠰᠠᠯᠠᠨ ᠪᠠᠭᠤᠭᠰᠠᠨ ᠨᠢ ᠭᠤᠶᠤᠬᠠᠨ     ᠠᠩᠭᠠᠭᠰᠠᠨ ᠪᠦᠬᠦᠨ ᠢ ᠤᠰᠤᠯᠠᠶ᠎ᠠ ᠬᠡᠮᠡᠷ     ᠶᠠᠭᠠᠷᠠᠯᠲᠠᠢ ᠪᠠᠷ ᠨᠠᠮᠢᠷᠠᠨ ᠨᠠᠮᠢᠷᠠᠨ ᠪᠠᠭᠤᠭᠰᠠᠨ ᠨᠢ ᠦᠵᠡᠮᠵᠢᠲᠠᠢ     ᠶᠠᠭᠠᠬᠢᠭᠰᠠᠨ ᠲᠠᠭᠠᠯᠠᠮᠵᠢᠲᠠᠢ ᠰᠠᠶᠢᠬᠠᠨ ᠴᠠᠰᠤ ᠪᠣᠢ︖     ᠶᠠᠮᠠᠷᠬᠠᠨ ᠴᠢᠮ᠎ᠠ ᠲᠠᠢ ᠠᠳᠠᠯᠢᠬᠠᠨ ᠶᠤᠮ ᠪᠣᠢ︖     ᠠᠩᠬᠠᠨ ᠤ ᠴᠠᠰᠤ ᠨᠢᠭᠤᠷ ᠢ ᠮᠢᠨᠢ ᠢᠯᠪᠢᠬᠦ ᠶᠤᠮ     ᠠᠯᠤᠰ ᠤᠨ ᠨᠤᠲᠤᠭ ᠮᠢᠨᠢ ᠨᠠᠮ᠎ᠠ ᠪᠠᠨ ᠰᠠᠨᠠᠭᠰᠠᠨ ᠪᠠᠶᠢᠬ᠎ᠠ     ᠠᠩᠬᠠᠨ ᠤ ᠴᠠᠰᠤ ᠶᠠᠭᠠᠷᠠᠵᠤ ᠴᠢᠮ᠎ᠠ ᠪᠠᠨ ᠬᠥᠭᠡᠷᠦᠭᠦ᠋ᠢᠯᠡᠭᠰᠡᠨ ᠪᠣᠯ     ᠲᠦᠷᠦᠯᠬᠢ ᠨᠤᠲᠤᠭ ᠢ ᠮᠢᠨᠢ ᠡᠷᠬᠡ ᠦᠭᠡᠢ ᠰᠠᠨᠠᠭᠳᠠᠭᠤᠯᠤᠭᠰᠠᠨ ᠪᠠᠶᠢᠬ᠎ᠠ     ᠠᠩᠬᠠᠨ ᠤ ᠴᠠᠰᠤ ᠭᠡᠵᠢᠭᠡ ᠶᠢ ᠮᠢᠨᠢ ᠢᠯᠪᠢᠬᠦ ᠶᠤᠮ     ᠠᠯᠤᠰ ᠲᠤ ᠪᠠᠶᠢᠭ᠎ᠠ ᠡᠵᠢ ᠮᠢᠨᠢ ᠨᠠᠮ ᠎ᠠ ᠪᠠᠨ ᠰᠠᠨᠠᠭᠰᠠᠨ ᠪᠠᠶᠢᠬ᠎ᠠ     ᠥᠭᠡᠳᠡ ᠠᠴᠠ ᠮᠢᠨᠢ ᠭᠦᠶᠦᠨ ᠭᠦᠶᠦᠨ ᠬᠦᠷᠦᠭᠡᠳ ᠢᠷᠡᠳᠡᠭ     ᠦᠨᠳᠦᠰᠦ ᠵᠠᠯᠭᠠᠳᠠᠭ ᠬᠦᠭᠡᠷᠦᠭᠦᠢ ᠵᠢᠭᠠᠯ ᠣᠮᠪᠤᠯᠤ ᠪᠠᠨ ᠰᠠᠨᠠᠯ᠎ᠠ     ᠠᠩᠬᠠᠨ ᠤ ᠴᠠᠰᠤ ᠠᠯᠵᠢᠶᠠᠯ ᠶᠠᠳᠠᠷᠠᠯ ᠢ ᠲᠠᠶᠢᠯᠵᠦ ᠦᠭᠭᠦᠭᠰᠡᠨ ᠶᠤᠮ     ᠠᠯᠤᠰ ᠲᠤ ᠪᠠᠶᠢᠭ᠎ᠠ ᠰᠡᠳᠭᠢᠯ ᠢ ᠮᠢᠨᠢ ᠳᠠᠮᠵᠢᠭᠤᠯᠤᠭᠰᠠᠨ ᠪᠠᠶᠢᠬ᠎ᠠ     ᠠᠩᠬᠠᠨ ᠤ ᠴᠠᠰᠤ ᠨᠠᠮᠢᠷᠠᠨ ᠨᠠᠮᠢᠷᠠᠨ ᠪᠠᠭᠤᠨ᠎ᠠ     ᠠᠯᠵᠢᠶᠠᠯ ᠶᠠᠳᠠᠷᠠᠯ ᠢ ᠲᠠᠶᠢᠯᠬᠤ ᠪᠠᠷ ᠪᠠᠭᠤᠨ᠎ᠠ     ᠠᠯᠢᠪᠠ ᠰᠡᠳᠭᠢᠯ ᠤᠨ ᠶᠠᠳᠠᠷᠠᠯ ᠵᠦᠳᠡᠷᠡᠯ ᠢ ᠴᠢᠨᠢ ᠠᠷᠴᠢᠶ᠎ᠠ ᠬᠡᠮᠡᠨ     ᠠᠯᠢᠪᠠ ᠮᠠᠭᠤ ᠮᠠᠭᠤᠬᠠᠢ ᠶᠢ ᠴᠢᠨᠢ ᠠᠷᠢᠯᠭᠠᠶ᠎ᠠ ᠬᠡᠮᠡᠨ     ᠠᠯᠢᠪᠠ ᠪᠤᠵᠠᠷ ᠪᠦᠬᠦᠨ ᠢ ᠴᠢᠨᠢ ᠤᠬᠢᠶᠠᠵᠤ ᠦᠭᠭᠦᠶ᠎ᠡ ᠬᠡᠮᠡᠨ     ᠠᠯᠢᠪᠠ ᠪᠦᠬᠦᠨ ᠢ ᠴᠢᠨᠢ ᠠᠷᠢᠭᠤᠨ ᠴᠡᠪᠡᠷᠬᠡᠨ ᠪᠣᠯᠭᠠᠶ᠎ᠠ ᠬᠡᠮᠡᠨ     ᠠᠯᠤᠰ ᠤᠨ ᠠᠯᠤᠰ ᠢ ᠵᠣᠷᠢᠨ ᠵᠣᠷᠢᠨ ᠯᠠᠪᠰᠠᠯᠠᠨ ᠪᠠᠭᠤᠨ᠎ᠠ᠂     ᠠᠰᠤᠷᠤ ᠲᠡᠭᠷᠢ ᠶᠢᠨ ᠥᠭᠭᠢᠶᠡᠮᠦᠷ ᠬᠤᠷ᠎ᠠ ᠬᠡᠰᠢᠭ     ᠠᠩᠬᠠᠨ ᠤ ᠴᠠᠰᠤ ᠦᠨᠡᠬᠡᠷ ᠭᠤᠶᠤ ᠰᠠᠶᠢᠬᠠᠨ ᠡ︕     ᠠᠲᠠᠷ ᠲᠠᠯ᠎ᠠ ᠪᠠᠨ ᠮᠦᠩᠭᠡᠯᠡᠭᠡᠳ ᠬᠤᠴᠢᠭᠰᠠᠨ ᠨᠢ ᠰᠠᠶᠢᠬᠠᠨ     ᠠᠮᠢᠲᠠᠨ ᠤᠷᠭᠤᠮᠠᠯ ᠢᠶᠠᠨ ᠤᠮᠲᠠᠯᠠᠭᠠᠳ ᠤᠰᠤᠯᠠᠭᠰᠠᠨ ᠨᠢ ᠰᠠᠶᠢᠬᠠᠨ     ᠠᠷᠠᠳ ᠲᠦᠮᠡᠨ ᠢᠶᠠᠨ ᠪᠠᠶᠠᠰᠬᠠᠭᠰᠠᠨ ᠨᠢ ᠰᠠᠶᠢᠬᠠᠨ ᠡ︕     ᠠᠰᠢᠳᠠ ᠶᠢᠨ ᠵᠣᠯ ᠵᠢᠷᠭᠠᠯ ᠢᠶᠠᠨ ᠪᠡᠯᠭᠡᠳᠡᠭᠡᠳ ᠰᠠᠶᠢᠬᠠᠨ ᠡ︕     ᠠᠰᠤᠷᠤ ᠲᠡᠭᠷᠢ ᠶᠢᠨ ᠥᠭᠬᠢᠶᠠᠮᠥᠷ ᠬᠤᠷ᠎ᠠ ᠬᠡᠰᠢᠭ     ᠠᠩᠬᠠᠨ ᠤ ᠴᠠᠰᠤ ᠦᠨᠡᠬᠡᠷ ᠭᠤᠶᠣ ᠰᠠᠶᠢᠬᠠᠨ ᠡ︕
ᠢᠷᠡᠯᠲᠡ᠄ ᠣᠷᠳᠣᠰ ᠮᠣᠩᠭᠤᠯ ᠰᠦᠯᠵᠢᠶ᠎ᠡ