2019 ᠤᠨ ᠤ ᠤᠷᠳᠤᠰ ᠬᠤᠳᠠ ᠶᠢᠨ ᠬᠤᠶᠠᠷ ᠬᠤᠷᠠᠯ — ᠨᠠᠶᠠᠨᠳᠠᠢ᠄ ᠮᠠᠯᠴᠢᠨ ᠲᠠᠷᠢᠶᠠᠴᠢᠨ ᠤ ᠡᠷᠡᠭᠦᠯᠵᠢᠯ ᠤᠨ ᠡᠯᠴᠢᠨ
ᠨᠡᠶᠢᠲᠡᠯᠡᠭᠰᠡᠨ ᠴᠠᠭ᠄
2019/11/6
      ᠨᠠᠶᠠᠨᠳᠠᠢ ᠡᠨᠡ ᠵᠢᠯ 50 ᠨᠠᠰᠤᠲᠠᠢ᠂ ᠤᠳᠤᠭ ᠬᠤᠰᠢᠭᠤᠨ ᠤ ᠠᠷᠪᠠᠰ ᠰᠤᠮᠤᠨ ᠤ ᠤᠯᠠᠨᠴᠢᠷᠭ᠎ᠠ ᠭᠠᠴᠠᠭ᠎ᠠ ᠪᠠᠷ ᠨᠤᠳᠤᠭ ᠲᠠᠢ᠂ ᠭᠠᠴᠠᠭᠠᠨ ᠤ ᠪᠠᠨ ᠡᠮᠴᠢ ᠪᠠᠶᠢᠵᠤ᠂ 2018 ᠤᠨ ᠳᠤ ᠬᠤᠳᠠ ᠶᠢᠨ ᠠᠷᠠᠳ ᠤᠨ ᠲᠦᠯᠦᠬᠡᠯᠡᠭᠴᠢᠳ ᠤᠨ ᠶᠡᠭᠡ ᠬᠤᠷᠠᠯ ᠤᠨ ᠲᠦᠯᠦᠬᠡᠯᠡᠭᠴᠢ ᠪᠠᠷ ᠰᠤᠩᠭᠤᠭᠳᠠᠪᠠ᠃ ᠬᠠᠷᠠᠬᠠᠨ ᠪᠠᠭ᠎ᠠ ᠠᠴᠠ ᠪᠠᠨ ᠠᠬᠠᠮᠠᠳ ᠦᠶ᠎ᠠ ᠶᠢᠨ ᠨᠦᠯᠦᠬᠡ ᠶᠢ ᠬᠦᠷᠳᠡᠭᠰᠡᠨ ᠲᠡᠷᠡ ᠲᠤᠮᠤ ᠪᠤᠯᠤᠭᠰᠠᠨ ᠤ ᠲᠠᠷᠠᠭ᠎ᠠ ᠴᠤ ᠮᠤᠩᠭᠤᠯ ᠡᠮᠨᠡᠯᠬᠡ ᠶᠢᠨ ᠡᠮᠴᠢ ᠪᠤᠯᠤᠨ᠎ᠠ ᠬᠡᠵᠦ ᠵᠤᠷᠢᠭ ᠰᠢᠭᠤᠳᠴᠠᠢ᠃ ︽ᠤᠳᠠᠭ᠎ᠠ ᠪᠤᠯᠭᠠᠨ ᠰᠢᠨᠠᠯᠤᠨ ᠵᠤᠪᠠᠵᠤ ᠪᠠᠶᠢᠭ᠎ᠠ ᠡᠪᠡᠳᠴᠢᠳᠡᠨ ᠠᠪᠤ ᠪᠠᠷ ᠡᠮᠴᠢᠯᠡᠭᠦᠯᠵᠤ ᠡᠮᠴᠢᠯᠡᠭᠳᠡᠵᠦ ᠡᠳᠡᠬᠡᠷᠡᠬᠡᠳ ᠪᠠᠶᠠᠷ ᠤᠨ ᠨᠢᠯᠪᠤᠰᠤ ᠤᠨᠠᠭᠠᠵᠤ ᠪᠠᠶᠢᠭ᠎ᠠ ᠶᠢ ᠬᠠᠷᠠᠭᠠᠳ ᠪᠢ ᠮᠤᠩᠭᠤᠯ ᠡᠮᠨᠡᠯᠬᠡ ᠶᠢᠨ ᠷᠢᠳᠢ ᠰᠢᠳᠢ ᠶᠢ ᠭᠠᠶᠢᠬᠠᠳᠠᠭ ᠪᠠᠶᠢᠭᠰᠠᠨ᠂ ᠡᠶᠢᠮᠦ ᠠᠴᠠ ᠪᠢ ᠪᠠᠰᠠ ᠠᠪᠤ ᠲᠠᠢ ᠪᠠᠨ ᠠᠳᠠᠯᠢ ᠡᠮᠴᠢ ᠪᠤᠯᠬᠤ ᠶᠢ ᠬᠦᠰᠡᠳᠡᠭ ᠪᠠᠶᠢᠬᠰᠠᠨ︾ ᠬᠡᠵᠦ ᠨᠠᠶᠠᠨᠳᠠᠢ ᠰᠤᠷᠪᠤᠯᠵᠢᠯᠠᠭᠴᠢ ᠳᠤ ᠶᠠᠷᠢᠨ᠎ᠠ᠃ ᠲᠡᠬᠡᠬᠡᠳ ᠪᠠᠭ᠎ᠠ ᠰᠤᠷᠭᠠᠭᠤᠯᠢ ᠲᠡᠬᠦᠰᠦᠭᠰᠡᠨ ᠤ ᠲᠠᠷᠠᠭ᠎ᠠ ᠠᠪᠤ ᠨᠢ ᠲᠡᠬᠦᠨ ᠳᠤ ᠲᠠᠷᠤᠢ ᠤᠨᠤᠯ ᠤᠨ ᠮᠡᠳᠡᠯᠬᠡ᠂ ᠡᠯ᠎ᠠ ᠲᠦᠷᠦᠯ ᠤᠨ ᠡᠮ ᠤᠨ ᠮᠠᠲ᠋ᠧᠷᠢᠶᠠᠯ᠂ ᠡᠮ ᠨᠠᠶᠢᠷᠠᠭᠤᠯᠬᠤ ᠠᠷᠭ᠎ᠠ ᠵᠡᠷᠬᠡ ᠶᠢ ᠵᠢᠭᠠᠵᠤ ᠦᠭᠴᠡᠢ᠃ ᠡᠳᠦᠬᠡ ᠲᠡᠷᠡ ᠨᠢᠬᠡᠨᠳᠡ ᠬᠡᠷ ᠪᠦᠯᠢ ᠶᠢᠨ ᠮᠤᠩᠭᠤᠯ ᠡᠮᠨᠡᠯᠬᠡ ᠶᠢᠨ ᠨᠠᠢᠮᠠᠳᠤᠭᠠᠷ ᠦᠶ᠎ᠡ ᠶᠢᠨ ᠤᠯᠠᠮᠵᠢᠯᠠᠭᠴᠢ ᠪᠤᠯᠵᠠᠢ᠃       ᠲᠥᠮᠡᠨ ᠭᠠᠵᠠᠷ ᠤᠨ ᠠᠶᠠᠯᠠᠯ ᠬᠦᠯ ᠲᠤᠤᠷ᠎ᠠ ᠠᠴᠠ ᠡᠬᠢᠯᠡᠮᠦᠢ᠃ ᠠᠷᠪᠠᠨ ᠵᠢᠷᠭᠤᠭᠠᠨ ᠨᠠᠰᠤᠨ ᠠᠴᠠ ᠪᠠᠨ ᠪᠡᠶ᠎ᠡ ᠪᠠᠨ ᠲᠠᠭᠠᠭᠠᠨ ᠡᠮᠴᠢᠯᠡᠭᠡ ᠬᠢᠭᠰᠡᠨ ᠠᠴᠠ ᠤᠳᠤ ᠪᠤᠯᠳᠠᠯ᠎ᠠ 30 ᠭᠠᠷᠤᠢ ᠵᠢᠯ ᠤᠨ ᠨᠢᠭᠤᠷ ᠢ ᠦᠵᠡᠵᠡᠢ᠂ ᠨᠠᠶᠠᠨᠳᠠᠢ ᠮᠠᠯᠵᠢᠬᠤ ᠲᠠᠷᠢᠶᠠᠯᠠᠬᠤ ᠤᠷᠤᠨ ᠳᠤ ᠪᠦᠬᠦ ᠰᠡᠳᠬᠢᠯ ᠪᠦᠬᠦ ᠵᠤᠷᠢᠭ ᠢᠶᠠᠷ ᠢᠶᠠᠨ ᠮᠠᠯᠴᠢᠨ ᠲᠠᠷᠢᠶᠠᠴᠢᠨ ᠤ ᠡᠪᠡᠳᠴᠢᠨ ᠡᠮᠬᠡᠭ ᠢ ᠠᠨᠠᠭᠠᠭᠰᠠᠭᠠᠷ ᠢᠷᠡᠵᠡᠢ᠃ ᠪᠦᠬᠦ ᠬᠦᠴᠦᠨ ᠢᠶᠠᠷ ᠤᠯᠠᠮᠵᠢᠯᠠᠯᠲᠤ ᠮᠤᠩᠭᠤᠯ ᠡᠮ ᠡᠮᠨᠡᠯᠬᠡ ᠶᠢ ᠰᠤᠳᠤᠯᠤᠭᠰᠠᠨ ᠤ ᠰᠠᠭᠤᠷᠢᠨ ᠲᠡᠬᠡᠷ᠎ᠡ᠂ ᠲᠡᠷᠡ ᠵᠤᠷᠢᠭ ᠲᠠᠢ ᠪᠠᠷ ᠰᠢᠨ᠎ᠡ ᠶᠢ ᠡᠬᠦᠳᠴᠦ᠂ ᠬᠤᠳᠤᠭᠤᠳᠤᠨ ᠡᠪᠡᠳᠴᠢᠨ ᠂ ᠡᠯᠢᠬᠡᠨ ᠡᠪᠡᠳᠴᠢᠨ ᠤ ᠡᠮᠴᠢᠯᠡᠬᠡᠨ ᠲᠡᠬᠡᠷ᠎ᠡ ᠡ᠊ᠡᠭ ᠤᠨ ᠪᠤᠰᠤ ᠪᠦᠲᠦᠮᠵᠢ ᠭᠠᠷᠭᠠᠵᠤ᠂ ᠪᠠᠰᠠ ︽ᠬᠦᠷᠬᠦᠮ ᠤᠨ ᠠᠷᠪᠠᠨ ᠨᠠᠢᠮᠠᠨ ᠠᠮᠳᠠᠳᠤ ᠲᠠᠯᠬ᠎ᠠ︾ ᠵᠡᠷᠬᠡ ᠮᠤᠩᠭᠤᠯ ᠡᠮ ᠢ ᠰᠤᠳᠤᠯᠤᠨ ᠭᠠᠷᠭᠠᠵᠤ᠂ ᠤᠳᠤᠬᠠᠨ ᠳᠤ ᠨᠢᠬᠡᠨᠳᠡ ᠡᠮᠴᠢᠯᠡᠬᠡᠨ ᠲᠡᠬᠡᠷ᠎ᠡ ᠬᠡᠷᠡᠭᠯᠡᠭᠳᠡᠵᠦ᠂ ᠵᠢᠯ ᠪᠤᠯᠭᠠᠨ ᠪᠦᠬᠦ ᠤᠯᠤᠰ ᠤᠨ ᠡᠯ᠎ᠠ ᠭᠠᠵᠠᠷ ᠠᠴᠠ ᠠᠯᠳᠠᠷ ᠢ ᠨᠢ ᠰᠢᠳᠦᠵᠦ ᠢᠷᠡᠭᠰᠡᠨ ᠡᠪᠡᠳᠴᠢᠳᠡᠨ 7000 ᠭᠠᠷᠤᠢ ᠳᠤ ᠬᠦᠷᠳᠡᠭ ᠪᠠᠶᠢᠨ᠎ᠠ᠃       ᠨᠠᠶᠠᠨᠳᠠᠢ ᠡᠪᠡᠳᠴᠢᠳᠡᠨ ᠢ ᠦᠪᠡᠷ ᠤᠨ ᠢᠶᠠᠨ ᠲᠤᠲᠤᠨᠤ ᠬᠦᠮᠦᠨ ᠢᠶᠠᠷ ᠦᠵᠡᠵᠦ᠂ ᠤᠷᠤᠨ ᠰᠠᠭᠤᠴᠠ ᠨᠢ ᠬᠡᠳᠦᠢ ᠬᠤᠯᠠ ᠪᠠᠶᠢᠭᠰᠠᠨ ᠴᠤ ᠡᠳᠦᠷ ᠰᠦᠨᠢ᠂ ᠰᠠᠯᠬᠢ ᠪᠤᠷᠤᠭᠠᠨ ᠢ ᠬᠠᠶᠢᠬᠤᠷᠠᠯ ᠦᠬᠡᠢ ᠪᠠᠷ ᠡᠪᠡᠳᠴᠢᠳᠡᠨ ᠬᠡᠷᠡᠭᠴᠡᠭᠡ ᠱᠠᠭᠠᠷᠳᠠᠯᠭ᠎ᠠ ᠲᠠᠢ ᠯᠠ ᠶᠤᠮ ᠪᠤᠯ ᠲᠡᠷᠡ ᠲᠠᠷᠦ᠋ᠢᠬᠠᠨ ᠬᠦᠷᠴᠦ ᠡᠮᠴᠢᠯᠡᠳᠡᠭ᠃             2018 ᠤᠨ ᠤ ᠴᠠᠭᠠᠨ ᠰᠠᠷ᠎ᠠ ᠶᠢᠨ ᠰᠢᠨ᠎ᠠ ᠶᠢᠨ ᠨᠢᠬᠡᠨ ᠤ ᠦᠷᠯᠦᠬᠡ ᠶᠢᠨ ᠲᠠᠪᠤᠨ ᠴᠠᠭ ᠭᠠᠷᠤᠢ ᠳᠤ᠂ ᠬᠠᠯᠠᠭᠤᠨ ᠨᠦᠢᠷ ᠲᠠᠭᠠᠨ ᠪᠠᠶᠢᠭᠰᠠᠨ ᠨᠠᠶᠠᠨᠳᠠᠢ ᠡᠬᠦᠳᠡ ᠲᠤᠭᠰᠢᠬᠤ ᠴᠢᠮᠡᠭᠡ ᠪᠠᠷ ᠰᠡᠷᠡᠵᠡᠢ᠂ ᠤᠤᠯ ᠨᠢ ᠲᠦᠷᠬᠡᠨ ᠡᠪᠡᠳᠴᠢᠨ ᠳᠤ ᠨᠡᠷᠪᠡᠭᠳᠡᠭᠰᠡᠨ ᠰᠠᠭᠠᠬᠠᠯᠳᠠ ᠨᠢ ᠡᠪᠡᠳᠬᠦ ᠪᠠᠨ ᠲᠡᠰᠪᠦᠷᠢᠯᠡᠨ ᠬᠡᠷ ᠲᠤᠨᠢ ᠡᠮᠨᠡᠬᠦᠯᠬᠦ ᠪᠠᠷ ᠢᠷᠡᠭᠰᠡᠨ ᠨᠢ ᠡᠨᠡ ᠠᠵᠢ᠃ ᠡᠪᠡᠳᠴᠢᠨ ᠤ ᠪᠠᠶᠢᠳᠠᠯ ᠢ ᠤᠢᠢᠯᠠᠭᠠᠭᠰᠠᠨ ᠤ ᠲᠠᠷᠠᠭ᠎ᠠ᠂ ᠨᠠᠶᠠᠨᠳᠠᠢ ᠤᠷᠢᠳ ᠢᠶᠠᠷ ᠶᠠᠭᠠᠷᠠᠤ ᠰᠠᠨᠳᠤᠷᠤᠤ ᠡᠪᠡᠳᠴᠢᠳᠡᠨ ᠢ ᠲᠦᠰᠢᠨ ᠡᠮᠴᠢᠯᠡᠬᠡᠨ ᠤ ᠲᠠᠰᠤᠭ ᠲᠤ ᠢᠷᠡᠵᠦ ᠦᠷ᠎ᠠ ᠪᠦᠲᠦᠮᠵᠢ ᠲᠠᠢ ᠡᠮᠨᠡᠨ ᠠᠪᠤᠷᠠᠬᠤ ᠠᠷᠭ᠎ᠠ ᠬᠡᠮᠵᠢᠶ᠎ᠡ ᠠᠪᠤᠬᠰᠠᠨ ᠠᠴᠠ ᠡᠪᠡᠳᠴᠢᠲᠡᠨ ᠤ ᠡᠪᠡᠳᠴᠢᠨ ᠤ ᠪᠠᠶᠢᠳᠠᠯ ᠨᠠᠮᠵᠢᠷᠠᠵᠤ᠂ ᠲᠤᠬᠠᠢ ᠶᠢᠨ ᠡᠳᠦᠷ ᠤᠨ ᠰᠦᠨᠢ ᠪᠤᠯᠳᠠᠯ ᠎ᠠ ᠡᠪᠡᠳᠴᠢᠲᠡᠨ ᠲᠡᠮᠡᠢ ᠠᠰᠠᠭᠤᠳᠠᠯ ᠦᠬᠡᠢ ᠶᠢ ᠪᠠᠳᠤᠯᠠᠭᠰᠠᠨ ᠤ ᠲᠠᠷᠠᠭ᠎ᠠ ᠰᠠᠶ᠋ᠢ ᠬᠡᠷ ᠲᠤᠨᠢ ᠬᠠᠷᠢᠭᠤᠯᠵᠠᠢ᠂ ᠬᠠᠷᠢᠨ ᠨᠢᠬᠡ ᠡᠳᠦᠷ ᠶᠠᠭᠠᠷᠠᠭᠰᠠᠨ ᠨᠠᠶᠠᠨᠳᠠᠢ ᠬᠡᠷ ᠲᠡᠭᠡᠨ ᠬᠠᠷᠢᠭᠠᠳ ᠬᠤᠭᠤᠯᠠ ᠪᠠᠨ ᠴᠤ ᠢᠳᠡᠭᠰᠡᠨ ᠦᠬᠡᠢ ᠪᠠᠷ ᠤᠷᠤᠨ ᠳᠠᠭᠠᠨ ᠤᠷᠤᠵᠤ ᠤᠨᠳᠠᠵᠠᠢ᠃ ᠲᠡᠬᠦᠨ ᠳᠤ ᠠᠪᠴᠤ ᠬᠡᠯᠡᠪᠡᠯ᠂ ᠡᠳᠦᠷ ᠪᠤᠯᠭᠠᠨ ᠠᠳᠠᠯᠢ ᠪᠤᠰᠤ ᠡᠪᠡᠳᠴᠢᠳᠡᠨ ᠢᠷᠡᠵᠦ ᠡᠪᠡᠳᠴᠢᠨ ᠢᠶᠠᠨ ᠦᠵᠡᠬᠦᠯᠳᠡᠭ ᠠᠴᠠ ᠲᠠᠷᠢᠬᠢ ᠲᠤᠯᠤᠭᠠᠢ ᠪᠠᠨ ᠰᠡᠷᠬᠡᠭ ᠪᠠᠶᠢᠯᠭᠠᠬᠤ ᠬᠡᠷᠡᠭᠳᠡᠢ᠃ ᠨᠠᠶᠠᠨᠳᠠᠢ᠄ ︽ᠬᠦᠮᠦᠨ ᠤ ᠠᠮᠢ ᠶᠠᠭᠤᠨ ᠠᠴᠠ ᠴᠤ ᠴᠢᠬᠤᠯᠠ᠂ ᠪᠤᠷᠤᠭᠤ ᠤᠨᠤᠰᠢᠯᠠᠵᠤ ᠪᠤᠷᠤᠭᠤ ᠡᠮᠴᠢᠯᠡᠪᠡᠯ ᠦᠷ᠎ᠡ ᠳ᠋ᠥᠩ ᠢ ᠨᠢ ᠲᠦᠰᠦᠬᠡᠯᠡᠬᠦᠶ᠎ᠠ ᠪᠡᠷᠬᠡ᠂ ᠵᠦᠪᠬᠡᠨ ᠲᠠᠷᠢᠬᠢ ᠲᠤᠯᠤᠭᠠᠢ ᠪᠠᠨ ᠰᠡᠷᠬᠡᠭ ᠪᠠᠶᠢᠯᠭᠠᠪᠠᠯ ᠰᠠᠶ᠋ᠢ ᠡᠪᠡᠳᠴᠢᠨ ᠢ ᠵᠦᠪ ᠤᠨᠤᠪᠴᠢᠲᠠᠢ ᠤᠨᠤᠰᠢᠯᠠᠵᠤ ᠲᠠᠶᠢᠯᠦᠨ᠎ᠠ︾ ᠬᠡᠵᠦ ᠶᠠᠷᠢᠨ᠎ᠠ᠃       ᠨᠠᠶᠠᠨᠳᠠᠢ ᠶᠢᠨ ᠬᠡᠳᠦᠨ ᠠᠷᠪᠠᠨ ᠵᠢᠯ ᠤᠨ ᠦᠨᠳᠦᠰᠦᠨ ᠱᠠᠳᠤ ᠪᠠᠷ ᠡᠮᠴᠢᠯᠡᠭᠰᠡᠨ ᠦᠡᠭᠭᠡᠷᠡᠯᠳᠡ ᠨᠢ ᠲᠡᠬᠦᠨ ᠳᠤ ᠡᠯᠪᠡᠭ ᠲᠡᠯᠪᠡᠭ ᠡᠮᠴᠢᠯᠡᠬᠡᠨ ᠤ ᠲᠤᠷᠰᠢᠯᠭ᠎ᠠ ᠬᠤᠷᠠᠮᠳᠤᠭᠤᠯᠵᠤ ᠦᠭᠭᠦᠭᠰᠡᠨ ᠢᠶᠠᠷ ᠪᠠᠷᠠᠬᠤ ᠦᠬᠡᠢ ᠪᠠᠰᠠ ᠮᠠᠯᠴᠢᠨ ᠲᠠᠷᠢᠶᠠᠴᠢᠨ ᠲᠠᠢ ᠬᠦᠨ ᠵᠤᠵᠠᠭᠠᠨ ᠬᠠᠶᠢᠷ᠎ᠠ ᠰᠡᠳᠬᠢᠯᠬᠡ ᠲᠠᠢ ᠪᠤᠯᠭᠠᠵᠠᠢ᠃ ᠨᠢᠬᠡ ᠪᠦᠯᠦᠭ ᠬᠦᠮᠦᠰ ᠡᠪᠡᠳᠴᠢᠨ ᠢᠶᠠᠨ ᠦᠵᠡᠬᠦᠯᠵᠦ ᠲᠡᠶᠢᠯᠬᠦ ᠦᠬᠡᠢ ᠪᠠᠶᠢᠳᠠᠭ ᠠᠴᠠ ᠨᠠᠶᠠᠨᠳᠠᠢ ᠦᠷᠬᠦᠯᠵᠢ ᠲᠡᠲᠡᠨ ᠳᠤ ᠦᠨ᠎ᠡ ᠲᠦᠯᠦᠪᠦᠷᠢ ᠦᠬᠡᠢ ᠪᠠᠷ ᠡᠮᠴᠢᠯᠡᠭᠡ ᠬᠢᠵᠤ᠂ ᠡᠮ ᠬᠦᠷᠬᠡᠵᠦ ᠦᠭᠳᠡᠭ ᠪᠠᠶᠢᠨ᠎ᠠ᠃ ᠬᠡᠷ ᠪᠦᠯᠢ ᠶᠢᠨ ᠮᠤᠩᠭᠤᠯ ᠡᠮᠨᠡᠯᠬᠡ ᠶᠢᠨ ᠤᠯᠠᠮᠵᠢᠯᠠᠭᠴᠢ ᠪᠤᠯᠤᠭᠰᠠᠨ ᠤ ᠬᠤᠪᠢ ᠳᠤ ᠲᠡᠷᠡ ᠡᠮᠴᠢ ᠬᠦᠮᠦᠨ ᠤ ᠠᠷᠢᠭᠤᠨ ᠰᠡᠳᠬᠢᠯ ᠢᠶᠠᠷ ᠵᠢᠯ ᠪᠤᠯᠭᠠᠨ ᠶᠠᠳᠠᠭᠤ ᠬᠦᠴᠢᠷᠳᠡᠯᠳᠡᠢ ᠡᠪᠡᠳᠴᠢᠳᠡᠨ ᠳᠤ ᠦᠨ᠎ᠡ ᠳᠦᠯᠦᠪᠦᠷᠢ ᠦᠬᠡᠢ ᠪᠠᠷ ᠡᠮᠴᠢᠯᠡᠭᠡ ᠬᠢᠵᠦ᠂ ᠡᠮᠨᠡᠯᠬᠡ ᠶᠢᠨ ᠵᠠᠷᠤᠳᠠᠯ ᠨᠢ ᠬᠡᠳᠦᠨ ᠲᠥᠮᠡᠨ ᠲᠦᠬᠦᠷᠢᠭ ᠲᠤ ᠬᠦᠷᠳᠡᠭ ᠪᠠᠶᠢᠨ᠎ᠠ᠃       ᠬᠤᠳᠠ ᠶᠢᠨ ᠠᠷᠠᠳ ᠤᠨ ᠲᠦᠯᠦᠬᠡᠯᠡᠭᠴᠢᠳ ᠤᠨ ᠶᠡᠭᠡ ᠬᠤᠷᠠᠯ ᠤᠨ ᠲᠦᠯᠦᠬᠡᠯᠡᠭᠴᠢ ᠪᠤᠯᠤᠭᠰᠠᠨ ᠤ ᠬᠤᠪᠢ ᠳᠤ᠂ ᠲᠡᠷᠡ ᠡᠮᠴᠢᠯᠡᠭᠡ ᠬᠢᠬᠦ ᠳᠡᠭᠡᠨ ᠡᠬᠦᠷᠬᠡ ᠪᠠᠨ ᠮᠠᠷᠳᠠᠭᠰᠠᠨ ᠦᠬᠡᠢ᠂ ᠤᠯᠠᠨ ᠲᠦᠮᠡᠨ ᠤ ᠰᠡᠳᠬᠢᠯ ᠤᠨ ᠦᠬᠡ ᠶᠢ ᠰᠤᠨᠤᠰᠴᠤ᠂ ᠤᠯᠠᠨ ᠲᠦᠮᠡᠨ ᠤ ᠬᠠᠯᠠᠮᠵᠢᠯᠠᠵᠤ ᠪᠠᠶᠢᠭ᠎ᠠ ᠬᠠᠯᠠᠮᠰᠢᠯ ᠴᠡᠭ᠂ ᠬᠦᠴᠢᠷᠳᠡᠯ ᠲᠠᠢ ᠠᠰᠠᠭᠤᠳᠠᠯ ᠳᠤ ᠤᠯᠠᠨ ᠤᠳᠠᠭ᠎ᠠ ᠰᠠᠨᠠᠯ ᠲᠤᠷᠠᠳᠤᠯᠭ᠎ᠠ ᠪᠠᠨ ᠲᠡᠪᠰᠢᠬᠦᠯᠵᠦ᠂ ᠲᠡᠬᠦᠨ ᠤ ᠲᠤᠲᠤᠷ᠎ᠠ ᠮᠤᠩᠭᠤᠯ ᠡᠮ ᠡᠮᠨᠡᠯᠬᠡ ᠶᠢ ᠬᠦᠭᠵᠢᠬᠦᠯᠬᠦ ᠪᠠ ᠤᠯᠠᠮᠵᠢᠯᠠᠬᠤ ᠶᠢ ᠴᠢᠩᠭᠠᠳᠬᠠᠬᠤ ᠰᠠᠨᠠᠯ᠂ ᠦᠨᠳᠦᠰᠦᠨ ᠱᠠᠳᠤᠨ ᠤ ᠡᠮᠴᠢᠯᠡᠬᠡᠨ ᠤ ᠲᠠᠰᠤᠭ ᠤᠨ ᠪᠦᠲᠦᠬᠡᠨ ᠪᠠᠶᠢᠭᠤᠯᠤᠯᠲᠠ ᠪᠠ ᠦᠨᠳᠦᠰᠦᠨ ᠡᠮ ᠤᠨ ᠬᠠᠨᠭ᠍ᠭᠠᠯᠭ᠎ᠠ ᠶᠢ ᠨᠡᠮᠡᠭᠳᠡᠭᠦᠯᠬᠦ ᠰᠠᠨᠠᠯ ᠨᠢ ᠪᠦᠷ ᠬᠤᠰᠢᠭᠤᠨ ᠤ ᠵᠠᠰᠠᠭ ᠤᠨ ᠤᠷᠳᠤᠨ ᠤ ︽ᠨᠢᠬᠡ ᠶᠠᠪᠤᠳᠠᠯ ᠢ ᠨᠢᠬᠡ ᠵᠦᠪᠳᠡᠬᠦ︾ ᠲᠦᠷᠦᠯ ᠵᠦᠢᠯ ᠲᠤᠮᠳᠠ ᠨᠠᠶᠢᠳᠠᠪᠤᠷᠢᠵᠢᠭᠤᠯᠤᠬᠳᠠᠬᠰᠠᠨ ᠪᠠᠶᠢᠨ᠎ᠠ᠃       ᠨᠠᠶᠠᠨᠳᠠᠢ ᠬᠡᠯᠡᠬᠦ ᠳᠡᠭᠡᠨ᠂ ᠦᠨᠳᠦᠰᠦᠨ ᠱᠠᠳᠤᠨ ᠤ ᠨᠢᠬᠡᠳᠦᠬᠡᠷ ᠹᠷᠤᠨᠲ ᠲᠤ ᠠᠵᠢᠯᠯᠠᠵᠤ ᠪᠠᠶᠢᠭ᠎ᠠ ᠡᠮᠴᠢ ᠪᠤᠯᠤᠭᠰᠠᠨ ᠤ ᠬᠤᠪᠢ ᠳᠤ ᠪᠢ ᠦᠡᠭᠭᠡᠷᠡᠭᠰᠡᠨ ᠲᠠᠢ ᠪᠠᠨ ᠠᠳᠠᠯᠢᠬᠠᠨ ᠡᠪᠡᠳᠴᠢᠲᠡᠨ ᠤ ᠡᠪᠡᠳᠴᠢᠨ ᠢ ᠠᠨᠠᠭᠠᠬᠤ ᠪᠠᠷ ᠤᠯᠠᠮ ᠨᠢᠮᠪᠠᠶᠢᠯᠠᠨ ᠴᠢᠷᠮᠠᠶᠢᠨ᠎ᠠ︔ ᠠᠷᠠᠳ ᠤᠨ ᠲᠦᠯᠦᠬᠡᠯᠡᠭᠴᠢᠳ ᠤᠨ ᠶᠡᠭᠡ ᠬᠤᠷᠠᠯ ᠤᠨ ᠲᠦᠯᠦᠬᠡᠯᠡᠭᠴᠢ ᠪᠤᠯᠤᠭᠰᠠᠨ ᠤ ᠬᠤᠪᠢ ᠳᠤ ᠦᠷᠬᠦᠯᠵᠢᠯᠡᠨ ︽ᠪᠢ ᠲᠦᠯᠦᠬᠡᠯᠡᠭᠴᠢ ᠪᠤᠯᠵᠤ ᠠᠷᠠᠳ ᠤᠨ ᠲᠦᠯᠦᠬᠡ ᠦᠢᠯᠡᠴᠢᠯᠡᠨ᠎ᠡ︾ ᠬᠡᠬᠦ ᠠᠮᠠᠯᠠᠯᠲᠠ ᠪᠠᠨ ᠪᠡᠶᠡᠯᠡᠬᠦᠯᠦᠨ᠎ᠠ ᠬᠡᠵᠦ ᠶᠠᠷᠢᠨ᠎ᠠ᠃ ᠡᠨᠡ ᠵᠢᠯ ᠤᠨ ᠬᠤᠶᠠᠷ ᠬᠤᠷᠠᠯ ᠲᠡᠭᠡᠷ᠎ᠡ᠂ ᠨᠠᠶᠠᠨᠳᠠᠢ ᠦᠨᠳᠦᠰᠦᠨ ᠱᠠᠳᠤᠨ ᠤ ᠡᠮᠨᠡᠯᠬᠡ ᠶᠢᠨ ᠰᠠᠭᠤᠷᠢ ᠲᠦᠬᠦᠬᠡᠷᠦᠮᠵᠢ ᠪᠦᠷᠢᠨ ᠪᠤᠰᠤ ᠵᠡᠷᠬᠡ ᠠᠰᠠᠭᠤᠳᠠᠯ ᠢ ᠤᠯᠠᠮ ᠨᠢᠬᠡ ᠠᠯᠬᠤᠮ ᠰᠢᠢᠳᠪᠦᠷᠢᠯᠡᠬᠦ᠂ ᠮᠠᠯᠴᠢᠨ ᠲᠠᠷᠢᠶᠠᠴᠢᠨ ᠤ ᠡᠮᠨᠡᠯᠬᠡ ᠶᠢᠨ ᠵᠠᠷᠤᠳᠠᠯ ᠢ ᠪᠠᠭᠤᠷᠠᠭᠤᠯᠬᠤ᠂ ᠮᠠᠯᠴᠢᠨ ᠲᠠᠷᠢᠶᠠᠴᠢᠨ ᠳᠤ ᠦᠨᠳᠦᠰᠦᠨ ᠡᠮᠨᠡᠯᠬᠡ ᠪᠠ ᠤᠯᠠᠨ ᠨᠠᠶᠢᠳᠠ ᠶᠢᠨ ᠡᠷᠡᠬᠦᠯ ᠬᠠᠮᠠᠭᠠᠯᠠᠯ ᠤᠨ ᠦᠢᠯᠡᠴᠢᠯᠡᠭᠡ ᠶᠢ ᠲᠡᠭᠰᠢᠬᠡᠨ ᠡᠳ᠋ᠯᠡᠬᠦᠯᠬᠦ ᠵᠡᠷᠬᠡ ᠰᠠᠨᠠᠯ ᠲᠤᠷᠠᠳᠤᠯᠭ᠎ᠠ ᠪᠠᠨ ᠲᠡᠪᠰᠢᠬᠦᠯᠵᠡᠢ᠃
ᠢᠷᠡᠯᠲᠡ᠄ ᠣᠷᠳᠣᠰ ᠬᠤᠳᠠ ᠶᠢᠨ ᠠᠷᠠᠳ ‍ᠤᠨ‌ᠵᠠᠰᠠᠭ ᠤᠨ ᠣᠷᠳᠣᠨ ᠤ ᠮᠤᠩᠭᠤᠯ ᠰᠦᠯᠵᠢᠶ᠎ᠡ