2019 ᠤᠨ ᠤ ᠤᠷᠳᠤᠰ ᠬᠤᠳᠠ ᠶᠢᠨ ᠬᠤᠶᠠᠷ ᠬᠤᠷᠠᠯ — ᠤᠶᠤᠨᠳᠠᠯᠠᠢ ᠬᠡᠰᠢᠬᠦᠨ᠄ ᠬᠦᠳᠡᠭᠡ ᠲᠤᠰᠬᠤᠨ ᠤ ᠪᠤᠬᠢᠷᠳᠤᠯ ᠢ ᠰᠡᠷᠭᠡᠶᠢᠯᠡᠬᠦ ᠡᠭᠦᠷᠭᠡ ᠶᠢ ᠠᠶᠢᠯ ᠡᠷᠦᠭᠡ ᠳᠤ ᠲᠠᠭᠠᠭᠠᠴᠢᠯᠠᠭᠤᠯᠪᠠᠯ ᠵᠤᠬᠢᠨ᠎ᠠ
ᠨᠡᠶᠢᠲᠡᠯᠡᠭᠰᠡᠨ ᠴᠠᠭ᠄
2019/11/6
        ︽ᠬᠤᠶᠠᠷ ᠬᠤᠷᠠᠯ︾ ᠠᠴᠠ ᠠᠷᠠᠳ ᠢᠷᠭᠡᠳ ᠤᠨ ᠤᠷᠤᠰᠢᠨ ᠠᠮᠢᠳᠤᠷᠠᠬᠤ ᠤᠷᠴᠢᠨ ᠲᠤᠭᠤᠷᠢᠨ ᠢ ᠴᠡᠭᠴᠡᠯᠡᠬᠦ ᠶᠢ ᠬᠦᠨᠵᠡᠭᠡᠢ ᠠᠬᠢᠭᠤᠯᠤᠨ᠎ᠠ᠃ ᠮᠠᠯᠴᠢᠨ ᠲᠠᠷᠢᠶᠠᠴᠢᠳ ᠢᠶᠠᠷ ᠭᠤᠤᠯ ᠴᠤᠭᠴᠠ ᠪᠤᠯᠭᠠᠬᠤ᠂ ᠬᠤᠰᠢᠭᠤ ᠲᠤᠭᠤᠷᠢᠭ ᠤᠨ ᠵᠠᠰᠠᠭ ᠤᠨ ᠤᠷᠳᠤᠨ ᠭᠤᠤᠯᠯᠠᠨ ᠤᠳᠤᠷᠢᠳᠬᠤ᠂ ᠰᠤᠮᠤ ᠰᠢᠶᠠᠩ ᠪᠠᠯᠭᠠᠰᠤ ᠶᠡᠷᠦᠩᠭᠡᠶᠢᠯᠡᠨ ᠬᠠᠤᠯᠢ ᠬᠡᠷᠡᠭᠵᠢᠬᠦᠯᠬᠦ᠂ ᠭᠠᠴᠠᠭ᠎ᠠ ᠲᠤᠰᠬᠤᠨ ᠥᠪᠡᠷ ᠲᠡᠭᠡᠨ ᠬᠠᠮᠢᠶᠠᠷᠤᠯᠳᠠ ᠦᠢᠯᠡᠴᠢᠯᠡᠭᠡ ᠬᠢᠬᠦ ᠵᠡᠷᠴᠢᠮ ᠢ ᠪᠠᠷᠢᠮᠳᠠᠯᠠᠨ᠂ ᠠᠷᠠᠳ ᠢᠷᠭᠡᠳ ᠤᠨ ᠤᠷᠤᠰᠢᠨ ᠠᠮᠢᠳᠤᠷᠠᠬᠤ ᠤᠷᠴᠢᠨ ᠲᠤᠭᠤᠷᠢᠨ ᠤ ᠵᠠᠰᠠᠨ ᠴᠡᠭᠴᠡᠯᠡᠯᠳᠡ ᠶᠢᠨ ᠪᠦᠳᠦᠮᠵᠢᠳᠡᠢ ᠲᠤᠭᠳᠠᠴᠠ ᠶᠢ ᠪᠠᠶᠢᠭᠤᠯᠤᠨ᠎ᠠ ᠬᠡᠵᠤ ᠲᠤᠷᠠᠳᠤᠭᠰᠠᠨ ᠪᠠᠶᠢᠨ᠎ᠠ᠃         ᠬᠦᠳᠡᠭᠡ ᠲᠤᠰᠬᠤᠨ ᠤ ᠪᠤᠬᠢᠷᠳᠤᠯ ᠢ ᠰᠡᠷᠭᠡᠶᠢᠯᠡᠨ ᠵᠠᠰᠠᠬᠤ ᠲᠤᠬᠠᠢ ᠤᠯᠤᠰ ᠲᠦᠷᠦ ᠶᠢᠨ ᠵᠦᠪᠯᠡᠯᠭᠡᠨ ᠤ ᠬᠡᠰᠢᠬᠦᠨ ᠤᠶᠤᠨᠳᠠᠯᠠᠢ ᠦᠪᠡᠷ ᠤᠨ ᠢᠶᠠᠨ ᠦᠵᠡᠯᠳᠡ ᠲᠠᠢ ᠪᠠᠶᠢᠯ᠎ᠠ᠃ ᠤᠶᠤᠨᠳᠠᠯᠠᠢ᠄ ︽ᠬᠦᠳᠡᠭᠡ ᠲᠤᠰᠬᠤᠨ ᠤ ᠪᠤᠬᠢᠷᠳᠤᠯ ᠢ ᠰᠡᠷᠭᠡᠶᠢᠯᠡᠬᠦ ᠠᠵᠢᠯ ᠢ ᠠᠶᠢᠯ ᠠᠶᠢᠯ ᠳᠤᠨᠢ ᠲᠠᠭᠠᠭᠠᠴᠢᠯᠠᠭᠤᠯᠪᠠᠯ ᠵᠤᠬᠢᠨ᠎ᠠ᠃ ᠠᠶᠢᠯ ᠪᠦᠷᠢ ᠲᠠᠭᠠᠭᠠᠴᠢᠯᠠᠭᠰᠠᠨ ᠪᠡᠯᠴᠢᠭᠡᠷ ᠤᠨ ᠢᠶᠠᠨ ᠤᠷᠴᠢᠨ ᠲᠤᠭᠤᠷᠢᠨ ᠢ ᠬᠠᠷᠢᠭᠤᠴᠠᠬᠤ ᠶᠤᠰᠤᠳᠠᠢ᠂ ᠤᠴᠢᠷ ᠨᠢ ᠪᠡᠯᠴᠢᠭᠡᠷ ᠪᠤᠯ ᠮᠠᠯᠴᠢᠨ ᠲᠦᠮᠡᠨ ᠤ ᠠᠮᠢᠨ ᠰᠤᠳᠠᠰᠤ᠂ ᠡᠭᠡ ᠪᠠᠶᠢᠭᠠᠯᠢ ᠪᠠ ᠨᠠᠮ ᠵᠠᠰᠠᠭ ᠠᠴᠠ ᠮᠠᠯᠴᠢᠨ ᠲᠠᠷᠢᠶᠠᠴᠢᠳ ᠲᠤ ᠤᠯᠭᠤᠭᠰᠠᠨ ᠦᠪ ᠬᠦᠷᠦᠩᠭᠡ᠃ ᠲᠡᠶᠢᠮᠦ ᠠᠴᠠ ᠠᠶᠢᠯ ᠪᠤᠯᠭᠠᠨ ᠪᠡᠯᠴᠢᠭᠡᠷ ᠲᠡᠭᠡᠨ ᠬᠤᠭ ᠯᠠᠭ ᠦᠭᠡᠢ ᠪᠠᠶᠢᠬᠤ ᠶᠢ ᠪᠠᠳᠤᠯᠠᠬᠤ ᠬᠡᠷᠡᠭᠳᠡᠢ᠃ ᠵᠦᠪᠭᠡᠨ ᠭᠠᠴᠠᠭᠠᠨ ᠠᠴᠠ ᠬᠡᠳᠦᠨ ᠬᠦᠮᠦᠨ ᠭᠠᠷᠭᠠᠵᠤ ᠮᠠᠨᠠᠭᠤᠯᠤᠭᠠᠳ ᠪᠤᠯᠬᠤ ᠪᠢᠰᠢ᠃ ᠬᠦᠳᠡᠭᠡ ᠲᠤᠰᠬᠤᠨ ᠤ ᠪᠤᠬᠢᠷᠳᠤᠯ ᠢ ᠰᠡᠷᠭᠡᠶᠢᠯᠡᠬᠦ ᠳᠤ ᠪᠠᠰᠠ ᠬᠦᠮᠦᠵᠢᠯ ᠢ ᠵᠠᠪᠠᠯ ᠰᠠᠶᠢᠳᠤᠷ ᠬᠢᠬᠦ ᠬᠡᠷᠡᠭᠳᠡᠢ᠂ ᠬᠡᠬᠦ ᠳᠡᠭᠡᠨ ᠪᠤᠳᠠᠳᠠᠢ ᠬᠦᠮᠦᠵᠢᠯ ᠬᠢᠨ᠎ᠡ᠂ ᠮᠤᠩᠭᠤᠯᠴᠤᠳ ᠶᠡᠷᠦ ᠠᠴᠠ ᠪᠠᠨ ᠠᠷᠢᠭᠤᠨ ᠴᠡᠪᠡᠷ ᠪᠠᠶᠢᠳᠠᠭ ᠶᠤᠮ᠂ ᠤᠪᠤᠭ᠎ᠠ ᠤᠷᠤᠳ ᠢᠶᠠᠨ ᠬᠠᠮᠠᠭᠠᠯᠠᠵᠤ᠂ ᠨᠤᠳᠤᠭ ᠤᠰᠤ ᠪᠠᠨ ᠬᠠᠮᠠᠭᠠᠯᠠᠭᠠᠳ ᠯᠡ ᠢᠷᠡᠭᠰᠡᠨ᠃ ᠤᠳᠤ ᠪᠤᠯᠬᠤ ᠳᠤ ᠲᠤᠷ᠎ᠠ ᠪᠠᠷ ᠬᠤᠭ ᠯᠠᠭ ᠬᠠᠶᠠᠳᠠᠭ ᠪᠤᠯᠤᠭᠰᠠᠨ᠂ ᠵᠠᠮ ᠤᠨ ᠬᠦᠮᠦᠨ ᠲᠤᠷ᠎ᠠ ᠪᠠᠷ ᠬᠤᠭ ᠬᠠᠶᠠᠬᠤ ᠶᠢ ᠰᠡᠷᠭᠡᠶᠢᠯᠡᠬᠦ ᠳᠤ ᠬᠢᠨᠠᠨ ᠡᠵᠡᠮᠰᠢᠬᠦ ᠮᠠᠰᠢᠨ ᠤᠭᠰᠠᠷᠴᠤ ᠪᠤᠯᠤᠨ᠎ᠠ ᠰᠢᠳᠡ᠂ ᠡᠭᠦᠨ ᠢ ᠵᠠᠯᠬᠠᠭᠠᠵᠤ ᠲᠤᠷᠭᠠᠵᠤ ᠪᠤᠯᠤᠨ᠎ᠠ︾ ᠬᠡᠵᠡᠢ᠃
ᠢᠷᠡᠯᠲᠡ᠄ ᠣᠷᠳᠣᠰ ᠬᠤᠳᠠ ᠶᠢᠨ ᠠᠷᠠᠳ ‍ᠤᠨ‌ᠵᠠᠰᠠᠭ ᠤᠨ ᠣᠷᠳᠣᠨ ᠤ ᠮᠤᠩᠭᠤᠯ ᠰᠦᠯᠵᠢᠶ᠎ᠡ