2021 ᠣᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠰᠢᠯᠭᠠᠯᠲᠠ ᠳᠤ ᠨᠡᠷ᠎ᠡ ᠮᠡᠳᠡᠭᠦᠯᠬᠦ ᠠᠵᠢᠯ 11 ᠰᠠᠷ᠎ᠠ ᠶᠢᠨ 16 ᠤ ᠡᠳᠦᠷ ᠠᠴᠠ 27 ᠤ ᠡᠳᠦᠷ ᠪᠣᠯᠲᠠᠯ᠎ᠠ ᠶᠠᠪᠤᠭᠳᠠᠨ᠎ᠠ
ᠨᠡᠶᠢᠲᠡᠯᠡᠭᠰᠡᠨ ᠴᠠᠭ᠄
2020/10/22
           10 ᠰᠠᠷ᠎ᠠ ᠶᠢᠨ 20 ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ‍ᠤᠨ‌‍ᠰᠣᠷᠣᠭᠴᠢ ᠡᠯᠰᠡᠬᠦ ᠰᠢᠯᠭᠠᠯᠲᠠ ᠶᠢᠨ ᠲᠦᠪ ᠠᠯᠪᠠᠨ ᠸᠢᠴᠠᠲ ᠢᠶᠠᠷ ᠳᠡᠮᠵᠢᠨ ᠮᠡᠳᠡᠭᠡ ᠨᠡᠶᠢᠲᠡᠯᠡᠵᠦ᠂ 2021 ᠣᠨ ᠤ ᠦᠪᠤᠷ‌ᠮᠤᠩᠭᠤᠯ ᠣᠷᠣᠨ ᠤ ᠳᠡᠭᠡᠳᠦ ᠰᠤᠷᠭᠠᠭᠤᠯᠢ  ᠳᠤ ᠰᠣᠷᠣᠭᠴᠢ ᠡᠯᠰᠡᠬᠦ  ᠰᠢᠯᠭᠠᠯᠲᠠ ᠳᠤ  ᠨᠡᠷ᠎ᠡ  ᠮᠡᠳᠡᠭᠦᠯᠬᠦ  ᠴᠠᠭ ᠨᠢ  2020ᠣᠨ ᠤ 11 ᠳ᠋ᠤᠭᠡᠷ ᠰᠠᠷ᠎ᠠ ᠶᠢᠨ 16 ᠤ ᠡᠳᠦᠷ ᠤᠨ 9᠄ 00 — 2020 ᠣᠨ ᠤ 11  ᠳ᠋ᠤᠭᠡᠷ  ᠰᠠᠷ᠎ᠠ ᠶᠢᠨ  27 ᠤ ᠡᠳᠦᠷ ᠤᠨ 18᠄ 00 ᠪᠣᠯᠤᠨ᠎ᠠ᠃ ᠪᠤᠶ ᠪᠦᠬᠦᠢ ᠰᠢᠯᠭᠠᠭᠤᠯᠤᠭᠰᠠᠳ ᠰᠦᠯᠵᠢᠶᠡᠨ ᠳᠡᠭᠡᠷ᠎ᠡ ᠤᠷᠢᠳᠴᠢᠯᠠᠨ  ᠨᠡᠷ᠎ᠡ  ᠮᠡᠳᠡᠭᠦᠯᠬᠦ᠂ ᠰᠦᠯᠵᠢᠶᠡᠨ ᠳᠡᠭᠡᠷ᠎ᠡ ᠰᠦᠢᠳᠬᠡᠯ ᠲᠤᠰᠢᠶᠠᠬᠤ  ᠪᠠ  ᠲᠤᠬᠠᠢ ᠶᠢᠨ  ᠲᠠᠯᠠᠪᠤᠷ ᠲᠤ  ᠨᠤᠲᠠᠯᠠᠬᠤ  ᠵᠡᠷᠭᠡ  ᠨᠡᠷ᠎ᠡ  ᠮᠡᠳᠡᠭᠦᠯᠬᠦ  ᠭᠠᠷ‌‍ᠭᠦ᠋ᠢᠴᠡᠳᠬᠡᠯ ᠢ ᠲᠣᠭᠲᠠᠭᠰᠠᠨ ᠬᠤᠭᠤᠴᠠᠭᠠᠨ ᠳᠤ ᠪᠡᠶᠡᠯᠡᠭᠦᠯᠦᠨ᠎ᠡ᠂ ᠬᠤᠭᠤᠴᠠᠭ᠎ᠠ ᠬᠡᠳᠦᠷᠡᠪᠡᠯ ᠨᠡᠷ᠎ᠡ ᠮᠡᠳᠡᠭᠦᠯᠬᠦ  ᠬᠠᠮᠢᠶ᠎ᠠ  ᠪᠦᠬᠦᠢ‌ᠭᠠᠷᠳᠠᠮ ᠢ ᠬᠦᠯᠢᠶᠡᠨ ᠠᠪᠴᠤ ᠰᠢᠢᠳᠪᠤᠷᠢᠯᠡᠬᠦ ᠦᠭᠡᠢ ᠭᠡᠵᠡᠢ᠃              ᠨᠡᠷ᠎ᠡ ᠮᠡᠳᠡᠭᠦᠯᠬᠦ ᠡᠲᠡᠭᠡᠳ ᠄ ᠦᠪᠤᠷ ᠮᠤᠩᠭᠤᠯ ᠣᠷᠣᠨ ᠳᠤ 2021 ᠣᠨ ᠤ ᠡᠩ ᠤᠨ ᠳᠡᠭᠡᠳᠤ ᠰᠤᠷᠭᠠᠭᠤᠯᠢ ᠵᠢᠨ‌‍ᠰᠤᠷᠤᠭᠴᠢ ᠡᠯᠰᠡᠬᠦ ᠰᠢᠯᠭᠠᠯᠲᠠ   ᠳᠤ  ᠤᠷᠤᠯᠴᠠᠭᠰᠠᠳ  ᠵᠢᠴᠢ  ᠡᠯᠰᠡᠭᠳᠡᠭᠰᠡᠨ  ᠰᠢᠯᠭᠠᠭᠤᠯᠤᠭᠰᠠᠳ᠂  ᠡᠭᠦᠨ ᠳᠤ  ᠨᠠᠮᠤᠷ ᠤᠨ ᠤᠯᠠᠷᠢᠯ ᠤᠨ ᠨᠢᠭᠡᠳᠦᠯᠲᠡᠶ ᠰᠢᠯᠭᠠᠯᠲᠠ᠂ ᠵᠢᠩᠬᠢᠨᠢ ᠠᠩᠭᠢ ᠶᠢᠨ ᠠᠵᠢᠯ  ᠮᠡᠷᠭᠡᠵᠢᠯ ᠤᠨ  ᠰᠤᠷᠭᠠᠨ  ᠬᠥᠮᠦᠵᠢᠯ ᠤᠨ  ᠪᠠᠭᠰᠢ ᠵᠢᠨ‌‍ᠰᠢᠯᠭᠠᠯᠲᠠ᠂ ᠵᠢᠩᠬᠢᠨᠢ ᠠᠩᠭᠢ ᠶᠢᠨ ᠲᠠᠮᠢᠷ ᠤᠨ ᠬᠥᠳᠡᠯᠭᠡᠭᠡᠨ ᠤ ᠪᠣᠯᠪᠠᠰᠤᠷᠠᠯ ᠤᠨ ᠦᠨᠳᠦᠰᠦᠲᠡᠨ ᠤ  ᠤᠯᠠᠮᠵᠢᠯᠠᠯᠲᠤ  ᠪᠡᠶ᠎ᠡ ᠶᠢᠨ ᠲᠠᠮᠢᠷ ᠤᠨ ᠰᠢᠯᠭᠠᠯᠲᠠ᠂ ᠵᠡᠮᠳᠡᠭ ᠰᠣᠷᠣᠭᠴᠢ ᠶᠢᠨ ᠲᠤᠰᠠᠭᠠᠷ ᠰᠢᠯᠭᠠᠯᠲᠠ᠂ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ  ᠠᠩᠭᠢ᠂ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠲᠤᠰᠬᠠᠢ ᠡᠯᠰᠡᠬᠦ ᠰᠣᠷᠣᠭᠴᠢ᠂ ᠭᠤᠷᠪᠠ ᠬᠤᠶᠠᠷ ᠬᠤᠪᠢᠶᠠᠷᠢ ᠬᠡᠰᠡᠭ᠂ ᠪᠠᠭᠠᠴᠤᠳ ‍ᠤᠨ‌ᠠᠩᠭᠢ᠂ ᠭᠠᠯ ᠰᠡᠷᠭᠡᠶᠢᠯᠡᠵᠦ ᠤᠨᠲᠠᠷᠠᠭᠠᠬᠤ ᠲᠤᠰᠠᠭᠠᠷ ᠰᠢᠯᠭᠠᠯᠲᠠ ᠵᠡᠷᠭᠡ ᠰᠢᠯᠭᠠᠯᠲᠠ ᠶᠢᠨ ᠲᠥᠷᠥᠯ  ᠬᠡᠯᠪᠡᠷᠢ  ᠪᠠ  ᠰᠠᠭᠤᠷᠢ ᠶᠢ ᠴᠢᠩᠭᠠᠳᠬᠠᠬᠤ ᠲᠥᠯᠥᠪᠯᠡᠭᠡ᠂ ᠳᠡᠭᠡᠳᠤ ᠬᠢᠷᠢ ᠲᠦᠪᠰᠢᠨ ᠪᠥᠬᠦᠶ ᠤᠷᠠᠯᠢᠭ ᠤᠨ ᠪᠦᠯᠬᠦᠮ᠂ ᠳᠡᠭᠡᠳᠤ  ᠬᠢᠷᠢ  ᠲᠦᠪᠰᠢᠨ  ᠪᠥᠬᠦᠶ ᠲᠠᠮᠢᠷᠴᠢᠨ ︵ᠨᠢᠭᠡᠳᠦᠭᠡᠷ ᠳᠡᠰ ᠤᠨ ᠲᠠᠮᠢᠷᠴᠢᠳ ᠤᠨ ᠲᠤᠰᠠᠭᠠᠷ  ᠰᠢᠯᠭᠠᠯᠲᠠ  ᠪᠠᠭᠲᠠᠨ᠎ᠠ︶᠂  ᠪᠠᠲᠤᠯᠠᠨ  ᠬᠦᠷᠭᠡᠬᠦ  ᠰᠣᠷᠣᠭᠴᠢ᠂ᠪᠤᠰᠤᠳ ᠲᠤᠰᠠᠭᠠᠷ ᠰᠣᠷᠣᠭᠴᠢ ᠡᠯᠰᠡᠬᠦ ᠵᠡᠷᠭᠡ ᠲᠥᠷᠥᠯ ᠬᠡᠯᠪᠡᠷᠢ ᠶᠢᠨ ᠰᠢᠯᠭᠠᠭᠤᠯᠤᠭᠴᠢ ᠶᠢ ᠪᠠᠭᠲᠠᠭᠠᠨ᠎ᠠ᠃ ᠡᠳᠡᠭᠡᠷ ᠨᠢ  ᠴᠥᠮ‌‍ᠲ᠋ᠣᠭᠲᠠᠭᠠᠯ ᠶᠣᠰᠣᠭᠠᠷ ᠨᠡᠷ᠎ᠡ ᠮᠡᠳᠡᠭᠦᠯᠬᠦ ᠭᠠᠷᠳᠠᠮ ᠢ ᠭᠦᠢᠴᠡᠳᠭᠡᠬᠦ ᠬᠡᠷᠡᠭᠲᠡᠶ᠃                ᠨᠡᠷ᠎ᠡ ᠮᠡᠳᠡᠭᠦᠯᠬᠦ ᠨᠥᠬᠦᠴᠡᠯ᠄ ᠪᠥᠬᠦᠳᠡ ᠨᠠᠶᠢᠷᠠᠮᠳᠠᠬᠤ ᠳᠤᠮᠳᠠᠳᠤ ᠠᠷᠠᠳ  ᠤᠯᠤᠰ ᠤᠨ  ᠦᠨᠳᠦᠰᠦᠨ  ᠬᠠᠤᠯᠢ  ᠪᠠ‌ᠬᠠᠤᠯᠢ ᠴᠠᠭᠠᠵᠠ ᠶᠢ ᠵᠢᠷᠤᠮᠯᠡᠨ ᠰᠡᠬᠢᠳᠠᠭ᠂ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠭᠠᠨ ᠬᠥᠮᠦᠵᠢᠯ ᠲᠡᠭᠦᠰᠦᠭᠰᠡᠨ‌‍ᠪᠤᠶᠤ  ᠠᠳᠠᠯᠢ  ᠲᠡᠰ ᠤᠨ  ᠰᠤᠷᠤᠯᠭ᠎ᠠ ᠶᠢᠨ  ᠨᠠᠮᠲᠠᠷ ᠲᠠᠢ᠂  ᠪᠡᠶ᠎ᠡ  ᠮᠠᠬᠠᠪᠣᠳ ᠨᠢ  ᠬᠤᠯᠪᠣᠭᠳᠠᠯ  ᠪᠦᠬᠦᠢ  ᠱᠠᠭᠠᠷᠳᠠᠯᠭ᠎ᠠ ᠳ᠋ᠤ᠋‌ᠨᠡᠶᠢᠴᠡᠭᠰᠡᠨ  ᠬᠥᠮᠦᠰ  ᠨᠡᠷ᠎ᠡ  ᠮᠡᠳᠡᠭᠦᠯᠬᠦ ᠪᠠᠷ  ᠭᠤᠶᠤᠴᠢᠯᠠᠵᠤ  ᠪᠣᠯᠤᠨ᠎ᠠ᠃  ᠥᠪᠡᠷᠲᠡᠭᠡᠨ  ᠵᠠᠰᠠᠬᠤ  ᠣᠷᠣᠨ ᠤ   ᠰᠤᠷᠭᠠᠨ‌‍ᠬᠥ᠋ᠮᠦᠵᠢᠯ ᠤᠨ ᠲᠢᠩᠬᠢᠮ ᠤᠨ ︽ᠣᠷᠣᠨ ᠤ ᠭᠠᠳᠠᠨ᠎ᠠ ᠠᠵᠢᠯ ᠬᠥᠳᠡᠯᠮᠦᠷᠢ  ᠬᠢᠵᠦ  ᠪᠠᠶᠢᠭ᠎ᠠ  ᠬᠥᠮᠦᠰ ᠤᠨ  ᠳᠠᠭᠠᠵᠤ  ᠨᠡᠭᠦᠭᠰᠡᠨ‌ᠦᠷ᠎ᠡ ᠬᠡᠤᠬᠡᠳ ᠮᠠᠨ ᠤ ᠣᠷᠣᠨ ᠳᠤ ᠳᠡᠭᠡᠳᠤ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠢᠯᠭᠠᠯᠲᠠ ᠪᠠ ᠳᠡᠭᠡᠳᠦ  ᠰᠤᠷᠭᠠᠭᠤᠯᠢ‌‍ᠶᠢᠨ ᠰᠢᠯᠭᠠᠯᠲᠠ ᠳᠤ ᠤᠷᠤᠯᠴᠠᠬᠤ ᠲᠤᠬᠠᠶ ᠰᠠᠨᠠᠯ︾ ︵ᠥᠪᠥᠷ ᠰᠤᠷᠭᠠᠨ ᠬᠥᠮᠦᠵᠢᠯ ᠠᠯᠪᠠᠨ ᠦᠰᠦᠭ ﹇2013﹈ 25 ᠳ᠋ᠤᠭᠠᠷ‌‍ᠲ᠋ᠣᠭᠠᠲᠤ᠂ ᠳᠣᠷᠣᠭᠰᠢ 25 ᠳ᠋ᠤᠭᠠᠷ ᠲᠣᠭᠠᠲᠤ ᠪᠢᠴᠢᠭ ᠮᠠᠲ᠋ᠧᠷᠢᠶᠠᠯ ᠭᠡᠵᠦ ᠲᠣᠪᠴᠢᠯᠠᠨ᠎ᠠ︶ ᠤᠨ  ᠬᠠᠮᠢᠶ᠎ᠠ  ᠪᠦᠬᠦᠢ  ᠲᠣᠭᠲᠠᠭᠠᠯ‌‍ᠶᠤᠰᠤᠭᠠᠷ ᠣᠷᠣᠨ ᠤ ᠭᠠᠳᠠᠨ᠎ᠠ ᠬᠦᠴᠦ ᠶᠠᠪᠤᠭᠰᠠᠳ ︵ᠮᠠᠨ ᠤ ᠣᠷᠣᠨ ᠤ ᠡᠷᠦᠬᠡ ᠠᠮᠠ ᠶᠢᠨ ᠳᠠᠩᠰᠠ ᠦᠭᠡᠢ ᠪᠤᠰᠤᠳ  ᠠᠵᠢᠯ‌ᠤᠯᠤᠭᠰᠠᠳ ᠪᠠᠭᠲᠠᠨ᠎ᠠ᠂ ᠳᠣᠷᠣᠭᠰᠢ ᠠᠳᠠᠯᠢ︶ ᠤᠨ ᠳᠠᠭᠠᠵᠤ ᠨᠡᠭᠦᠭᠰᠡᠨ ᠦᠷ᠎ᠡ ᠬᠡᠦᠬᠡᠳ ᠪᠠ ᠡᠷᠦᠬᠡ  ᠠᠮᠠ ᠶᠢᠨ  ᠳᠠᠩᠰᠠ ᠨᠢ‌ᠮᠠᠨ ᠤ  ᠣᠷᠣᠨ ᠳᠤ  ᠰᠢᠯᠵᠢᠨ  ᠤᠷᠤᠭᠰᠠᠨ  ᠰᠢᠯᠭᠠᠭᠤᠯᠤᠭᠰᠠᠳ᠂  ᠮᠠᠨ ᠤ  ᠣᠷᠣᠨ ᠤ  ᠲᠡᠭᠡᠳᠤ  ᠵᠡᠷᠭᠡ ᠶᠢᠨ   ᠳᠤᠮᠳᠠᠳᠤ‌‍ᠰᠤᠷᠭᠠᠭᠤᠯᠢ ᠶᠢᠨ ᠰᠤᠷᠤᠯᠭ᠎ᠠ ᠶᠢᠨ ᠬᠢᠷᠢ ᠲᠦᠪᠰᠢᠨ ᠤ ᠪᠦᠬᠦ ᠬᠢᠴᠢᠶᠡᠯ ᠲᠥᠷᠥᠯ ᠤᠨ ᠰᠢᠯᠭᠠᠯᠲᠠ ᠳᠤ ᠤᠷᠤᠯᠴᠠᠭᠰᠠᠨ  ᠪᠦᠭᠡᠳ‌‍ᠲ᠋ᠤᠤᠷᠠᠬᠢ ᠨᠦᠬᠦᠴᠡᠯ ᠢ ᠪᠦᠷᠢᠯᠳᠦᠭᠦᠯᠦᠭᠰᠡᠨ ᠪᠠᠶᠢᠪᠠᠯ ᠡ᠊ᠩ ᠤᠨ ᠳᠡᠭᠡᠳᠤ ᠰᠤᠷᠭᠠᠭᠤᠯᠢ ᠳᠤ ᠡᠯᠰᠡᠬᠦ ᠰᠢᠯᠭᠠᠯᠲᠠ ᠳᠤ ᠤᠷᠤᠯᠴᠠᠵᠦ‌‍ᠪᠤᠯᠤᠨ᠎ᠠ᠄                1. ᠣᠷᠣᠨ ᠤ  ᠭᠠᠳᠠᠨ᠎ᠠ  ᠠᠵᠢᠯ  ᠬᠥᠳᠡᠯᠮᠦᠷᠢ   ᠬᠢᠭᠰᠡᠳ ᠤᠨ   ᠳᠠᠭᠠᠵᠤ   ᠨᠡᠭᠦᠭᠰᠡᠨ   ᠦᠷ᠎ᠡ   ᠬᠡᠤᠬᠡᠳ‌‍ᠤᠨ‌‍ᠰᠢᠯᠭᠠᠭᠤᠯᠤᠭᠰᠠᠳ᠂ ︽25 ᠳ᠋ᠤᠭᠠᠷ ᠲᠣᠭᠠᠲᠤ ᠪᠢᠴᠢᠭ ᠮᠠᠲ᠋ᠧᠷᠢᠶᠠᠯ︾ ᠤᠨ ᠲᠣᠭᠲᠠᠭᠠᠯ ᠳᠤ ᠨᠡᠶᠢᠴᠡᠭᠰᠡᠨ 2018 ᠣᠨ ‍ᠣ‌‍ᠲ᠋ᠤᠮᠳᠠᠳᠤ ᠰᠤᠷᠭᠠᠭᠤᠯᠢ ᠶᠢᠨ ᠰᠢᠯᠭᠠᠯᠲᠠ ᠳᠤ ᠣᠷᠣᠯᠴᠠᠬᠤ ᠨᠥᠬᠦᠴᠡᠯ ᠠᠴᠠ ᠭᠠᠳᠠᠨ᠎ᠠ᠂ 2021 ᠣᠨ ᠤ 9 ᠰᠠᠷ᠎ᠠ ᠶᠢᠨ 1 ‍ᠤ‌ᠡᠳᠦᠷ ᠪᠣᠯᠲᠠᠯ᠎ᠠ᠂ ᠡᠷᠬᠡᠪᠰᠢ ᠳᠣᠤᠷᠠᠬᠢ 3 ᠨᠥᠬᠦᠴᠡᠯ ᠳᠤ ᠨᠡᠶᠢᠴᠡᠭᠰᠡᠨ ᠪᠠᠶᠢᠬᠤ ᠬᠡᠷᠡᠭᠲᠡᠶ᠄  ᠨᠢᠭᠡ ᠳᠤ᠂  2018  ᠣᠨ ᠳ᠋ᠤ᠋‌ᠣᠷᠣᠨ ᠤ ᠳᠣᠲᠣᠷᠠᠬᠢ ᠳᠡᠭᠡᠳᠤ ᠵᠡᠷᠭᠡ ᠶᠢᠨ ᠳᠤᠮᠳᠠᠳᠤ ᠰᠤᠷᠭᠠᠭᠤᠯᠢ ᠳᠤ  ᠡᠯᠰᠡᠭᠳᠡᠭᠰᠡᠨ︔  ᠬᠤᠶᠠᠷ ᠲᠤ  ᠲᠣᠰ  ᠬᠥᠮᠦᠨ ᠨᠢ‌ᠮᠠᠨ ᠤ ᠣᠷᠣᠨ ᠤ ᠳᠡᠭᠡᠳᠤ ᠵᠡᠷᠭᠡ ᠶᠢᠨ ᠳᠤᠮᠳᠠᠳᠤ ᠰᠤᠷᠭᠠᠭᠤᠯᠢ ᠶᠢᠨ ᠱᠠᠲᠤ ᠦᠶ᠎ᠡ ᠶᠢᠨ  ᠰᠤᠷᠭᠠᠭᠤᠯᠢ  ︵ᠳᠤᠮᠳᠠ  ᠵᠡᠷᠭᠡ ᠵᠢᠨ‌ᠠᠵᠢᠯ ᠮᠡᠷᠭᠡᠵᠢᠯ ᠤᠨ ᠰᠤᠷᠭᠠᠭᠤᠯᠢ ᠪᠠᠭᠲᠠᠨ᠎ᠠ︶ ᠶᠢᠨ ᠬᠠᠷᠢᠶ᠎ᠠ ᠲᠠᠢ ᠮᠥᠷᠲᠡᠭᠡᠨ ᠦᠷᠭᠦᠯᠵᠢᠯᠡᠨ ᠪᠦᠬᠦᠯᠢ 3 ᠵᠢᠯ ᠰᠤᠷᠤᠯᠴᠠᠭᠰᠠᠨ‌‍ᠪᠠᠶᠢᠬᠤ︔ ᠭᠤᠷᠪᠠ ᠳᠤ ᠭᠡᠷ ᠤᠨ ᠠᠬᠠᠮᠠᠳ ᠨᠢ ᠮᠠᠨ ᠤ ᠣᠷᠣᠨ ᠳᠤ ᠬᠠᠤᠯᠢ ᠶᠣᠰᠣᠨ ᠤ  ᠲᠣᠭᠲᠠᠪᠤᠷᠢᠲᠠᠶ  ᠣᠷᠣᠨ  ᠰᠠᠭᠤᠴᠠ︵ᠲᠦᠷᠢᠶᠡᠰᠦᠯᠡᠯ ᠪᠠᠭᠲᠠᠨ᠎ᠠ︶ ᠲᠠᠢ  ᠮᠥᠷᠲᠡᠭᠡᠨ  ᠦᠷᠭᠦᠯᠵᠢᠯᠡᠨ  ᠰᠠᠭᠤᠵᠤ᠂  ᠬᠠᠤᠯᠢ  ᠶᠣᠰᠣᠨ ᠤ  ᠡᠷᠬᠢᠯᠡᠭᠰᠡᠨ  ᠠᠵᠢᠯ ᠲᠠᠢ‌ᠮᠥ᠋ᠷᠲᠡᠭᠡᠨ ᠪᠦᠬᠦᠯᠢ 3 ᠵᠢᠯ ᠭᠠᠶᠢᠯᠢ ᠲᠤᠰᠢᠶᠠᠭᠰᠠᠨ ︵ᠪᠤᠶᠤ ᠤᠯᠤᠰ ᠤᠨ ᠲᠣᠭᠲᠠᠭᠠᠯ ᠶᠣᠰᠣᠭᠠᠷ ᠨᠡᠶᠢᠭᠡᠮ ᠤᠨ  ᠳᠠᠭᠠᠳᠬᠠᠯ ᠳ᠋ᠤ᠋‌ᠤᠷᠤᠯᠴᠠᠭᠰᠠᠨ︶  ᠪᠠᠶᠢᠬᠤ ᠬᠡᠷᠡᠭᠲᠡᠢ᠃            2. ᠡᠷᠦᠬᠡ  ᠠᠮᠠ ᠶᠢᠨ  ᠳᠠᠩᠰᠠ ᠨᠢ  ᠣᠷᠣᠨ ᠤ  ᠭᠠᠳᠠᠨ᠎ᠠ ᠠᠴᠠ  ᠮᠠᠨ ᠤ  ᠣᠷᠣᠨ ᠳᠤ  ᠨᠡᠭᠦᠵᠦ   ᠢᠷᠡᠭᠰᠡᠨ‌‍ᠰᠢᠯᠭᠠᠭᠤᠯᠤᠭᠴᠢ᠂ 2021 ᠣᠨ ᠤ 9  ᠳ᠋ᠤᠭᠡᠷ  ᠰᠠᠷ᠎ᠠ ᠶᠢᠨ  1 ᠤ  ᠡᠳᠦᠷ  ᠪᠣᠯᠲᠠᠯ᠎ᠠ᠂  ᠡᠷᠬᠡᠪᠰᠢ  ᠳᠣᠤᠷᠠᠬᠢ  ᠭᠤᠷᠪᠠᠨ‌ᠨᠥ᠋ᠬᠦᠴᠡᠯ ᠳᠤ ᠨᠡᠶᠢᠴᠡᠭᠰᠡᠨ ᠪᠠᠶᠢᠬᠤ ᠬᠡᠷᠡᠭᠲᠡᠶ᠄  ᠨᠢᠭᠡ ᠳᠤ᠂  ᠲᠣᠰ  ᠬᠥᠮᠦᠨ ᠨᠢ  ᠮᠠᠨ ᠤ  ᠣᠷᠣᠨ ᠤ  ᠳᠡᠭᠡᠳᠤ  ᠵᠡᠷᠭᠡ ᠵᠢᠨ‌‍ᠲ᠋ᠤᠮᠳᠠᠳᠤ ᠰᠤᠷᠭᠠᠭᠤᠯᠢ ᠶᠢᠨ ᠱᠠᠲᠤᠨ ᠤ ᠰᠤᠷᠭᠠᠭᠤᠯᠢ ︵ᠳᠤᠮᠳᠠ ᠵᠡᠷᠭᠡ ᠶᠢᠨ ᠠᠵᠢᠯ  ᠮᠡᠷᠭᠡᠵᠢᠯ ᠤᠨ  ᠰᠤᠷᠭᠠᠭᠤᠯᠢ  ᠪᠠᠭᠲᠠᠨ᠎ᠠ︶ ᠶᠢᠨ ᠬᠠᠷᠢᠶ᠎ᠠ ᠲᠠᠢ ᠪᠥᠭᠡᠳ ᠦᠷᠭᠦᠯᠵᠢᠯᠡᠨ ᠪᠦᠬᠦᠯᠢ 3  ᠵᠢᠯ  ᠰᠤᠷᠤᠯᠴᠠᠭᠰᠠᠨ‌‍ᠪᠠᠶᠢᠬᠤ︔  ᠬᠤᠶᠠᠷ ᠲᠤ᠂  ᠲᠣᠰ  ᠬᠥᠮᠦᠨ ᠨᠢ‌ᠮᠠᠨ ᠤ ᠣᠷᠣᠨ ᠤ ᠡᠷᠦᠬᠡ ᠠᠮᠠ ᠶᠢᠨ ᠲᠠᠩᠰᠠ ᠶᠢ ᠣᠯᠤᠭᠠᠳ ᠪᠦᠬᠦᠯᠢ 3 ᠵᠢᠯ ᠪᠤᠯᠤᠭᠰᠠᠨ ᠪᠠᠶᠢᠬᠤ︔  ᠭᠤᠷᠪᠠ ᠳᠤ᠂  ᠭᠡᠷ ᠤᠨ  ᠠᠬᠠᠮᠠᠳ   ᠨᠢ  ᠮᠠᠨ ᠤ  ᠣᠷᠣᠨ ᠳᠤ  ᠬᠠᠤᠯᠢ  ᠶᠣᠰᠣᠨ ᠤ  ᠲᠣᠭᠲᠠᠪᠤᠷᠢᠲᠠᠶ   ᠣᠷᠣᠨ‌‍ᠰᠠᠭᠤᠴᠠ ᠲᠠᠢ ᠪᠥᠭᠡᠳ ᠦᠷᠭᠦᠯᠵᠢᠯᠡᠨ ᠰᠠᠭᠤᠷᠢᠰᠢᠵᠤ᠂ ᠬᠠᠤᠯᠢ ᠶᠣᠰᠣᠨ ᠤ ᠠᠵᠢᠯ ᠮᠡᠷᠭᠡᠵᠢᠯ ᠲᠠᠢ ᠪᠥᠭᠡᠳ ᠪᠦᠬᠦᠯᠢ  3  ᠵᠢᠯ‌ᠭᠠᠶᠢᠯᠢ ᠲᠤᠰᠢᠶᠠᠭᠰᠠᠨ ︵ᠡᠰᠡᠭᠦᠯ᠎ᠡ ᠤᠯᠤᠰ ᠤᠨ ᠲᠣᠭᠲᠠᠭᠠᠯ ᠶᠣᠰᠣᠭᠠᠷ ᠨᠡᠶᠢᠭᠡᠮ ᠤᠨ ᠳᠠᠭᠠᠳᠬᠠᠯ ᠳᠤ ᠤᠷᠤᠯᠴᠠᠭᠰᠠᠨ︶  ᠪᠠᠶᠢᠬᠤ‌‍ᠬᠡᠷᠡᠭᠲᠡᠢ  ᠃            ᠵᠢᠩᠬᠢᠨᠢ ᠠᠩᠭᠢ ᠶᠢᠨ ᠰᠤᠷᠤᠭᠴᠢ ᠡᠯᠰᠡᠬᠦ ᠨᠥᠬᠦᠴᠡᠯ ᠳᠤ ᠨᠡᠶᠢᠴᠡᠬᠦ ᠦᠭᠡᠢ ᠰᠢᠯᠭᠠᠭᠤᠯᠤᠭᠰᠠᠳ᠂  ᠲᠤᠰᠬᠠᠶ‌ᠮᠡᠷᠭᠡᠵᠢᠯ ᠤᠨ ᠠᠩᠭᠢ ᠳᠤ ᠨᠡᠷ᠎ᠡ ᠮᠡᠳᠡᠭᠦᠯᠵᠦ ᠪᠣᠯᠤᠨ᠎ᠠ᠃  ᠰᠦᠯᠵᠢᠶᠡᠨ  ᠳᠡᠭᠡᠷ᠎ᠡ  ᠤᠷᠢᠳᠴᠢᠯᠠᠨ  ᠨᠡᠷ᠎ᠡ  ᠮᠡᠳᠡᠭᠦᠯᠬᠦ   ᠳᠡᠭᠡᠨ᠂︽ᠵᠥᠪᠬᠡᠨ ᠲᠤᠰᠬᠠᠶ ᠮᠡᠷᠭᠡᠵᠢᠯ ᠳᠤ ᠨᠡᠷ᠎ᠡ ᠮᠡᠳᠡᠭᠦᠯᠵᠦ ᠪᠣᠯᠤᠨ᠎ᠠ︾ ᠭᠡᠰᠡᠨ ᠠᠮᠠᠯᠠᠯ  ᠳᠤ ᠡᠷᠬᠡᠪᠰᠢ ︽ᠵᠠ︾ ᠶᠢ ᠰᠣᠩᠭᠤᠬᠤ ᠵᠢᠨ‌ᠬᠠᠮᠲᠤ᠂ ᠲᠤᠬᠠᠶ ᠶᠢᠨ ᠲᠠᠯᠠᠪᠠᠢ ᠳᠤ ᠨᠤᠲᠠᠯᠠᠬᠤ ᠦᠶᠡᠰ᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ  ᠳᠡᠭᠡᠳᠦ‌‍ᠰᠤᠷᠭᠠᠭᠤᠯᠢ ᠳᠤ ᠰᠣᠷᠣᠭᠴᠢ ᠡᠯᠰᠡᠬᠦ ᠰᠢᠯᠭᠠᠯᠲᠠ ᠶᠢᠨ ᠳᠡᠭᠡᠳᠦ ᠵᠡᠷᠭᠡ ᠶᠢᠨ ᠠᠵᠢᠯ ᠮᠡᠷᠭᠡᠵᠢᠯ ︵ᠲᠤᠰᠬᠠᠶ  ᠮᠡᠷᠭᠡᠵᠢᠯ︶ ᠳᠤ  ᠨᠡᠷ᠎ᠡ‌ᠮᠡᠳᠡᠭᠦᠯᠬᠦ ᠠᠮᠠᠯᠠᠯᠲᠠ ᠶᠢᠨ ᠪᠢᠴᠢᠭ︾ ᠲᠤ ᠭᠠᠷ ᠤᠨ ᠥᠰᠥᠭ ᠵᠢᠷᠤᠨ᠎ᠠ᠃                ᠳᠡᠭᠡᠳᠤ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠳᠤ ᠠᠵᠢᠯ ᠲᠥᠷᠥᠯ ᠢᠶᠠᠷ ᠨᠡᠷ᠎ᠡ ᠮᠡᠳᠡᠭᠦᠯᠵᠦ ᠳᠤᠮᠳᠠ  ᠵᠡᠷᠭᠡ‌‍ᠶᠢᠨ ᠠᠵᠢᠯ  ᠮᠡᠷᠭᠡᠵᠢᠯ ᠤᠨ  ᠰᠤᠷᠭᠠᠭᠤᠯᠢ  ︵ᠠᠵᠢᠯ  ᠮᠡᠷᠭᠡᠵᠢᠯ ᠤᠨ  ᠳᠡᠭᠡᠳᠤ  ᠳᠤᠮᠳᠠᠳᠤ᠂  ᠳᠤᠮᠳᠠ  ᠵᠡᠷᠭᠡ ᠶᠢᠨ  ᠲᠤᠰᠬᠠᠶ‌ᠮᠡᠷᠭᠡᠵᠢᠯ ᠤᠨ  ᠰᠤᠷᠭᠠᠭᠤᠯᠢ᠂  ᠮᠡᠷᠭᠡᠵᠢᠯ ᠤᠨ  ᠠᠵᠢᠯᠴᠢᠨ ᠤ  ᠰᠤᠷᠭᠠᠭᠤᠯᠢ  ᠪᠠᠭᠲᠠᠨ᠎ᠠ᠃  ᠳᠣᠷᠣᠭᠰᠢ  ᠠᠳᠠᠯᠢ︶   ᠲᠡᠭᠦᠰᠬᠦ‌‍ᠰᠤᠷᠤᠭᠴᠢᠳ  ︵ᠳᠣᠷᠣᠭᠰᠢ  ᠳᠡᠭᠡᠳᠦ  ᠵᠡᠷᠭᠡ ᠶᠢᠨ  ᠠᠵᠢᠯ  ᠮᠡᠷᠭᠡᠵᠢᠯ ᠤᠨ  ᠰᠢᠰᠲ᠋ᠧᠮ   ᠢᠶᠠᠷ  ᠰᠣᠷᠣᠭᠴᠢ  ᠡᠯᠰᠡᠬᠦ   ᠭᠡᠵᠦ‌‍ᠲ᠋ᠣᠪᠴᠢᠯᠠᠨ᠎ᠠ︶ ᠤᠨ ᠰᠢᠯᠭᠠᠭᠤᠯᠤᠭᠴᠢ ᠡᠷᠬᠡᠪᠰᠢ ᠮᠡᠷᠭᠡᠵᠢᠯ ᠤᠨ  ᠴᠢᠳᠠᠪᠤᠷᠢ ᠶᠢᠨ  ᠬᠢᠨᠠᠨ  ᠰᠢᠯᠭᠠᠯᠲᠠ ᠳᠤ  ᠬᠢᠷᠢ  ᠲᠡᠩᠴᠡᠭᠰᠡᠨ‌‍ᠪᠠᠶᠢᠬᠤ ᠬᠡᠷᠡᠭᠲᠡᠶ᠃
ᠢᠷᠡᠯᠲᠡ᠄ ᠠᠷᠠᠳ ᠤᠨ ᠰᠦᠯᠵᠢᠶ᠎ᠡ