ᠬᠠᠯᠳᠡᠷ ᠬᠦᠯᠦᠭᠡ ᠮᠢᠨᠢ
ᠨᠡᠶᠢᠲᠡᠯᠡᠭᠰᠡᠨ ᠴᠠᠭ᠄
2020/11/6
                    ᠠᠩᠭᠢᠷ ︵ᠬᠠᠩᠭᠢᠨ ᠬᠤᠰᠢᠭᠤᠨ ᠤ ᠮᠤᠩᠭᠤᠯ ᠦᠨᠳᠤᠰᠦᠳᠡᠨ ᠤ ᠮᠤᠩᠭᠤᠯ ᠲᠤᠷᠰᠢᠯᠳᠠ ᠶᠢᠨ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ︶     ᠬᠠᠯᠳᠠᠷ ᠭᠦᠯᠦᠭᠡ ᠮᠢᠨᠢ ᠢᠷᠡᠭᠡᠷᠡᠢ     ᠬᠤᠭᠤᠯᠠ ᠬᠤᠰᠢ ᠪᠠᠨ ᠢᠳᠡᠭᠡᠷᠡᠢ     ᠬᠤᠯᠠᠭᠠᠢ ᠵᠠᠯᠢᠬᠠᠢ ᠶᠢ ᠭᠢᠴᠢᠶᠡᠭᠡᠷᠡᠢ     ᠬᠤᠳᠠ ᠬᠤᠷᠢᠶ ᠎ᠠ ᠪᠠᠨ ᠰᠠᠭᠢᠭᠠᠷᠠᠢ     ᠬᠦᠭᠡᠷᠦᠭᠦᠨ ᠬᠦᠯᠦᠭᠡ ᠮᠢᠨᠢ ᠬᠤᠷᠳᠤᠯᠠᠭᠠᠷᠠᠢ     ᠬᠦᠮᠦᠨ ᠤ ᠦᠪᠡᠷ ᠤᠨ ᠬᠢ ᠶᠢ ᠢᠯᠭᠠᠭᠠᠷᠠᠢ     ᠭᠦᠨᠳᠡᠯᠡᠨ ᠭᠤᠯᠳᠤ ᠠᠭᠠᠰᠢᠯᠠᠬᠤ ᠦᠭᠡᠢ     ᠬᠦᠨᠳᠦ ᠡᠭᠦᠷᠭᠡ ᠪᠠᠨ ᠮᠡᠳᠡᠭᠡᠷᠡᠢ     ᠡᠵᠡᠨ ᠨᠢ ᠪᠤᠯᠤᠭᠰᠠᠨ ᠪᠢ     ᠡᠷᠳᠡᠯᠡᠵᠤ ᠪᠤᠰᠤᠭᠠᠳ ᠶᠠᠪᠤᠨ᠎ᠠ     ᠡᠷᠳᠡᠮ ᠤᠨ ᠲᠡᠭᠡᠳᠦ ᠶᠢ ᠰᠤᠷᠬᠤ ᠪᠠᠷ     ᠡᠭᠡ ᠰᠤᠷᠭᠠᠭᠤᠯᠢ ᠳᠠᠭᠠᠨ ᠶᠠᠪᠤᠨ᠎ᠠ     ᠬᠤᠴᠤᠷᠴᠤ ᠦᠯᠡᠳᠡᠭᠡᠳ ᠴᠢ ᠮᠢᠨᠢ     ᠬᠤᠪᠢᠨ ᠤ ᠠᠵᠢᠯ ᠳᠠᠭᠠᠨ ᠰᠢᠮᠳᠠᠭᠠᠷᠠᠢ     ᠬᠤᠯᠠ ᠤᠶᠢᠷ᠎ᠠ ᠶᠢ ᠪᠠᠷᠠᠯᠠᠨ     ᠬᠤᠳᠠᠴᠢ ᠨᠤᠬᠠᠢ ᠪᠤᠯᠤᠭᠠᠷᠠᠢ᠃     ᠠᠪᠤ ᠡᠵᠢ ᠮᠢᠨᠢ     ᠬᠠᠶᠢᠷᠠᠳᠠᠢ ᠬᠠᠶᠢᠷᠠᠳᠠᠢ ᠭᠡᠬᠦ ᠳᠡᠭᠡᠨ     ᠬᠠᠶᠢᠴᠢ ᠪᠠᠷ ᠨᠠᠭᠠᠳᠤᠭᠤᠯᠬᠤ ᠦᠬᠡᠢ ᠠᠪᠤ ᠮᠢᠨᠢ     ᠵᠦᠭ ᠵᠦᠭ ᠢᠶᠠᠷ ᠢᠶᠠᠨ ᠦᠰᠭᠡᠬᠦ ᠳᠡᠭᠡᠨ     ᠵᠡᠭᠦᠦ ᠪᠠᠷ ᠲᠤᠭᠯᠠᠭᠤᠯᠬᠤ ᠦᠭᠡᠢ     ᠮᠦᠷᠦᠭᠡᠳᠦᠯ ᠪᠦᠭᠦᠨ ᠢ ᠭᠦᠢᠴᠡᠭᠡᠬᠦ ᠳᠡᠭᠡᠨ     ᠮᠦᠩᠭᠦ ᠪᠠᠷ ᠲᠤᠭᠯᠠᠭᠤᠯᠤᠭ᠎ᠠ ᠦᠭᠡᠢ ᠠᠪᠤ ᠮᠢᠨᠢ     ᠠᠶᠠᠰ ᠠᠶᠠᠰ ᠢᠶᠠᠷ ᠦᠰᠭᠡᠬᠦ ᠳᠤ     ᠠᠯᠳᠠ ᠪᠠᠷ ᠡᠷᠭᠡᠯᠡᠭᠦᠯᠦᠭᠡ ᠦᠭᠡᠢ ᠡᠵᠢ ᠮᠢᠨᠢ     ᠡᠷᠳᠡᠨᠢ ᠰᠤᠪᠤᠳ ᠢᠶᠠᠷ ᠰᠤᠯᠢᠭᠠᠳ ᠴᠤ     ᠡᠷᠭᠢᠵᠦ ᠤᠯᠳᠠᠬᠤ ᠦᠭᠡᠢ ᠡᠵᠢ ᠮᠢᠨᠢ     ᠠᠯᠳᠠ ᠮᠦᠩᠭᠦ ᠪᠠᠷ ᠠᠷᠠᠯᠵᠢᠭᠠᠳ ᠴᠤ     ᠠᠭᠢᠭᠠᠳ ᠵᠠᠶᠠᠭᠠᠬᠤ ᠦᠭᠡᠢ ᠠᠪᠤ ᠮᠢᠨᠢ     ᠬᠦᠮᠦᠨ ᠤ ᠵᠡᠷᠭᠡ ᠳᠤ ᠶᠠᠪᠤᠬᠤ ᠶᠢ     ᠬᠦᠦ ᠳᠡᠭᠡᠨ ᠢᠳᠡᠭᠡᠭᠡᠷᠡᠢ ᠡᠵᠢ ᠮᠢᠨᠢ     ᠤᠯᠠᠨ ᠳᠠᠭᠠᠨ ᠲᠤᠰᠠ ᠲᠠᠢ ᠶᠠᠪᠤᠨ᠎ᠠ ᠭᠡᠳ     ᠦᠭᠢᠨ ᠢᠶᠠᠨ ᠪᠠᠭ᠋ᠠᠳᠤᠭᠠᠷᠡᠢ ᠠᠪᠤ ᠮᠢᠨᠢ︕       ︵ᠵᠢᠯᠤᠭᠤᠳᠤᠭᠰᠠᠨ ᠪᠠᠭᠰᠢ᠄ ᠨᠠᠮᠵᠢᠯ︶
ᠢᠷᠡᠯᠲᠡ᠄ ᠣᠷᠳᠣᠰ ᠮᠤᠩᠭᠤᠯ ᠰᠦᠯᠵᠢᠶ᠎ᠡ