ᠲᠠᠷᠡ ᠵᠢᠯ ᠤᠨ ᠨᠠᠮᠣᠷ
ᠨᠡᠶᠢᠲᠡᠯᠡᠭᠰᠡᠨ ᠴᠠᠭ᠄
2020/11/18
ᠵᠣᠬᠢᠶᠠᠭᠴᠢ᠄ ᠮᠠᠨᠳᠣᠯ᠎ᠠ   ᠲᠡᠷᠡ ᠵᠢᠯ ᠤᠨ ᠨᠠᠮᠣᠷ ᠭᠡᠵᠣ ᠣᠷᠳᠣ ᠠᠴᠠ ᠣᠷᠳᠣ ᠰᠠᠶᠢᠬᠠᠨ ᠨᠠᠮᠣᠷ   ᠲᠡᠭᠷᠢ ᠨᠢ ᠴᠡᠯᠮᠡᠭᠦᠨ ᠲᠡᠷᠳᠡᠭᠡᠭᠢ ᠠᠭᠤᠯᠠᠰ ᠨᠢ ᠨᠠᠷᠠ ᠪᠠᠨ ᠵᠣᠯᠠᠶᠢᠳᠠᠨ ᠦᠨᠳᠡᠯᠵᠡᠭᠡᠳ   ᠲᠦᠷᠦᠭᠡᠨ ᠲᠠᠪᠠᠭ ᠲᠤ ᠱᠥᠷᠭᠦᠭᠡᠭᠳᠡᠭᠰᠡᠨ ᠡᠪᠡᠰᠦ ᠨᠢ ᠰᠢᠭᠦᠳᠡᠷᠢ ᠪᠠᠨ ᠬᠦᠪᠢᠵᠦ   ᠲᠡᠯᠡᠭᠡᠢ ᠡᠵᠢ ᠬᠤᠩᠭᠤᠷᠳᠠᠨ ᠰᠢᠷᠭᠠᠯᠳᠣᠵᠣ ᠨᠠᠮᠢᠶᠠᠳᠠᠭᠠᠳ ᠰᠠᠶᠢᠬᠠᠨ ᠴᠦ ᠨᠠᠮᠣᠷ᠃   ᠠᠶᠢᠷᠠᠭ ᠤᠨ ᠦᠨᠦᠷ ᠲᠣᠯᠣᠭᠠᠳ ᠤᠨ ᠣᠷᠣᠢ ᠳᠤ ᠰᠡᠩᠭᠢᠨᠡᠭᠡᠳ   ᠡᠩᠭᠡᠷ ᠤᠨ ᠵᠠᠮ ᠢᠶᠠᠷ ᠨᠡᠭᠦᠳᠡᠯ ᠤᠨ ᠴᠦᠷᠬᠦᠯᠡᠭᠡ ᠠᠯᠣᠰᠷᠠᠭᠰᠠᠨ   ᠨᠠᠷᠠ ᠰᠠᠷᠠ ᠨᠢ ᠰᠢᠪᠠᠭᠤᠳ ᠲᠠᠢ ᠪᠠᠨ ᠢᠵᠢᠯᠢᠰᠢᠭᠡᠳ   ᠨᠠᠭᠤᠷ ᠤᠨ ᠲᠣᠯᠭᠢᠶᠠᠨ ᠨᠢ ᠠᠷᠯᠠᠨ ᠴᠡᠩᠭᠡᠷᠳᠡᠭᠰᠡᠨ   ᠲᠡᠷᠡ ᠵᠢᠯ ᠤᠨ ᠨᠠᠮᠣᠷ ᠪᠢ ᠨᠣᠮᠣᠬᠠᠨ ᠪᠣᠷᠣᠯᠠᠭ ᠢᠶᠠᠨ ᠣᠨᠣᠵᠣ   ᠡᠷᠳᠡᠮ ᠤᠨ ᠬᠠᠷᠭᠤᠢ ᠶᠢ ᠴᠢᠭᠯᠡᠨ ᠵᠣᠷᠢᠭᠰᠠᠨ ᠶᠣᠮ   ᠲᠡᠭᠡᠬᠦ ᠳᠡᠭᠡᠨ ᠪᠢ ᠨᠠᠮᠣᠷ ᠲᠤ ᠬᠠᠶᠢᠷᠠᠳᠠᠢ᠃   ᠲᠡᠷᠡ ᠵᠢᠯ ᠤᠨ ᠨᠠᠮᠣᠷ ᠭᠡᠵᠣ ᠣᠷᠳᠣ ᠠᠴᠠ ᠣᠷᠳᠣ ᠰᠠᠶᠢᠬᠠᠨ ᠴᠦ ᠨᠠᠮᠣᠷ   ᠲᠡᠭᠳᠡᠭᠡᠬᠡᠢ ᠰᠢᠭ ᠲᠡᠷᠪᠡᠭᠰᠡᠨ ᠠᠩᠭᠢᠷᠬᠠᠨ ᠨᠠᠰᠣᠨ ᠤ   ᠲᠡᠩᠳᠡᠭᠦᠦ ᠬᠠᠶᠢᠷᠠᠳᠠᠢ ᠨᠣᠳᠤᠭ ᠤᠨ ᠮᠢᠨᠢ ᠣᠷᠳᠣ ᠰᠠᠶᠢᠬᠠᠨ ᠨᠠᠮᠣᠷ ᠡ   ᠲᠦᠷᠦᠭᠡᠨ ᠲᠡᠭᠡᠷ᠎ᠡ ᠬᠤᠯᠠ ᠶᠢᠨ ᠰᠠᠯᠭᠢ ᠢᠷᠡᠵᠣ ᠠᠮᠠᠷᠠᠭᠠᠳ   ᠲᠦᠳᠡᠭᠡᠨ ᠵᠠᠭᠤᠷ᠎ᠠ ᠣᠯᠠᠷᠢᠯ ᠤᠰᠣᠨ ᠤ ᠰᠦᠯ ᠢ ᠦᠮᠴᠢᠷᠬᠡᠨ᠎ᠡ   ᠲᠡᠷᠳᠡᠭᠡ ᠠᠭᠤᠯᠠᠰ ᠤᠨ ᠣᠷᠭᠢᠯ ᠴᠠᠭ ᠬᠤᠭᠤᠴᠠᠭᠠᠨ ᠤ ᠬᠢ ᠮᠡᠳᠦ   ᠲᠠᠷᠠ ᠵᠢᠯ ᠤᠨ ᠨᠠᠮᠣᠷ ᠢ ᠲᠠᠩᠴᠣ ᠶᠡᠭᠡ ᠰᠠᠨᠠᠭᠳᠠᠭᠤᠯᠣᠨᠠᠮ   ᠬᠠᠶᠢᠷᠬᠠᠨ ᠦᠨᠳᠦᠷ ᠠᠭᠤᠯᠠᠰ ᠡᠭᠦᠯᠡᠰ ᠢᠶᠠᠨ ᠠᠷᠭᠠᠮᠵᠢᠭᠠᠳ   ᠬᠠᠷᠠᠴᠠ ᠮᠡᠯᠮᠡᠷᠡᠬᠦ ᠮᠡᠯᠮᠡᠢ ᠲᠡᠷᠡ ᠨᠠᠮᠣᠷ ᠤᠨ ᠬᠢ   ᠬᠠᠶᠠᠭᠠᠨ ᠡ᠊ᠩᠭᠡᠷ ᠤᠨ ᠭᠤᠣᠯ ᠵᠢᠷᠦᠬᠡᠨ ᠳᠤ ᠣᠷᠣᠰᠣᠭᠠᠳ   ᠬᠠᠶᠢᠷ᠎ᠠ ᠶᠢᠨ ᠴᠡᠩᠭᠡᠷ ᠠᠶᠠᠯᠭᠤ ᠲᠡᠷᠡ ᠨᠠᠮᠣᠷ ᠤᠨ ᠬᠢ   ᠲᠡᠷᠡ ᠬᠤᠯᠠ ᠶᠢᠨ ᠪᠣᠳᠣᠯ ᠵᠡᠷᠭᠡᠯᠭᠡᠨ ᠳᠤ ᠡᠭᠡᠰᠢᠭᠯᠡᠭᠡᠳ   ᠲᠠᠯ᠎ᠠ ᠶᠢᠨ ᠵᠦᠭᠡᠯᠡᠨ ᠰᠠᠯᠭᠢ ᠲᠡᠷᠡ ᠨᠠᠮᠣᠷ ᠤᠨ ᠬᠢ   ᠲᠡᠷᠭᠡᠯ ᠴᠠᠭᠠᠨ ᠨᠠᠭᠤᠷ ᠲᠤ ᠣᠳᠣᠳ ᠵᠢᠰᠦ ᠪᠠᠨ ᠲᠣᠯᠢᠳᠠᠭᠠᠳ   ᠲᠠᠨᠢᠯᠬᠠᠨ ᠴᠡᠴᠡᠭᠡᠰ ᠨᠢᠯᠬᠠᠷᠠᠬᠤ ᠨᠢ ᠲᠡᠷᠡ ᠨᠠᠮᠣᠷ ᠤᠨ ᠬᠢ ᠡ︕   ᠲᠡᠷᠡ ᠵᠢᠯ ᠤᠨ ᠨᠠᠮᠣᠷ ᠭᠡᠵᠣ ᠣᠷᠳᠣ ᠠᠴᠠ ᠣᠷᠳᠣ ᠰᠠᠶᠢᠬᠠᠨ ᠨᠠᠮᠣᠷ   ᠲᠡᠭᠳᠡᠭᠡᠬᠡᠢ ᠰᠢᠭ ᠲᠡᠷᠪᠡᠭᠰᠡᠨ ᠠᠩᠭᠢᠷᠬᠠᠨ ᠨᠠᠰᠣᠨ ᠤ   ᠲᠡᠩᠳᠡᠭᠦᠦ ᠬᠠᠶᠢᠷᠠᠳᠠᠢ ᠨᠣᠳᠤᠭ ᠤᠨ ᠮᠢᠨᠢ ᠣᠷᠳᠣ ᠰᠠᠶᠢᠬᠠᠨ ᠨᠠᠮᠣᠷ ᠡ︕
ᠢᠷᠡᠯᠲᠡ᠄ ᠣᠷᠳᠣᠰ ᠮᠣᠩᠭᠤᠯ ᠰᠦᠯᠵᠢᠶ᠎ᠡ