ᠵᠢᠷᠤᠭᠲᠤ ᠨᠡᠶᠢᠲᠡᠯᠡᠯ᠄ ᠵᠦᠢ ᠶᠤᠰᠤᠨ ᠤ ᠬᠠᠮᠠᠭᠠᠯᠠᠯᠳᠠ ᠶᠢᠨ ᠮᠠᠭᠠᠳᠯᠠᠨ ᠳᠤᠭᠳᠠᠭᠠᠬᠤ ᠰᠢᠨ᠎ᠡ ᠳᠦᠷᠢᠮ ᠢᠷᠡᠯ᠎ᠡ
ᠨᠡᠶᠢᠲᠡᠯᠡᠭᠰᠡᠨ ᠴᠠᠭ᠄
2020/10/22
       ᠠᠷᠠᠳ ᠤᠨ ᠳᠡᠭᠡᠳᠦ ᠰᠢᠭᠦᠭᠦ ᠬᠤᠷᠢᠶ᠎ᠠ᠂ ᠠᠷᠠᠳ ᠤᠨ ᠳᠡᠭᠡᠳᠦ ᠪᠠᠶᠢᠴᠠᠭᠠᠬᠤ ᠬᠤᠷᠢᠶ᠎ᠠ᠂ ᠳᠤᠳᠤᠭᠠᠳᠤ ᠶᠢ ᠬᠠᠮᠠᠭᠠᠯᠠᠬᠤ ᠶᠠᠮᠤᠨ ᠤᠶᠢᠷ᠎ᠠ ᠳᠤ ᠬᠠᠮᠳᠤᠷᠠᠨ ︽ᠵᠦᠢ ᠶᠤᠰᠤᠨ ᠤ ᠬᠠᠮᠠᠭᠠᠯᠠᠯᠳᠠ ᠶᠢᠨ ᠳᠦᠷᠢᠮ ᠢ ᠬᠠᠤᠯᠢ ᠶᠤᠰᠤᠭᠠᠷ ᠬᠡᠷᠡᠭᠯᠡᠬᠦ ᠲᠤᠬᠠᠢ ᠵᠢᠯᠤᠭᠤᠳᠬᠤ ᠰᠠᠨᠡᠯ︾ ᠢ ᠨᠡᠶᠢᠳᠡᠯᠡᠪᠡ᠃ ᠰᠠᠨᠠᠯ ᠳᠤ ᠲᠣᠳᠣᠷᠬᠠᠶ ᠲᠣᠭᠲᠠᠭᠠᠭᠰᠠᠨ ᠨᠢ᠂ ᠵᠦᠢ ᠶᠤᠰᠤᠨ ᠤ ᠬᠠᠮᠠᠭᠠᠯᠠᠯᠳᠠ ᠶᠢᠨ ᠬᠠᠤᠯᠢ ᠴᠠᠭᠠᠵᠠ ᠶᠢᠨ ᠳᠤᠭᠳᠠᠭᠠᠯ ᠪᠤᠯᠤᠨ ᠬᠠᠤᠯᠢ ᠳᠤᠭᠳᠠᠭᠠᠬᠤ ᠵᠤᠷᠢᠭ ᠰᠠᠨᠠᠭ᠎ᠠ ᠶᠢ ᠤᠨᠤᠪᠴᠢᠲᠠᠢ ᠤᠶᠢᠯᠭᠠᠬᠤ ᠪᠠ ᠡᠵᠡᠮᠰᠢᠬᠦ ᠬᠡᠷᠡᠭᠲᠡᠢ᠂ ᠵᠦᠢ ᠶᠤᠰᠤᠨ ᠤ ᠬᠠᠮᠠᠭᠠᠯᠠᠯᠲᠠ ᠪᠦᠷᠢᠯᠳᠦᠬᠦ ᠨᠦᠭᠦᠴᠡᠯ ᠨᠡᠶᠢᠴᠡᠭᠰᠡᠨ ᠳᠤ᠂ ᠬᠠᠤᠯᠢ ᠶᠣᠰᠣᠭᠠᠷ ᠡᠷᠡᠰ ᠮᠠᠭᠠᠳᠯᠠᠨ ᠲᠣᠭᠳᠠᠭᠠᠵᠤ᠂ ︽ᠬᠡᠨ ᠠᠭᠠᠰᠢᠯᠠᠪᠠᠯ ᠬᠡᠨ ᠶᠤᠰᠤ ᠲᠠᠢ︾ ︽ᠬᠡᠨ ᠦᠬᠦᠵᠦ ᠰᠢᠷᠬᠠᠳᠤᠪᠡᠯ ᠬᠡᠨ ᠶᠤᠰᠤ ᠲᠠᠢ︾ ᠪᠤᠷᠤᠭᠤ ᠬᠢᠳᠡᠯ ᠢ ᠦᠨᠡᠨ ᠬᠦ ᠰᠡᠷᠭᠡᠶᠢᠯᠡᠵᠦ᠂ ︽ᠬᠠᠤᠯᠢ ᠶᠢ  ᠬᠠᠤᠯᠢ ᠪᠤᠰᠤ ᠪᠠᠷ ᠨᠠᠶᠢᠷ ᠲᠠᠯᠪᠢᠵᠦ ᠪᠤᠯᠬᠤ ᠦᠭᠡᠢ︾ ᠭᠡᠬᠦ ᠬᠠᠤᠯᠢ ᠪᠠᠷ ᠵᠠᠰᠠᠬᠤ ᠵᠤᠷᠢᠭ ᠰᠠᠨᠠᠭ᠎ᠠ ᠶᠢ ᠡᠷᠡᠰ ᠬᠠᠮᠠᠭᠠᠯᠠᠨ᠎ᠠ᠃
ᠢᠷᠡᠯᠲᠡ᠄ ᠲᠤᠳᠤᠭᠠᠳᠤ ᠶᠢ ᠬᠠᠮᠠᠭᠠᠯᠠᠬᠤ ᠶᠠᠮᠤᠨ